《 ᠮᠥᠩᠭᠥᠨ ᠦ ᠬᠣᠷᠣᠬᠠᠢ 》 – ᠳ ᠂ ᠳ᠋ᠠᠷᠵᠠ ᠌ " Мөнгөний хорхой " – Д ᠂ Дарза ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《 ᠮᠥᠩᠭᠥᠨ ᠦ ᠬᠣᠷᠣᠬᠠᠢ 》 – ᠳ ᠂ ᠳ᠋ᠠᠷᠵᠠ ᠌ " Мөнгөний хорхой " – Д ᠂ Дарза

《 ᠮᠥᠩᠭᠥᠨ ᠦ ᠬᠣᠷᠣᠬᠠᠢ 》 – ᠳ ᠂ ᠳ᠋ᠠᠷᠵᠠ ᠌ " Мөнгөний хорхой " – Д ᠂ Дарза

ᠠᠩᠭᠢᠯᠠᠯ:ᠬᠣᠱᠣᠩ ᠱᠣᠭ
2023-09-12

304

《 ᠮᠥᠩᠭᠥᠨ ᠦ ᠬᠣᠷᠣᠬᠠᠢ 》


                                              ( ᠱᠣᠭ ᠰᠢᠯᠦᠭ ) 

  ᠵᠣᠣᠮ᠎ᠠ( ᠵᠠᠩᠯᠠᠩ ᠬᠣᠷᠣᠬᠠᠢ) ᠶ᠋ᠢ ᠮᠥᠩᠭᠥᠨ ᠦ᠌ ᠬᠣᠷᠣᠬᠠᠢ ᠭᠡᠵᠦ 
  ᠵᠤᠷᠢᠭᠤᠳᠤ ᠨᠢᠭᠡ ᠬᠥᠮᠦᠨ ᠥᠰᠬᠡᠵᠦ ᠭᠡᠨ᠎ᠡ ᠁ 
  ᠬᠠᠷᠠᠩᠭᠤᠢ ᠪᠣᠯᠣᠮᠠᠭᠴᠠ ᠰᠡᠷᠵᠢᠭᠢᠨᠡᠨ ᠭᠦᠶᠦᠯᠳᠦᠵᠦ 
  ᠬᠠᠮᠤᠭ ᠶᠠᠭᠤᠮ᠎ᠠ ᠶ᠋ᠢ ᠨᠢ ᠨᠡᠩᠵᠢᠨ ᠲᠡᠮᠲᠡᠴᠢᠨ᠎ᠡ᠃  
  ᠬᠠᠷᠢᠨ ᠭᠡᠷᠡᠯ ᠡᠴᠡ ᠰᠠᠨᠳᠤᠷᠤᠨ ᠵᠢᠭᠤᠲᠠᠵᠤ  
  ᠬᠠᠷ᠎ᠠ ᠰᠡᠭᠦᠳᠡᠷ ᠲᠦ᠍ ᠰᠢᠮᠡᠳᠡᠨ ᠬᠣᠷᠭᠣᠳᠠᠨ᠎ᠠ᠃ 
  《 ᠣᠳᠣ ᠴᠤ᠌ ᠨᠢᠭᠡ ᠮᠥᠩᠭᠥ ᠲᠡᠢ ᠪᠣᠯᠤᠨ᠎ᠠ》 ᠭᠡᠵᠦ  
  ᠣᠯᠠᠨ ᠤᠳᠠᠭ᠎ᠠ ᠠᠵᠢᠭᠯᠠᠭᠠᠳ ᠦᠵᠡᠵᠡᠢ᠃  
  ᠠᠪᠳᠠᠭ ᠴᠠᠯᠢᠩ ᠨᠢ ᠬᠡᠪ ᠢ᠋ᠶ᠋ᠡᠷ ᠯᠡ ᠪᠠᠢᠵᠤ 
  ᠠᠯᠲᠠ ᠮᠥᠩᠭᠥ ᠢᠷᠡᠬᠦ ᠦᠭᠡᠢ ᠯᠡ ᠪᠠᠢᠵᠤ 
  ᠰᠠᠨᠠᠭᠠᠨ ᠳ᠋ᠤ᠌ ᠦᠭᠡᠢ ᠬᠠᠷᠢᠨ ᠰᠢᠷᠠᠯᠠᠬᠤ ᠡᠪᠡᠳᠴᠢᠨ ᠢ᠋ᠶ᠋ᠡᠷ 
  ᠰᠠᠢᠷᠠᠭᠤ ᠡᠵᠡᠨ ᠨᠢ ᠬᠦᠨᠳᠦᠷᠡᠨ ᠬᠡᠪᠲᠡᠵᠦ 
  ᠨᠢᠳᠦ ᠠᠮᠠ ᠨᠢ ᠰᠢᠷᠠᠯᠠᠨ ᠨᠣᠭᠣᠭᠠᠷᠠᠵᠤ 
  ᠨᠡᠭᠡᠷᠡᠨ ᠥᠪᠡᠷ  ᠢᠶᠡᠨ《 ᠠᠯᠲᠠ》 ᠪᠣᠯᠬᠤ ᠰᠢᠬᠠᠵᠠᠢ᠃  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠴᠣᠯᠮᠣᠨᠲᠤᠶᠠᠭ᠎ᠠ 

             2023᠂9᠂7  ᠤ᠋ ᠡᠳᠦᠷ