ᠵᠠᠬ᠎ᠠ ᠶ᠋ᠢᠨ ᠨᠠᠢᠷᠠᠭᠤᠯᠤᠭᠴᠢ – ᠵ ᠂ ᠳᠠᠨᠽᠠᠨ Захын найруулагч – З ᠂ Данзан ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠬ᠎ᠠ ᠶ᠋ᠢᠨ ᠨᠠᠢᠷᠠᠭᠤᠯᠤᠭᠴᠢ – ᠵ ᠂ ᠳᠠᠨᠽᠠᠨ Захын найруулагч – З ᠂ Данзан

ᠵᠠᠬ᠎ᠠ ᠶ᠋ᠢᠨ ᠨᠠᠢᠷᠠᠭᠤᠯᠤᠭᠴᠢ – ᠵ ᠂ ᠳᠠᠨᠽᠠᠨ Захын найруулагч – З ᠂ Данзан

ᠠᠩᠭᠢᠯᠠᠯ:ᠬᠣᠱᠣᠩ ᠱᠣᠭ
2023-09-10

222

ᠵᠠᠬ᠎ᠠ ᠶ᠋ᠢᠨ ᠨᠠᠢᠷᠠᠭᠤᠯᠤᠭᠴᠢ


                                      ( ᠬᠣᠱᠣᠩ ᠥᠭᠦᠯᠡᠯᠭᠡ)     

       ᠮᠠᠨ ᠤ᠋ ᠤᠯᠤᠰ ᠲᠤ᠌ ᠣᠯᠠᠨ ᠲᠥᠷᠥᠯ ᠦ᠋ᠨ ᠨᠠᠢᠷᠠᠭᠤᠯᠤᠭᠴᠢ ᠪᠣᠢ᠂ ᠵᠢᠱ᠌ᠢᠶᠡᠯᠡᠪᠡᠯ᠂ ᠤᠷᠠᠨ ᠰᠠᠢᠬᠠᠨ ᠤ᠋ ᠨᠠᠢᠷᠠᠭᠤᠯᠤᠭᠴᠢ᠂ ᠬᠢᠮᠢ ᠶ᠋ᠢᠨ ᠨᠠᠢᠷᠠᠭᠤᠯᠤᠭᠴᠢ᠂ ᠡᠮ ᠦ᠋ᠨ ᠨᠠᠢᠷᠠᠭᠤᠯᠤᠭᠴᠢ ᠭᠡᠬᠦ ᠵᠡᠷᠭᠡ᠂ ᠲᠡᠭᠡᠲᠡᠯ᠎ᠡ ᠪᠠᠰᠠ ᠵᠠᠬ᠎ᠠ ᠶ᠋ᠢᠨ ᠨᠠᠢᠷᠠᠭᠤᠯᠤᠭᠴᠢ ᠨᠠᠷ ᠭᠡᠵᠦ ᠪᠠᠢᠳᠠᠭ ᠪᠠᠢᠨ᠎ᠠ᠃ 
       ᠵᠠᠬ᠎ᠠ ᠵᠡᠭᠡᠯᠢ ᠳᠡᠭᠡᠷ᠎ᠡ ᠰᠦ ᠬᠤᠳᠠᠯᠳᠤᠵᠤ ᠪᠠᠢᠭ᠎ᠠ ᠠᠪᠠᠭᠠᠢ ᠨᠠᠷ ᠥᠳᠬᠡᠨ《 ᠰᠠᠢᠬᠠᠨ》 ᠰᠦ ᠨᠠᠢᠷᠠᠭᠤᠯᠳᠠᠭ ᠪᠣᠯᠵᠠᠢ᠃  
       ᠪᠢ ᠨᠢᠭᠡᠨ ᠠᠪᠠᠭᠠᠢ ᠠ᠋ᠴᠠ᠄ 
       — ᠡᠷᠬᠢᠮ ᠨᠠᠢᠷᠠᠭᠤᠯᠤᠭᠴᠢ ᠭᠤᠸᠠᠢ᠂ ᠲᠠ ᠶᠠᠭᠠᠬᠢᠵᠤ ᠨᠠᠢᠷᠠᠭᠤᠯᠤᠭᠠᠳ ᠡᠢᠮᠦ《 ᠰᠠᠢᠬᠠᠨ》 ᠰᠦ ᠭᠠᠷᠭᠠᠵᠤ ᠪᠠᠢᠨ᠎ᠠ? ᠭᠡᠵᠦ ᠠᠰᠠᠭᠤᠬᠤ ᠳ᠋ᠤ᠌ ᠲᠡᠷᠡ ᠠᠪᠠᠭᠠᠢ ᠣᠭᠲᠣ ᠬᠡᠨᠡᠭ ᠴᠦ᠍ ᠦᠭᠡᠢ ᠢᠩᠭᠢᠵᠦ ᠬᠠᠷᠢᠭᠤᠯᠤᠯ᠎ᠠ᠄ 
      — ᠦᠭᠡᠢ ᠶᠠᠭᠠᠬᠢᠬᠤ ᠶᠠᠭᠤ ᠪᠠᠢᠬᠤ ᠪᠣᠢ᠂ ᠳᠠᠯᠠᠨ ᠬᠤᠪᠢ ᠶ᠋ᠢᠨ ᠤᠰᠤ ᠶ᠋ᠢ ᠲᠤᠤᠯᠠ ᠶ᠋ᠢᠨ ᠭᠣᠣᠯ ᠠ᠋ᠴᠠ ᠠᠪᠤᠭᠠᠳ᠂ ᠠᠷᠪᠠᠨ ᠬᠤᠪᠢ ᠶ᠋ᠢᠨ ᠰᠦ ᠶ᠋ᠢ ᠳᠠᠯᠠᠩ ᠲᠠᠢ ᠦᠨᠢᠶᠡᠨ ᠡᠴᠡ ᠰᠠᠭᠠᠭᠠᠳ᠂ ᠠᠷᠪᠠᠨ ᠨᠠᠢ᠍ᠮᠠᠨ ᠬᠤᠪᠢ ᠶ᠋ᠢᠨ ᠭᠤᠯᠢᠷ ᠢ᠋ ᠳᠠᠮᠫᠤᠤ( ᠲᠣᠮᠣ ᠰᠢᠭᠤᠳᠠᠢ) ᠠ᠋ᠴᠠ ᠪᠠᠨ ᠠᠪᠤᠭᠠᠳ᠂ ᠳᠡᠭᠡᠷ᠎ᠡ ᠨᠢ ᠬᠣᠶᠠᠷᠬᠠᠨ ᠬᠤᠪᠢ ᠬᠤᠵᠢᠷ ᠬᠢᠴᠢᠬᠡᠬᠦ ᠪᠡᠷ ᠯᠠ ᠵᠠᠭᠤᠨ ᠬᠤᠪᠢ ᠶ᠋ᠢᠨ ᠨᠠᠢᠷᠠᠭᠤᠯᠭ᠎ᠠ ᠲᠠᠢ ᠵᠤᠲᠠᠩ ᠰᠢᠭ᠋ ᠥᠳᠬᠡᠨ ᠰᠦ ᠪᠣᠯᠴᠢᠬᠠᠬᠤ ᠨᠢ ᠲᠡᠷᠡ ᠭᠡᠳᠡᠭ ᠪᠠᠢᠨ᠎ᠠ ᠰᠢᠦ᠃  
       ᠡᠨᠡ ᠬᠤᠪᠢ ᠳ᠋ᠠᠭᠠᠨ ᠶᠠᠭᠠᠬᠢᠬᠤ ᠪᠣᠢ᠂ ᠢᠩᠭᠢᠭᠡᠳ ᠨᠠᠢᠷᠠᠭᠤᠯᠤᠭᠠᠳ ᠯᠠ《 ᠬᠥᠭᠵᠢᠭᠡᠳ》 ᠯᠡ ᠪᠠᠢᠳᠠᠭ ᠪᠠᠢᠵᠠᠢ᠃ ᠡᠨᠡ ᠨᠢ ᠣᠯᠠᠨ ᠲᠦᠮᠡᠨ ᠳ᠋ᠦ᠍ ᠮᠢᠨᠢ ᠯᠡ ᠡᠯᠳᠡᠪ ᠬᠣᠣᠷ ᠪᠤᠤ ᠨᠠᠢᠷᠠᠭᠤᠯᠤᠭᠠᠰᠠᠢ ᠠ᠋᠃ ᠪᠤᠷᠬᠠᠨ ᠮᠢᠨᠢ ᠳᠡ!  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠴᠣᠯᠮᠣᠨᠲᠤᠶᠠᠭ᠎ᠠ 

             2023᠂9᠂4  ᠤ᠋ ᠡᠳᠦᠷ