《 ᠱᠣᠪᠣᠭᠤᠷ 》 ᠳᠠᠮᠴᠠ – ᠠ ᠂ ᠳᠠᠨᠳᠢᠶᠠᠳᠠᠮ " Шовгор " дамц – А ᠂ Дандъяадам
《 ᠱᠣᠪᠣᠭᠤᠷ 》 ᠳᠠᠮᠴᠠ
ᠬᠠᠤᠯᠢ ᠶᠣᠰᠣ ᠵᠢᠭᠠᠵᠤ
ᠬᠤᠷᠳᠤᠨ ᠵᠠᠰᠠ ᠭᠡᠵᠦ ᠵᠠᠩᠨᠠᠳᠠᠭ
ᠬᠠᠯᠠᠭᠠᠰᠤ ᠳᠦᠭᠦᠷᠡᠩ ᠮᠥᠩᠭᠥ ᠪᠡᠨ
ᠬᠠᠷᠮᠠᠯᠠᠬᠤ ᠳᠠᠭᠠᠨ ᠳᠤᠷᠠᠲᠠᠢ᠃
ᠤᠷᠭᠤᠴᠠ ᠲᠡᠵᠢᠭᠡᠯ ᠭᠡᠳ
ᠤᠭᠤᠬᠢᠯᠠᠬᠤ ᠳᠠᠭᠠᠨ ᠠᠪᠢᠶᠠᠰ ᠲᠠᠢ
ᠭᠠᠭᠴᠠ ᠰᠢᠯ 《 ᠱᠣᠪᠣᠭᠤᠷ》 ᠠᠴᠠ
ᠭᠠᠷ ᠲᠠᠲᠠᠬᠤ ᠳ᠋ᠠᠭᠠᠨ ᠠᠳᠠᠲᠠᠶ
ᠭᠦᠶᠦᠯᠭᠡᠳᠡᠭ ᠭᠦᠩᠰᠡᠩ
ᠬᠠᠩᠬᠠᠭᠠᠷ ᠰᠠᠨᠳᠤᠢ
《 ᠬᠠᠭᠠᠵᠠ 》 ᠬᠠᠯᠳᠠᠷ
ᠠᠪᠤᠷᠭᠤ ᠠᠮᠤᠭᠤᠯᠠᠩ
《 ᠴᠢᠷᠰᠦᠯ 》 ᠴᠢᠨᠠᠷᠠᠪ ᠭᠡᠳ
ᠶᠣᠰᠣᠷᠬᠠᠤ ᠵᠠᠷᠢᠮ ᠵᠢᠯᠣᠭᠣᠴᠢ
ᠶᠣᠵᠣ ᠦᠭᠡᠢ ᠵᠠᠷᠢᠮ ᠬᠠᠰᠢᠷ ᠤ᠋ᠳ ᠤ᠋ᠨ
ᠲᠣᠭᠣᠰᠣᠲᠠᠢ ᠵᠠᠮ ᠤ᠋ᠨ ᠬᠢᠨ ᠨᠢ ᠤᠷᠲᠤ ᠶ᠋ᠢ
ᠲᠣᠷᠤᠮᠵᠢ ᠠᠳᠠᠯᠢ ᠵᠣᠭᠰᠣᠭᠠᠵᠤ
ᠪᠠᠭᠴᠠ ᠪᠠᠷ ᠠᠪᠳᠠᠭ ᠮᠥᠩᠭᠥ ᠶ᠋ᠢ ᠨᠢ
ᠪᠠᠭᠠᠰᠬᠠᠭᠠᠳ ᠥᠭᠬᠦ ᠶ᠋ᠢᠨ ᠴᠠᠭ ᠲᠤ
ᠲᠡᠷᠢᠭᠦᠨ ᠡᠭᠡᠯᠵᠢᠨ ᠳ᠋ᠦ᠍ ᠵᠠᠰᠠᠭᠤᠯᠬᠤ ᠭᠡᠵᠦ
ᠲᠡᠪᠡᠳᠡᠭᠡᠳ ᠠᠶᠠᠨᠳᠠᠭᠠᠨ ᠢᠷᠡᠨ᠎ᠡ ᠪᠣᠢ !
ᠱᠣᠭᠣᠪᠲᠣᠷ ᠮᠠᠭᠤ ᠳᠠ ᠶᠧ ᠳ᠋ᠡᠭᠡᠨ
ᠱᠣᠪᠣᠭᠣᠷ ᠪᠠᠷᠢᠭᠠᠳ ᠭᠤᠶᠤᠨ᠎ᠠ ᠪᠣᠢ !
ᠱᠣᠪᠣᠭᠣᠷ ᠨᠢ ᠲᠡᠭᠡᠭᠡᠳ ᠠᠷᠪᠢᠨ ᠪᠣᠯ
ᠵᠠᠰᠠᠪᠤᠷᠢ ᠶ᠋ᠢᠨ ᠴᠢᠨᠠᠷ ᠰᠠᠢᠨ ᠪᠣᠯᠤᠨ᠎ᠠ
ᠡᠯᠪᠡᠭᠬᠡᠨ ᠱᠣᠪᠣᠭᠣᠷᠳᠠᠬᠤ ᠦᠭᠡᠢ ᠪᠣᠯ
ᠡᠷᠭᠢ ᠪᠣᠭᠣᠯᠲᠠ ᠶ᠋ᠢ ᠨᠢ ᠠᠮᠰᠠᠭᠤᠯᠴᠢᠬᠠᠨᠠ᠃
ᠨᠠᠢᠵᠠ ᠲᠠᠢ ᠵᠠᠷᠢᠮ ᠨᠢᠭᠡ ᠨᠢ
ᠨᠠᠭᠠᠭᠤᠷ ᠴᠠᠭᠠᠭᠤᠷ ᠭᠥᠶᠥᠯᠭᠦᠢ
ᠬᠣᠪ ᠮᠠᠷᠭᠤᠭᠠᠨ ᠭᠠᠷᠭᠠᠵᠤ
ᠺᠣᠨᠲ᠋ᠣᠷ ᠢ᠋ᠶ᠋ᠠᠷ ᠵᠠᠷᠭᠤ ᠬᠢᠯᠭᠦᠢ
《 ᠳᠡ ᠶᠧ 》 ᠭᠡᠮᠡᠨ ᠳᠠᠭᠤᠳᠠᠵᠤ
ᠲᠠᠯᠤᠨ ᠳᠡᠭᠡᠭᠦᠷ ᠠᠯᠠᠭᠠᠳᠠᠵᠤ
ᠴᠢᠬᠢᠨ ᠳ᠋ᠦ᠍ ᠭᠠᠭᠴᠠᠬᠠᠨ ᠰᠢᠪᠡᠨᠡᠭᠡᠳ
ᠴᠢᠮᠡᠭᠡ ᠦᠭᠡᠢᠬᠡᠨ ᠠᠳᠬᠤᠭᠤᠯᠳᠠᠭ ᠶᠤᠮ᠃
《 ᠱᠣᠪᠣᠭᠣᠷ 》 ᠱᠤᠭᠤᠪᠤᠢ
《 ᠠᠢᠷᠠᠭ 》 ᠠᠷᠢᠭᠤᠨ
《 ᠰᠦᠨ 》 ᠰᠦᠷᠦᠩ
《ᠥᠭᠡᠬᠦᠨ 》 ᠥᠯᠵᠡᠢ
《 ᠭᠤᠸᠠᠩᠵᠠ 》 ᠭᠤᠩᠭᠠ
《 ᠪᠣᠭᠣᠳᠠᠭ 》 ᠪᠣᠷᠤᠬᠦᠦ ᠰᠢᠬ
ᠪᠡᠯᠡᠨ ᠵᠠᠯᠠᠨ 《 ᠱᠣᠪᠣᠭᠣᠷ 》 ᠲᠠᠶ
《 ᠪᠡᠯᠡ ᠲᠡᠢ 》 ᠵᠢᠯᠣᠭᠣᠴᠢ ᠶ᠋ᠢᠨ ᠲᠡᠷᠭᠡ ᠶ᠋ᠢ ᠪᠣᠯ
ᠳ᠋ᠤᠭᠠᠷ ᠳᠠᠷᠠᠭᠠᠯᠠᠯ ᠭᠡᠬᠦ ᠦᠭᠡᠢ
ᠳᠤᠷᠠᠲᠠᠢ ᠴᠠᠭ ᠲᠠᠭᠠᠨ ᠵᠠᠰᠠᠴᠢᠬᠠᠨ᠎ᠠ ᠁
ᠬᠡᠭᠡᠷ᠎ᠡ ᠶ᠋ᠢᠨ ᠱᠲ᠋ᠠᠪ ① ᠲᠤ᠌ ᠠᠵᠢᠯ ᠲᠠᠶ
ᠬᠡᠭᠡᠨᠴᠢᠷ ᠵᠠᠰᠠᠪᠤᠷᠢᠴᠢᠨ ᠲᠠᠮᠴᠠ ᠶ᠋ᠢᠨ
ᠶᠠᠷᠢᠳᠠᠭ ᠶᠠᠷᠢᠶ᠎ᠠ ᠨᠢ ᠡᠨᠡ
ᠶᠠᠪᠤᠳᠠᠯ ᠪᠠᠢᠳᠠᠯ ᠨᠢ ᠴᠦ᠍ ᠡᠢᠮᠦ ᠃
《 ᠱᠣᠪᠣᠭᠣᠷ 》 ᠢ᠋ᠶ᠋ᠠᠷ ᠬᠥᠳᠡᠯᠳᠡᠭ ᠵᠠᠰᠠᠪᠤᠷᠢᠴᠢᠨ
ᠰᠤᠭᠤᠪᠲᠤᠷ ᠨᠡᠷ᠎ᠡ ᠲᠡᠢ ᠳᠠᠮᠴᠠ ᠳ᠋ᠤ᠌
ᠲᠠᠭᠠᠷᠠᠬᠤ 《 ᠰᠠᠩ 》 ᠬᠦᠷᠲᠡᠭᠡᠵᠦ
ᠲᠣᠭᠣᠷᠢᠬᠤ ᠬᠠᠭᠤᠳᠠᠰᠤ ᠪᠠᠨ ᠠᠪ ᠭᠡᠪᠡᠯ
ᠰᠠᠯᠭᠠᠵᠤ ᠭᠤᠢᠪᠢᠭᠠᠳ ᠶᠠᠪᠤᠳᠠᠭ ᠪᠣᠯᠪᠠ ᠤᠤ
ᠰᠠᠨᠠᠭ᠎ᠠ ᠠᠪᠤᠭᠠᠳ ᠡᠷᠭᠢᠳᠡᠭ ᠪᠣᠯᠪᠠ ᠤᠤ
ᠭᠡᠮ ᠢ᠋ᠶ᠋ᠡᠨ ᠮᠡᠳᠡᠭᠡᠳ ᠪᠣᠯᠢᠳᠠᠭ ᠪᠣᠯᠪᠠ ᠤᠤ
ᠭᠡᠷ ᠦ᠋ᠨ ᠬᠢᠨ ᠢ᠋ᠶ᠋ᠡᠨ ᠪᠣᠳᠣᠭᠠᠳ ᠵᠠᠰᠠᠷᠠᠳᠠᠭ ᠪᠣᠯᠪᠠ ᠤᠤ ?
– – – –
① ᠴᠡᠷᠢᠭ ᠦ᠋ᠨ ᠠᠯᠪᠠᠨ ᠭᠠᠵᠠᠷ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
