ᠪᠦᠪᠡᠢ ᠶ᠋ᠢᠨ ᠳᠠᠭᠤᠤ-ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠪᠦᠪᠡᠢ ᠶ᠋ᠢᠨ ᠳᠠᠭᠤᠤ
ᠦᠭᠡ᠄ ᠳ· ᠫᠦᠷᠪᠦᠳᠣᠷᠵᠢ
ᠠᠶ᠎ᠠ᠄ ᠫ· ᠪᠠᠳᠢᠷᠴᠢ
ᠳᠠᠭᠤᠴᠢᠨ᠄ ᠰᠠᠴᠤᠷᠠ
ᠠᠳᠤᠭᠤᠴᠢᠨ ᠠᠪᠤ ᠶ᠋ᠢᠨ ᠬᠦᠦ ᠪᠢᠯᠡ
ᠠᠭᠲᠠ ᠶ᠋ᠢᠨ ᠲᠣᠭᠣᠰᠣᠨ ᠳ᠋ᠤ᠌ ᠲᠥᠷᠥᠭᠰᠡᠨ ᠪᠢᠯᠡ
ᠠᠯᠢᠮᠠᠨ ᠠ᠋ᠴᠠ ᠤᠷᠭᠤᠭᠰᠠᠨ ᠠᠯᠢᠮ᠎ᠠ ᠪᠢᠯᠡ
ᠠᠮᠢᠨ ᠠ᠋ᠴᠠ ᠤᠨᠠᠭᠰᠠᠨ ᠠᠮᠢ ᠪᠢᠯᠡ᠃
ᠰᠠᠭᠠᠯᠢᠴᠢᠨ ᠡᠵᠢ ᠶ᠋ᠢᠨ ᠬᠦᠦ ᠪᠢᠯᠡ
ᠰᠠᠭᠠᠯᠢ ᠲᠠᠢ ᠡᠩᠭᠡᠷ ᠡᠴᠡ ᠤᠨᠠᠭᠰᠠᠨ ᠪᠢᠯᠡ
ᠰᠠᠷ᠎ᠠ ᠦᠭᠡᠢ ᠰᠥᠨᠢ ᠶ᠋ᠢᠨ ᠰᠠᠷ᠎ᠠ ᠪᠢᠯᠡ
ᠰᠠᠷ᠎ᠠ ᠲᠠᠢ ᠰᠥᠨᠢ ᠶ᠋ᠢᠨ ᠨᠠᠷᠠ ᠪᠢᠯᠡ᠃
ᠬᠦᠦ ᠨᠢ ᠥᠰᠴᠦ ᠲᠣᠮᠣ ᠪᠣᠯᠤᠭᠠᠳ
ᠬᠦᠷᠡᠩ ᠳᠡᠰ ᠦ᠋ᠨ ᠵᠢᠭᠦᠷ ᠤᠷᠭᠤᠨ᠎ᠠ
ᠬᠦᠯᠦᠭ ᠮᠣᠷᠢᠳ ᠢ᠋ᠶ᠋ᠠᠨ ᠲᠩᠷᠢ ᠳ᠋ᠦ᠍ ᠰᠣᠢᠭᠠᠳ
ᠬᠥᠮᠦᠨ ᠦ᠌ ᠬᠦᠰᠡᠯ ᠢ᠋ ᠭᠠᠵᠠᠷ ᠲᠤ᠌ ᠪᠦᠲᠦᠭᠡᠨ᠎ᠡ᠃
ᠠᠪᠤ ᠶ᠋ᠢᠨ ᠦᠭᠡᠢ ᠳ᠋ᠦ᠍ ᠠᠪᠤ ᠪᠣᠯᠤᠭᠰᠠᠨ
ᠠᠷᠠᠳ ᠣᠯᠠᠨ ᠢ᠋ᠶ᠋ᠠᠨ ᠬᠠᠢᠷᠠᠯᠠᠵᠤ ᠶᠠᠪᠤᠭᠠᠷᠠᠢ
ᠠᠰᠠᠷᠤ ᠶᠡᠬᠡ ᠦᠨ᠎ᠡ ᠪᠡᠷ ᠣᠯᠤᠭᠰᠠᠨ
ᠠᠵᠠ ᠵᠢᠷᠭᠠᠯ ᠢ᠋ᠶ᠋ᠠᠨ ᠬᠠᠮᠠᠭᠠᠯᠠᠵᠤ ᠶᠠᠪᠤᠭᠠᠷᠠᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
