ᠨᠠᠮᠤᠷ-ᠨᠣᠰᠣᠷᠠᠨНамар-носрон
ᠨᠠᠮᠤᠷ
ᠣᠰᠣᠷᠠᠨ ᠤ᠋ ᠰᠢᠯᠦᠭ
ᠨᠠᠷᠠᠨ ᠰᠠᠴᠤᠷᠠᠭ ᠲᠥᠭᠡᠨᠡᠩᠭᠡᠨ
ᠨᠠᠪᠴᠢ ᠨᠣᠭᠣᠭᠠ ᠨᠢ ᠰᠢᠷᠠᠯᠠᠩᠬᠠᠨ
ᠤᠰᠤᠨ ᠤ᠋ ᠰᠢᠪᠠᠭᠤᠳ ᠭᠠᠩᠭᠠᠨᠠᠯᠳᠤᠭᠰᠠᠨ
ᠤᠷᠠᠳ ᠨᠤᠲᠤᠭ ᠲᠤ᠌ ᠮᠢᠨᠢ ᠨᠠᠮᠤᠷ ᠪᠣᠯᠤᠯᠠ
ᠰᠠᠷᠠᠭᠤᠯ ᠲᠠᠯᠠ ᠮᠢᠨᠢ ᠰᠢᠵᠢᠷᠯᠡᠩᠬᠡᠨ
ᠰᠢᠷᠭᠠᠯ ᠲᠠᠷᠢᠶᠠ ᠨᠢ ᠬᠠᠯᠢᠭᠤᠷᠠᠩᠬᠠᠨ
ᠰᠠᠭᠠᠯᠢ ᠰᠦ ᠨᠢ ᠥᠳᠬᠡᠷᠡᠩᠬᠡᠨ
ᠰᠠᠨᠴᠢᠭ ᠤ᠋ᠨ ᠦᠰᠦ ᠨᠢ ᠪᠤᠭᠤᠷᠤᠯᠲᠤᠩᠬᠠᠨ
ᠴᠡᠩᠬᠡᠷ ᠭᠣᠪᠢ ᠮᠢᠨᠢ ᠵᠡᠷᠭᠡᠯᠭᠡᠨᠲᠦᠩᠬᠡᠨ
ᠴᠠᠬᠢᠯᠳᠠᠭ ᠤ᠋ᠨ ᠲᠦᠷᠦᠭᠦᠦ ᠰᠢᠷᠭᠠᠯᠲᠤᠩᠬᠠᠨ
ᠪᠤᠳᠤᠷᠭᠠᠨᠠᠲᠤ ᠬᠥᠨᠳᠡᠢ ᠮᠢᠨᠢ ᠡᠷᠢᠶᠡᠨᠳᠡᠩᠭᠡᠨ
ᠪᠤᠭᠤᠷᠤᠯ ᠳᠡᠭᠡᠳᠦᠰ ᠮᠢᠨᠢ ᠡᠷᠢᠭᠳᠡᠩᠭᠡᠨ
ᠲᠡᠮᠡᠭᠡᠨ ᠰᠦᠷᠦᠭ ᠮᠢᠨᠢ ᠬᠦᠷᠢᠶᠡᠯᠡᠩᠬᠡᠨ
ᠲᠡᠭᠡ ᠬᠠᠨᠳᠠᠭᠠᠢ ᠨᠢ ᠣᠷᠣᠮᠳᠠᠩᠬᠠᠨ
ᠲᠡᠷᠭᠡᠯ ᠬᠥᠳᠡᠭᠡ ᠮᠢᠨᠢ ᠪᠤᠳᠠᠩᠲᠤᠩᠬᠠᠨ
ᠲᠡᠨᠢᠭᠡᠷ ᠨᠤᠲᠤᠭ ᠲᠤ᠌ ᠮᠢᠨᠢ ᠨᠠᠮᠤᠷ ᠰᠠᠭᠠᠲᠠᠯᠠ
ᠬᠠᠨᠠᠲᠤ ᠶ᠋ᠢᠨ ᠰᠢᠯᠢ ᠵᠡᠷᠭᠡᠯᠭᠡᠨᠲᠦᠩᠬᠡᠨ
ᠬᠠᠩᠭᠠᠢ ᠶ᠋ᠢᠨ ᠰᠢᠯᠢ ᠰᠡᠪᠰᠡᠯᠵᠡᠩᠬᠡᠨ
ᠬᠠᠨᠠᠲᠠᠢ ᠭᠡᠷ ᠮᠢᠨᠢ ᠴᠠᠢᠯᠵᠠᠩᠬᠠᠨ
ᠬᠠᠷᠭᠢᠶᠠᠨᠲᠤ ᠭᠣᠣᠯ ᠮᠢᠨᠢ ᠮᠡᠯᠮᠡᠯᠵᠡᠩᠬᠡᠨ
ᠲᠦᠬᠦᠮᠲᠦ ᠭᠣᠣᠯ ᠮᠢᠨᠢ ᠠᠯᠠᠭᠯᠠᠩᠬᠠᠨ
ᠲᠣᠷᠭᠠᠨ ᠬᠠᠳᠤᠯᠠᠩ ᠮᠢᠨᠢ ᠬᠠᠯᠢᠭᠤᠷᠠᠩᠬᠠᠨ
ᠲᠣᠭᠠ ᠪᠦᠷᠢᠨ ᠡᠷᠳᠡᠨᠢᠰ ᠢᠷᠠᠯᠵᠠᠩᠬᠠᠨ
ᠲᠣᠰᠣᠨ ᠲᠠᠷᠭᠤ ᠪᠠᠷ ᠪᠥᠮᠪᠥᠯᠵᠡᠩᠬᠡᠨ
ᠥᠷᠯᠥᠭᠡ ᠦᠳᠡᠰᠢ ᠵᠢᠬᠡᠭᠦᠳᠡᠩᠬᠡᠨ
ᠥᠷᠥᠮᠡ ᠲᠣᠰᠣ ᠵᠤᠵᠠᠭᠠᠷᠠᠩᠬᠠᠨ
ᠡᠪᠡᠰᠦ ᠨᠣᠭᠣᠭᠠ ᠨᠢ ᠰᠦᠯᠳᠡᠷᠡᠩᠬᠡᠨ
ᠥᠶᠥᠭ ᠲᠠᠷᠭᠤᠨ ᠨᠠᠮᠤᠷ ᠰᠠᠭᠠᠲᠠᠯᠠ
ᠠᠯᠤᠰ ᠨᠤᠲᠤᠭ ᠮᠢᠨᠢ ᠪᠤᠳᠠᠩᠲᠤᠩᠬᠠᠨ
ᠠᠶᠤᠤᠯᠢᠬᠠᠢ ᠴᠡᠭᠡᠵᠢᠨᠠ ᠤᠢᠳᠬᠠᠷᠯᠠᠩᠬᠠᠨ
ᠠᠪᠤ ᠳᠡᠭᠡᠳᠦᠰ ᠮᠢᠨᠢ ᠰᠠᠨᠠᠭᠳᠠᠩᠬᠠᠨ
ᠠᠵᠢᠨᠠᠢ ᠬᠦᠯᠦᠭ ᠮᠢᠨᠢ ᠦᠦᠷᠰᠡᠯᠳᠦᠩᠭᠡᠨ
ᠠᠷᠭᠠᠯ ᠤ᠋ᠨ ᠤᠲᠤᠭᠠ ᠰᠤᠭᠤᠨᠠᠭᠯᠠᠩᠬᠠᠨ
ᠠᠢᠷᠠᠭ ᠴᠡᠭᠡ ᠬᠥᠭᠡᠰᠦᠷᠡᠩᠬᠡᠨ
ᠠᠯᠤᠰ ᠤ᠋ᠨ ᠵᠠᠮ ᠢ᠋ ᠵᠣᠷᠢᠩᠬᠠᠨ
ᠠᠶᠠᠨ ᠤ᠋ ᠰᠢᠪᠠᠭᠤᠳ ᠬᠣᠰᠢᠭᠤᠷᠠᠩᠬᠠᠨ
ᠬᠥᠨᠥᠭ ᠲᠡᠢ ᠰᠦ ᠪᠢᠯᠠᠬᠠᠷᠠᠩᠬᠠᠨ
ᠬᠥᠮᠦᠨ ᠦ᠌ ᠰᠡᠳᠬᠢᠯ ᠥᠶᠥᠭᠰᠢᠷᠡᠩᠬᠡᠨ
ᠬᠦᠰᠡᠯ ᠲᠡᠮᠡᠦᠯᠦᠯ ᠨᠢ ᠣᠷᠭᠢᠯᠤᠩᠬᠠᠨ
ᠬᠥᠳᠡᠭᠡ ᠨᠤᠲᠤᠭ ᠲᠤ᠌ ᠮᠢᠨᠢ ᠨᠠᠮᠤᠷ ᠰᠠᠭᠠᠲᠠᠯᠠ
ᠡᠷᠡ ᠮᠣᠷᠢ ᠤᠶᠠᠭᠠ ᠣᠷᠣᠵᠤ
ᠡᠷᠡ ᠬᠥᠮᠦᠨ ᠰᠠᠨᠠᠭᠠ ᠣᠷᠣᠵᠤ
ᠡᠷᠡ ᠶ᠋ᠢᠨ ᠭᠤᠷᠪᠠᠨ ᠨᠠᠭᠠᠳᠤᠮ ᠢ᠋ᠶ᠋ᠠᠷ ᠪᠠᠬᠠᠷᠬᠠᠵᠤ
ᠡᠩᠬᠡ ᠠᠮᠤᠭᠤᠯᠠᠩ ᠨᠤᠲᠤᠭ ᠢᠶᠠᠷ ᠢᠶᠠᠨ ᠣᠮᠣᠭᠰᠢᠵᠤ
ᠡᠨᠡᠬᠡᠨ ᠬᠣᠷᠸᠠ ᠶ᠋ᠢᠨ ᠥᠷᠭᠡᠨ ᠵᠠᠢ ᠳ᠋ᠤ᠌
ᠡᠵᠡᠨ ᠪᠣᠭᠳᠠ ᠶ᠋ᠢᠨ ᠢᠶᠠᠨ ᠰᠤᠷᠭᠠᠯ ᠢ᠋ ᠵᠢᠷᠤᠮᠠᠯᠵᠤ
ᠡᠷᠡᠯᠬᠡᠭ ᠴᠣᠪᠣᠭᠣ ᠮᠣᠩᠭᠣᠯᠴᠤᠳ ᠮᠢᠨᠢ
ᠡᠬᠡ ᠨᠤᠲᠤᠭ ᠲᠠᠭᠠᠨ ᠡᠵᠡᠨ ᠰᠠᠭᠤᠵᠤ
ᠪᠤᠭᠤᠷᠤᠯ ᠬᠣᠷᠸᠠ ᠶ᠋ᠢᠨ ᠠᠭᠤᠳᠠᠮ ᠵᠠᠢ ᠳ᠋ᠤ᠌
ᠪᠣᠰᠤᠭᠠ ᠮᠣᠩᠭᠣᠯ ᠬᠡᠯᠡ ᠪᠡᠷ ᠢᠶᠠᠨ ᠣᠷᠣᠰᠢᠵᠤ
ᠡᠦᠬᠡ ᠲᠡᠦᠬᠡ᠂ ᠥᠪ ᠰᠣᠶᠣᠯ ᠢ᠋ᠶ᠋ᠠᠨ ᠳᠡᠭᠡᠳᠦᠯᠡᠵᠦ
ᠥᠨᠢᠷ ᠮᠣᠩᠭᠣᠯ ᠢᠶᠠᠨ ᠮᠠᠨᠳᠤᠭᠤᠯᠵᠤ ᠶᠠᠪᠤᠶᠠ!
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠷᠭᠦᠯᠡᠩ᠂ ᠣᠳᠬᠠᠨᠰᠤᠠ᠂ ᠨᠠᠷᠠᠨ ᠲᠣᠭᠣᠨᠣ᠂ ᠭᠠᠷᠮ ᠠ᠂ ᠰᠡᠭᠡᠭᠡᠷᠡᠯ᠂ ᠰᠡᠴᠡᠨᠭᠡᠷᠡᠯ᠂ ᠢᠷᠡᠭᠡᠳᠦᠢ
