ᠡᠬᠡ ᠬᠡᠯᠡ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ
ᠡᠬᠡ ᠬᠡᠯᠡ ᠮᠢᠨᠢ
ᠲᠣᠭᠣᠨᠣ ᠪᠠᠨ ᠲᠤᠯᠤᠭᠰᠠᠨ ᠪᠠᠭᠠᠨ᠎ᠠ ᠶᠤᠮ ᠡᠬᠡ ᠬᠡᠯᠡ ᠮᠢᠨᠢ
ᠲᠤᠯᠭᠠᠨ ᠳ᠋ᠠᠭᠠᠨ ᠪᠠᠳᠮᠠᠯᠠᠭᠰᠠᠨ ᠭᠠᠯ ᠶᠤᠮ ᠡᠬᠡ ᠬᠡᠯᠡ ᠮᠢᠨᠢ
ᠥᠭᠡᠯᠦᠨ ᠬᠠᠲᠤᠨ ᠡᠵᠢ ᠶ᠋ᠢᠨ ᠪᠦᠦᠪᠠᠢ ᠶᠤᠮ ᠡᠬᠡ ᠬᠡᠯᠡ ᠮᠢᠨᠢ
ᠡᠵᠡᠨ ᠪᠣᠭᠳᠠ ᠴᠢᠩᠭᠢᠰ ᠦ᠋ᠨ ᠮᠢᠨᠢ ᠵᠠᠷᠯᠢᠭ ᠶᠤᠮ ᠠ᠋
ᠡᠨᠡᠬᠡᠨ ᠳᠡᠯᠡᠬᠡᠢ ᠳ᠋ᠦ᠍ ᠮᠣᠩᠭᠣᠯ ᠭᠡᠰᠡᠨ ᠲᠠᠮᠠᠭ᠎ᠠ ᠶᠤᠮ ᠠ᠋
ᠡᠬᠡ ᠬᠡᠯᠡ ᠮᠢᠨᠢ᠃
ᠢᠷᠠᠭᠤ ᠰᠠᠢᠬᠠᠨ ᠮᠣᠩᠭᠣᠯ ᠬᠡᠯᠡ ᠪᠡᠷ ᠮᠢᠨᠢ
ᠴᠢᠮ᠎ᠠ ᠶ᠋ᠢ ᠨᠠᠮ᠎ᠠ ᠶ᠋ᠢ ᠮᠣᠩᠭᠣᠯ ᠭᠡᠵᠦ ᠲᠠᠨᠢᠳᠠᠭ ᠪᠢᠯᠡ
ᠠᠶᠠᠯᠭᠤ ᠰᠠᠢᠬᠠᠨ ᠮᠣᠩᠭᠣᠯ ᠬᠡᠯᠡ ᠪᠡᠷ ᠢ᠋ᠶ᠋ᠡᠨ
ᠴᠢ ᠪᠢ ᠰᠠᠢᠨ ᠤᠤ ᠭᠡᠵᠦ ᠵᠣᠯᠭᠠᠳᠠᠭ ᠪᠢᠯᠡ᠃
ᠡᠵᠢ ᠠᠪᠤ ᠶ᠋ᠢᠨ ᠡᠨᠡᠷᠢᠯ ᠶᠦᠮ ᠡᠬᠡ ᠬᠡᠯᠡ ᠮᠢᠨᠢ
ᠡᠨᠡᠬᠡᠨ ᠨᠠᠰᠤᠨ ᠤ᠋ ᠮᠥᠩᠬᠡ ᠶ᠋ᠢᠨ ᠬᠠᠨᠢ ᠶᠤᠮ ᠡᠬᠡ ᠬᠡᠯᠡ ᠮᠢᠨᠢ
ᠡᠩᠬᠦᠷᠡᠢ ᠠᠮᠠᠷᠠᠭ ᠤ᠋ᠨ ᠰᠢᠪᠡᠨᠡᠭᠰᠡᠨ ᠬᠠᠢᠷ᠎ᠠ ᠶᠤᠮ ᠡᠬᠡ ᠬᠡᠯᠡ ᠮᠢᠨᠢ
ᠡᠷᠳᠡᠮ ᠦ᠋ᠨ ᠳᠠᠭᠤᠨ ᠠ᠋ᠴᠠ ᠴᠤᠤᠷᠢᠶᠠᠲᠤᠭᠰᠠᠨ ᠤᠤᠬᠠᠢ ᠶᠤᠮ ᠠ᠋
ᠡᠨᠡᠬᠡᠨ ᠬᠣᠷᠸ᠎ᠠ ᠳ᠋ᠤ᠌ ᠮᠣᠩᠭᠣᠯ ᠭᠡᠰᠡᠨ ᠲᠤᠩᠬᠠᠭ ᠶᠤᠮ ᠠ᠋
ᠡᠬᠡ ᠬᠡᠯᠡ ᠮᠢᠨᠢ᠃
ᠢᠷᠠᠭᠤ ᠰᠠᠢᠬᠠᠨ ᠮᠣᠩᠭᠣᠯ ᠬᠡᠯᠡ ᠪᠡᠷ ᠢ᠋ᠶ᠋ᠡᠨ
ᠴᠢᠮ᠎ᠠ ᠶ᠋ᠢ ᠨᠠᠮ᠎ᠠ ᠶ᠋ᠢ ᠮᠣᠩᠭᠣᠯ ᠭᠡᠵᠦ ᠲᠠᠨᠢᠳᠠᠭ ᠪᠢᠯᠡ
ᠠᠶᠠᠯᠭᠤ ᠰᠠᠢᠬᠠᠨ ᠮᠣᠩᠭᠣᠯ ᠬᠡᠯᠡ ᠪᠡᠷ ᠢ᠋ᠶ᠋ᠡᠨ
ᠴᠢ ᠪᠢ ᠰᠠᠢᠨ ᠤᠤ ᠭᠡᠵᠦ ᠵᠣᠯᠭᠠᠳᠠᠭ ᠪᠢᠯᠡ᠃
ᠬᠠᠨ ᠲᠩᠷᠢ ᠡᠴᠡ ᠵᠠᠶᠠᠭᠠᠭᠰᠠᠨ ᠡᠬᠡ ᠬᠡᠯᠡ ᠮᠢᠨᠢ
ᠬᠠᠷᠢ ᠶ᠋ᠢᠨ ᠳᠠᠢᠰᠤᠨ ᠢ᠋ ᠳᠠᠷᠤᠳᠠᠭ ᠠᠶᠤᠩᠭ᠎ᠠ ᠶᠤᠮ ᠠ᠋
ᠥᠷᠭᠡᠨ ᠠᠭᠤᠳᠠᠮ ᠨᠤᠲᠤᠭ ᠤ᠋ᠨ ᠮᠢᠨᠢ ᠬᠢᠯᠢ ᠨᠢ ᠶᠦᠮ ᠡᠬᠡ ᠬᠡᠯᠡ ᠮᠢᠨᠢ
ᠴᠢᠨᠦ ᠮᠢᠨᠦ ᠮᠣᠩᠭᠣᠯ ᠤ᠋ᠨ ᠮᠢᠨᠢ ᠰᠦᠨᠡᠰᠦ ᠨᠢ ᠶᠦᠮ ᠠ᠋
ᠡᠨᠡᠬᠡᠨ ᠣᠷᠴᠢᠯᠠᠩ ᠳ᠋ᠤ᠌ ᠮᠣᠩᠭᠣᠯ ᠭᠡᠰᠡᠨ ᠤᠷᠢᠶ᠎ᠠ ᠶᠤᠮ ᠠ᠋
ᠡᠬᠡ ᠬᠡᠯᠡ ᠮᠢᠨᠢ᠃
ᠢᠷᠠᠭᠤ ᠰᠠᠢᠬᠠᠨ ᠮᠣᠩᠭᠣᠯ ᠬᠡᠯᠡ ᠪᠡᠷ ᠮᠢᠨᠢ
ᠴᠢᠮ᠎ᠠ ᠶ᠋ᠢ ᠨᠠᠮ᠎ᠠ ᠶ᠋ᠢ ᠮᠣᠩᠭᠣᠯ ᠭᠡᠵᠦ ᠲᠠᠨᠢᠳᠠᠭ ᠪᠢᠯᠡ
ᠠᠶᠠᠯᠭᠤ ᠰᠠᠢᠬᠠᠨ ᠮᠣᠩᠭᠣᠯ ᠬᠡᠯᠡ ᠪᠡᠷ ᠢ᠋ᠶ᠋ᠡᠨ
ᠴᠢ ᠪᠢ ᠰᠠᠢᠨ ᠤᠤ ᠭᠡᠵᠦ ᠵᠣᠯᠭᠠᠳᠠᠭ ᠪᠢᠯᠡ
ᠴᠢ ᠪᠢ ᠰᠠᠢᠨ ᠤᠤ ᠭᠡᠵᠦ ᠵᠣᠯᠭᠠᠳᠠᠭ ᠪᠢᠯᠡ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
