《 ᠰᠠᠷᠠᠨ ᠳᠡᠭᠡᠷ᠎ᠡ ᠣᠴᠢᠨ᠎ᠠ 》 – ᠵ ᠂ ᠳᠠᠨᠽᠠᠨ "Саран дээр очно" – З ᠂ Данзан ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《 ᠰᠠᠷᠠᠨ ᠳᠡᠭᠡᠷ᠎ᠡ ᠣᠴᠢᠨ᠎ᠠ 》 – ᠵ ᠂ ᠳᠠᠨᠽᠠᠨ "Саран дээр очно" – З ᠂ Данзан

《 ᠰᠠᠷᠠᠨ ᠳᠡᠭᠡᠷ᠎ᠡ ᠣᠴᠢᠨ᠎ᠠ 》 – ᠵ ᠂ ᠳᠠᠨᠽᠠᠨ "Саран дээр очно" – З ᠂ Данзан

ᠠᠩᠭᠢᠯᠠᠯ:ᠬᠣᠱᠣᠩ ᠱᠣᠭ
2023-09-09

276

《 ᠰᠠᠷᠠᠨ ᠳᠡᠭᠡᠷ᠎ᠡ ᠣᠴᠢᠨ᠎ᠠ 》


                                                            ( ᠬᠣᠱᠣᠩ ᠥᠭᠦᠯᠡᠯᠭᠡ )   

       ᠨᠢᠭᠡᠳᠦᠭᠡᠷ ᠬᠥᠮᠦᠨ ᠠᠩ ᠤ᠋ᠨ ᠫᠤᠤ᠂ ᠵᠢᠭᠠᠰᠤᠨ ᠤ᠋ ᠳᠡᠭᠡᠭᠡ ᠠᠪᠴᠤ᠂ ᠢᠳᠡᠵᠦ ᠤᠤᠭᠤᠬᠤ ᠶᠠᠭᠤᠮ᠎ᠠ ᠪᠠᠨ ᠡᠭᠦᠷᠦᠭᠡᠳ ᠶᠠᠪᠤᠵᠤ ᠪᠠᠢᠲᠠᠯ᠎ᠠ ᠬᠣᠶᠠᠳᠤᠭᠠᠷ ᠬᠥᠮᠦᠨ ᠲᠠᠭᠠᠷᠠᠯᠳᠤᠯ᠎ᠠ᠃ 
       ᠬᠣᠶᠠᠳᠤᠭᠠᠷ ᠬᠥᠮᠦᠨ᠄  
      — ᠴᠢ ᠬᠠᠮᠢᠭ᠎ᠠ ᠣᠴᠢᠬᠤ ᠨᠢ ᠪᠣᠢ? ᠠᠮᠠᠷᠠᠯᠲᠠ ᠪᠠᠨ ᠠᠪᠤᠭᠰᠠᠨ ᠬᠡᠷᠡᠭ ᠦᠦ? ᠭᠡᠬᠦ ᠳ᠋ᠦ᠍ᠨᠢ᠂ 
       ᠨᠢᠭᠡᠳᠦᠭᠡᠷ ᠬᠥᠮᠦᠨ᠄  
      — ᠰᠠᠷᠠᠨ ᠳᠡᠭᠡᠷ᠎ᠡ ᠡᠴᠡ ᠵᠠᠬᠢᠳᠠᠯ ᠢᠷᠡᠭᠰᠡᠨ ᠠ᠋᠂ ᠲᠡᠭᠡᠭᠡᠳ ᠰᠠᠷᠠᠨ ᠳᠡᠭᠡᠷ᠎ᠡ ᠣᠴᠢᠬᠤ ᠭᠡᠵᠦ ᠶᠠᠪᠤᠨ᠎ᠠ᠃  
      — ᠶᠠᠭᠤ? ᠰᠠᠷᠠᠨ ᠳᠡᠭᠡᠷ᠎ᠡ ᠭᠡᠪᠡ ᠦᠦ?  
      — ᠲᠡᠢᠮᠦ ᠠ᠋᠂ ᠰᠠᠷᠠᠨ ᠳᠡᠭᠡᠷ᠎ᠡ! 
      — ᠲᠡᠨᠳᠡ ᠴᠢᠨᠢ ᠠᠩ ᠠᠮᠢᠲᠠᠨ᠂ ᠵᠢᠭᠠᠰᠤ ᠪᠠᠢᠬᠤ ᠬᠡᠷᠡᠭ ᠦᠦ?  
      — ᠪᠠᠢᠬᠤ ᠪᠠᠷ ᠪᠠᠷᠠᠬᠤ ᠤᠤ᠂ ᠵᠢᠭᠠᠰᠤ ᠲᠠᠷᠪᠠᠭ᠎ᠠ ᠵᠥᠩᠳᠡᠭᠡᠨ ᠪᠣᠢ ᠬᠢᠬᠦ ᠳ᠋ᠦ᠍ᠨᠢ ᠪᠠᠬᠠᠨ ᠭᠠᠢᠬᠠᠭᠰᠠᠨ ᠢ᠋ᠶ᠋ᠠᠨ᠄ 
      — ᠰᠠᠷᠠᠨ ᠳ᠋ᠤ᠌ ᠶᠠᠭᠠᠬᠢᠵᠤ ᠣᠴᠢᠬᠤ ᠶᠤᠮ ᠪᠣᠢ?  
      — ᠮᠠᠰᠢᠨ ᠢ᠋ᠶ᠋ᠠᠷ ᠶᠠᠪᠤᠨ᠎ᠠ᠂ ᠰᠢᠤᠳᠠᠨ ᠤ᠋ ᠮᠠᠰᠢᠨ ᠢ᠋ᠶ᠋ᠠᠷ ᠶᠠᠪᠤᠨ᠎ᠠ ᠭᠡᠬᠦ ᠪᠡᠷ ᠨᠢ᠂ 
       ᠬᠣᠶᠠᠳᠤᠭᠠᠷ ᠬᠥᠮᠦᠨ᠄  
      — ᠡᠨᠡ ᠴᠢᠨᠢ ᠭᠠᠯᠵᠠᠭᠤᠷᠠᠴᠢᠬᠠᠵᠠᠢ᠃ ᠪᠠᠰᠠ ᠲᠡᠭᠡᠭᠡᠳ ᠫᠤᠤ ᠲᠠᠢ ᠶᠠᠪᠤᠨ᠎ᠠ᠂ ᠶᠡᠷᠦ ᠨᠢ ᠯᠡ ᠡᠨᠡ ᠬᠥᠮᠦᠨ ᠡᠴᠡ ᠴᠢᠨᠢ ᠲᠦᠷᠭᠡᠨ ᠵᠠᠢᠯᠠᠶ᠎ᠠ ᠭᠡᠵᠦ ᠪᠣᠳᠣᠬᠤ ᠬᠣᠭᠣᠷᠣᠨᠳᠣ ᠨᠢ ᠡᠭᠦᠷᠭᠡᠪᠴᠢᠨ ᠡᠴᠡ ᠪᠡᠨ ᠮᠢᠬ᠎ᠠ ᠭᠠᠷᠭᠠᠵᠤ᠂ ᠲᠣᠮᠣ ᠬᠢᠲᠤᠭ᠎ᠠ ᠪᠠᠷ ᠣᠭᠲᠣᠯᠵᠤ ᠥᠭᠬᠦ ᠳ᠋ᠦ᠍ᠨᠢ ᠬᠡᠷᠪᠡ ᠢᠳᠡᠪᠡᠯ ᠪᠢ ᠭᠠᠯᠵᠠᠭᠤᠷᠠᠴᠢᠬᠠᠬᠤ ᠪᠣᠯ ᠤᠤ? ᠭᠡᠵᠦ ᠪᠣᠳᠣᠲᠠᠯ᠎ᠠ᠂ 
       — ᠢᠳᠡ ᠢᠳᠡ ᠭᠡᠵᠦ ᠱᠠᠭᠠᠷᠳᠠᠪᠠ᠃ ᠪᠠᠰᠠ ᠲᠡᠭᠡᠭᠡᠳ ᠬᠢᠲᠤᠭ᠎ᠠ ᠪᠠᠨ ᠪᠠᠷᠢᠭᠰᠠᠨ ᠴᠢᠭ ᠢ᠋ᠶ᠋ᠡᠷ ᠢ᠋ᠶ᠋ᠡᠷ ᠪᠠᠢᠬᠤ ᠪᠠᠷ ᠨᠢ ᠠᠶᠤᠭᠠᠳ ᠢᠳᠡᠨ᠎ᠡ᠃  
       ᠢᠳᠡᠮᠡᠭᠴᠡ ᠰᠠᠨᠳᠤᠷᠬᠤ ᠳ᠋ᠤᠨᠢ ᠭᠤᠷᠪᠠᠳᠤᠭᠠᠷ ᠬᠥᠮᠦᠨ ᠭᠠᠷᠴᠤ ᠢᠷᠡᠵᠦ᠄ 
       — ᠲᠠ ᠬᠣᠶᠠᠷ ᠶᠠᠭᠤ ᠪᠣᠯᠤᠭᠠᠳ ᠪᠠᠢᠨ᠎ᠠ ᠳᠠ ᠭᠡᠬᠦ ᠳ᠋ᠦ᠍᠂ 
       — ᠡᠨᠡ ᠭᠠᠯᠵᠠᠭᠤᠷᠠᠴᠢᠬᠠᠵᠠᠢ᠂ ᠰᠠᠷᠠᠨ ᠳᠡᠭᠡᠷ᠎ᠡ ᠣᠴᠢᠨ᠎ᠠ ᠭᠡᠵᠦ ᠪᠠᠢᠬᠤ ᠪᠠᠷ ᠨᠢ ᠭᠡᠬᠦ ᠳ᠋ᠦ᠍ ᠭᠤᠷᠪᠠᠳᠤᠭᠠᠷ ᠬᠥᠮᠦᠨ ᠢᠨᠢᠶᠡᠵᠦ ᠄ 
       — ᠦᠭᠡᠢ ᠠ᠋᠃ ᠰᠠᠷᠠᠨ ᠭᠡᠳᠡᠭ ᠡᠭᠦᠨ ᠦ᠌ ᠴᠢᠨᠢ ᠲᠥᠷᠥᠭᠰᠡᠨ ᠥᠬᠢᠨ ᠨᠢ ᠢᠯᠡᠭᠡᠯᠲᠡ ᠪᠡᠷ ᠬᠥᠳᠡᠭᠡ ᠶᠠᠪᠤᠭᠰᠠᠨ ᠶᠤᠮ᠃ ᠲᠡᠭᠡᠭᠡᠳ ᠡᠨᠳᠡ ᠠᠩ ᠶᠡᠬᠡᠲᠡᠢ ᠢᠷᠡᠵᠦ ᠠᠮᠠᠷᠠ ᠭᠡᠬᠦ ᠪᠡᠷ ᠨᠢ ᠶᠠᠪᠤᠵᠤ ᠪᠠᠢᠭ᠎ᠠ ᠬᠥᠮᠦᠨ ᠪᠠᠢᠬᠤ ᠦᠭᠡᠢ ᠦᠦ ᠁ ᠭᠡᠵᠦ ᠭᠡᠨ᠎ᠡ᠃ 


 《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠴᠣᠯᠮᠣᠨᠲᠤᠶᠠᠭ᠎ᠠ 

             2023᠂9᠂4  ᠤ᠋ ᠡᠳᠦᠷ