ᠮᠠᠨᠠᠭᠠᠴᠢ ᠵᠢᠵᠢᠭᠦᠷ ᠬᠣᠶᠠᠷ – ᠵ ᠂ ᠳᠠᠨᠽᠠᠨ Манаач жижүүр хоёр – З ᠂ Данзан
ᠮᠠᠨᠠᠭᠠᠴᠢ ᠵᠢᠵᠢᠭᠦᠷ ᠬᠣᠶᠠᠷ
( ᠬᠣᠱᠣᠩ ᠥᠭᠦᠯᠡᠯᠭᠡ)
ᠨᠢᠭᠡᠨ ᠭᠠᠵᠠᠷ ᠤ᠋ᠨ ᠮᠠᠨᠠᠭᠠᠴᠢ᠂ ᠵᠢᠵᠢᠭᠦᠷ ᠬᠣᠶᠠᠷ ᠰᠥᠨᠢ ᠰᠠᠭᠤᠵᠤ ᠪᠠᠢᠵᠤ ᠭᠡᠨ᠎ᠡ᠃ ᠲᠡᠭᠡᠭᠡᠳ ᠺᠣᠨᠲ᠋ᠣᠷ( ᠠᠯᠪᠠᠨ ᠭᠡᠷ) ᠦ᠋ᠨ ᠭᠠᠳᠠᠨ᠎ᠠ ᠬᠠᠭᠠᠯᠭᠠᠨ ᠳ᠋ᠤ᠌ ᠮᠠᠨᠠᠭᠠᠴᠢ ᠨᠢ ᠵᠢᠵᠢᠭᠦᠷ ᠲᠡᠭᠡᠨ ᠨᠠᠢᠳᠠᠭᠠᠳ ᠫᠤᠤ ᠪᠠᠨ ᠲᠡᠪᠡᠷᠢᠭᠡᠳ ᠤᠨᠲᠠᠵᠤ ᠭᠡᠨ᠎ᠡ᠃ ᠲᠡᠭᠡᠭᠰᠡᠨ ᠴᠢᠨᠢ ᠭᠠᠳᠠᠭ᠎ᠠ ᠮᠠᠨᠠᠭ᠎ᠠ ᠪᠣᠢ ᠭᠡᠵᠦ ᠨᠠᠢᠳᠠᠭᠠᠳ ᠵᠢᠵᠢᠭᠦᠷ ᠨᠢ ᠨᠠᠭᠤᠷ ᠰᠢᠭ᠋ ᠴᠡᠯᠡᠢᠭᠰᠡᠨ ᠰᠢᠷᠡᠭᠡᠨ ᠳᠡᠭᠡᠷ᠎ᠡ ᠭᠠᠷᠤᠭᠠᠳ ᠨᠤᠭᠤᠰᠤ ᠰᠢᠭ᠋ ᠨᠤᠭᠵᠶ᠋ᠢᠭᠠᠳ ᠤᠨᠲᠠᠭᠠᠳ ᠥᠭᠴᠦ ᠭᠡᠨ᠎ᠡ᠃
ᠵᠢᠵᠢᠭᠦᠷ ᠨᠢ ᠵᠡᠭᠦᠳᠦᠯᠡᠭᠡᠳ ᠥᠨᠳᠡᠢᠰᠬᠢᠨ ᠪᠣᠰᠬᠤ ᠳ᠋ᠠᠭᠠᠨ ᠥᠨᠳᠥᠷ ᠰᠢᠷᠡᠭᠡᠨ ᠳᠡᠭᠡᠷ᠎ᠡ ᠡᠴᠡ ᠣᠢᠴᠢᠵᠤ ᠱᠠᠯᠠ ᠮᠥᠷᠭᠥᠬᠦ ᠳ᠋ᠡᠭᠡᠨ《 ᠬᠥᠮᠦᠨ ᠨᠠᠮ᠎ᠠ ᠶ᠋ᠢ ᠤᠨᠠᠭᠠᠯ᠎ᠠ》 ᠭᠡᠵᠦ ᠪᠣᠳᠣᠭᠠᠳ᠄
— ᠠᠯᠠᠯ᠎ᠠ! ᠭᠡᠵᠦ ᠪᠠᠷᠬᠢᠷᠠᠪᠠ᠃ ᠭᠠᠳᠠᠨ᠎ᠠ ᠮᠠᠨᠠᠭᠠᠨ ᠤ᠋ ᠬᠥᠮᠦᠨ ᠰᠣᠴᠢᠨ ᠰᠡᠷᠡᠵᠦ《 ᠵᠢᠵᠢᠭᠦᠷ ᠢ᠋ ᠮᠢᠨᠢ ᠬᠥᠮᠦᠨ ᠠᠯᠠᠵᠤ ᠪᠠᠢᠨ᠎ᠠ》 ᠭᠡᠵᠦ ᠪᠣᠳᠣᠭᠠᠳ ᠫᠤᠤᠳᠠᠭᠠᠳ ᠠᠪᠴᠠᠢ᠃
ᠭᠡᠲᠡᠯ᠎ᠡ ᠠᠨᠢᠷ ᠴᠢᠮᠡᠭᠡ ᠦᠭᠡᠢ ᠲᠤᠯᠠ ᠭᠦᠶᠦᠨ ᠣᠷᠣᠬᠤ ᠭᠡᠲᠡᠯ᠎ᠡ ᠬᠠᠭᠠᠯᠭ᠎ᠠ ᠮᠥᠷᠭᠥᠬᠦ ᠳ᠋ᠡᠭᠡᠨ《 ᠨᠠᠮ᠎ᠠ ᠶ᠋ᠢ ᠬᠥᠮᠦᠨ ᠮᠣᠳᠣ ᠪᠠᠷ ᠴᠣᠬᠢᠪᠠ 》 ᠭᠡᠵᠦ ᠪᠣᠳᠣᠭᠠᠳ ᠳᠠᠬᠢᠨ ᠨᠢᠭᠡ ᠫᠤᠤᠳᠠᠪᠠ᠃ ᠡᠨᠡ ᠵᠢᠵᠢᠭᠦᠷ᠂ ᠮᠠᠨᠠᠭᠠᠴᠢ ᠬᠣᠶᠠᠷ ᠬᠣᠲᠠ ᠶ᠋ᠢᠨ ᠠᠮᠤᠭᠤᠯᠠᠩ ᠲᠠᠢᠪᠤᠩ ᠢ᠋ ᠰᠠᠬᠢᠬᠤ ᠶ᠋ᠢᠨ ᠣᠷᠣᠨ ᠳ᠋ᠤ᠌ ᠬᠠᠷᠢᠨ ᠢᠩᠭᠢᠵᠦ ᠦᠢᠮᠡᠭᠦᠯᠵᠦ ᠮᠠᠨᠠᠷᠠᠭᠠᠵᠤ ᠬᠣᠨᠣᠳᠠᠭ ᠪᠠᠢᠨ᠎ᠠ᠃
ᠰᠥᠨᠢ ᠤᠨᠲᠠᠳᠠᠭ ᠵᠢᠵᠢᠭᠦᠷ᠂ ᠮᠠᠨᠠᠭᠠᠴᠢ ᠨᠠᠷ ᠶᠡᠬᠡ ᠯᠡ ᠦᠵᠡᠭᠳᠡᠬᠦ ᠶᠦ᠍ᠮ᠃ ᠲᠡᠳᠡ ᠬᠥᠭᠡᠷᠦᠬᠦᠢ ᠨᠢᠭᠡ ᠮᠡᠳᠡᠬᠦ ᠳ᠋ᠦ᠍ ᠡᠭᠦᠨ ᠡᠴᠡ ᠳᠣᠣᠷ᠎ᠠ ᠪᠠᠢᠳᠠᠯ ᠳ᠋ᠤ᠌ ᠤᠴᠠᠷᠠᠬᠤ ᠪᠣᠢ ᠭᠡᠬᠦ ᠡᠴᠡ ᠮᠢᠨᠦ ᠰᠡᠳᠬᠢᠯ ᠲᠠᠩᠳᠠ ᠡᠪᠡᠳᠴᠦ ᠪᠠᠢᠬᠤ ᠶᠤᠮ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂9᠂1 ᠤ᠋ ᠡᠳᠦᠷ
