ᠬᠠᠶᠠᠭᠳᠠᠯ – ᠳ ᠂ ᠳᠠᠸᠠᠨᠢᠮ᠎ᠠ Хаягдал – Д ᠂ Давааням ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠶᠠᠭᠳᠠᠯ – ᠳ ᠂ ᠳᠠᠸᠠᠨᠢᠮ᠎ᠠ Хаягдал – Д ᠂ Давааням

ᠬᠠᠶᠠᠭᠳᠠᠯ – ᠳ ᠂ ᠳᠠᠸᠠᠨᠢᠮ᠎ᠠ Хаягдал – Д ᠂ Давааням

ᠠᠩᠭᠢᠯᠠᠯ:ᠬᠣᠱᠣᠩ ᠱᠣᠭ
2023-09-07

236

ᠬᠠᠶᠠᠭᠳᠠᠯ

                    
                               ( ᠬᠣᠱᠣᠩ ᠥᠭᠦᠯᠡᠯᠭᠡ )

       ᠨᠢᠭᠡᠳᠦᠯ ᠦ᠋ᠨ ᠳᠠᠷᠤᠭ᠎ᠠ ᠯᠣᠪᠣᠢ ᠥᠷᠯᠥᠭᠡ ᠠᠵᠢᠯ ᠳ᠋ᠠᠭᠠᠨ ᠢᠷᠡᠩᠭᠦᠲᠡ ᠠᠵᠤ ᠠᠬᠤᠢ ᠶ᠋ᠢᠨ ᠡᠷᠬᠢᠯᠡᠭᠴᠢ ᠵᠠᠬᠳᠠ ᠶ᠋ᠢ ᠳᠠᠭᠤᠳᠠᠭᠤᠯᠪᠠ᠃ ᠤᠳᠠᠭᠰᠠᠨ ᠴᠤ᠌ ᠦᠭᠡᠢ ᠵᠠᠬᠳᠠ ᠣᠷᠣᠵᠤ ᠢᠷᠡᠭᠡᠳ ᠰᠤᠷᠤᠭᠰᠠᠨ ᠵᠠᠩᠰᠢᠯ ᠢ᠋ᠶ᠋ᠠᠷ ᠢ᠋ᠶ᠋ᠠᠨ ᠬᠠᠭᠠᠯᠭᠠᠨ ᠤ᠋ ᠬᠠᠵᠠᠭᠤ ᠳ᠋ᠤ᠌ ᠨᠣᠮᠣᠬᠠᠨ ᠵᠣᠭᠰᠣᠵᠤ ᠮᠠᠯᠠᠭᠠᠢ ᠪᠠᠨ ᠠᠪᠤᠪᠠ᠃ ᠳᠠᠷᠤᠭ᠎ᠠ ᠯᠣᠪᠣᠢ ᠤᠷᠲᠤ ᠰᠢᠯᠪᠢ ᠲᠡᠢ ᠲᠠᠮᠠᠬᠢ ᠶᠠᠭᠠᠷᠠᠯ ᠦᠭᠡᠢᠬᠡᠨ ᠰᠣᠷᠣᠵᠤ ᠵᠠᠬᠳᠠ ᠳ᠋ᠤ᠌ ᠰᠠᠭᠤ ᠭᠡᠰᠡᠨ ᠳᠣᠬᠢᠶ᠎ᠠ ᠦᠭᠬᠦᠯ᠎ᠡ᠃ 
       –  ᠴᠢᠮ᠎ᠠ ᠶ᠋ᠢ ᠳᠠᠭᠤᠳᠠᠭᠰᠠᠨ ᠤᠴᠢᠷ ᠪᠣᠯ ᠰᠤᠷᠭᠠᠭᠤᠯᠢ ᠶ᠋ᠢᠨ ᠴᠠᠭᠠᠨ᠎ᠠ ᠪᠠᠢᠭ᠎ᠠ ᠬᠠᠰᠢᠶᠠᠨ ᠤ᠋ 《 ᠬᠣᠭ》 ᠢ᠋ ᠮᠠᠷᠭᠠᠰᠢ ᠥᠷᠯᠥᠭᠡ ᠴᠡᠪᠡᠷᠯᠡᠭᠦᠯᠦᠭᠰᠡᠨ ᠪᠠᠢᠬᠤ ᠬᠡᠷᠡᠭᠲᠡᠢ ᠶ᠋ᠢ ᠡᠭᠦᠷᠭᠡ ᠪᠣᠯᠭᠠᠬᠤ ᠭᠡᠰᠡᠨ ᠶᠦᠮ᠃ ᠨᠥᠭᠥᠭᠡᠳᠦᠷ ᠥᠷᠯᠥᠭᠡ ᠰᠢᠯᠭᠠᠯᠲᠠ ᠢᠷᠡᠨ᠎ᠡ ᠭᠡᠳᠡᠭ ᠢ᠋ ᠴᠠᠭᠠᠳᠤᠭᠤᠯᠠ ᠳ᠋ᠠᠭᠠᠨ ᠬᠡᠯᠡ ᠭᠡᠬᠦ ᠳ᠋ᠦ᠍ ᠵᠠᠬᠳᠠ ᠦᠯᠦ ᠮᠡᠳᠡᠭ ᠥᠨᠳᠡᠢᠰᠬᠢᠭᠰᠡᠨ ᠢ᠋ᠶ᠋ᠡᠨ ᠳᠠᠷᠤᠭ᠎ᠠ ᠶ᠋ᠢᠨ ᠢ᠋ᠶ᠋ᠡᠨ ᠬᠠᠷᠠᠴᠠ ᠠ᠋ᠴᠠ ᠲᠠᠯᠲᠠᠷᠢᠵᠤ ᠨᠠᠪᠲᠠᠰᠬᠢᠪᠡ᠃
       –  ᠵᠠ ᠥᠭᠡᠷ᠎ᠡ ᠶᠠᠭᠤᠮ᠎ᠠ ᠦᠭᠡᠢ ᠁  ᠠᠰᠠᠭᠤᠬᠤ ᠶᠠᠭᠤᠮ᠎ᠠ ᠪᠠᠢᠨ᠎ᠠ ᠤᠤ ᠭᠡᠵᠦ ᠯᠣᠪᠣᠢ ᠬᠡᠯᠡᠬᠦ ᠳ᠋ᠦ᠍ ᠵᠠᠬᠳᠠ᠄ 
       –  ᠲᠠᠨ ᠤ᠋ ᠬᠡᠯᠡᠭᠰᠡᠨ ᠪᠦᠭᠦᠳᠡ ᠶ᠋ᠢ ᠣᠢᠯᠠᠭᠠᠯ᠎ᠠ᠂ ᠪᠡᠶᠡᠯᠡᠭᠦᠯᠦᠶ᠎ᠡ ᠭᠡᠳ ᠳᠠᠷᠤᠭ᠎ᠠ ᠶ᠋ᠢᠨ ᠢ᠋ᠶ᠋ᠡᠨ ᠥᠷᠥᠭᠡᠨ ᠡᠴᠡ ᠭᠠᠷᠤᠭᠰᠠᠨ ᠬᠣᠢᠨ᠎ᠠ ᠰᠠᠶᠢ ᠰᠡᠭᠡᠭᠡ ᠠᠪᠴᠤ《 ᠰᠢᠯᠭᠠᠯᠲᠠ ᠢᠷᠡᠬᠦ ᠶ᠋ᠢ ᠡᠷᠲᠡᠨ ᠡᠴᠡ ᠬᠡᠯᠡᠬᠦ ᠨᠢ ᠶᠠᠭᠠᠬᠢᠪᠠ ᠳᠠ》 ᠭᠡᠰᠡᠨ ᠢ᠋ᠶ᠋ᠡᠨ ᠰᠤᠷᠭᠠᠭᠤᠯᠢ ᠶ᠋ᠢᠨ ᠴᠠᠭᠠᠨ᠎ᠠ ᠪᠠᠢᠭ᠎ᠠ ᠬᠠᠰᠢᠶᠠᠨ ᠤ᠋《 ᠬᠣᠭ》 ᠴᠣᠬᠣᠮ ᠳ᠋ᠠᠭᠠᠨ ᠮᠠᠨ ᠤ᠋ ᠠᠵᠤ ᠠᠬᠤᠢ ᠲᠠᠢ ᠬᠣᠯᠪᠣᠭᠳᠠᠬᠤ ᠤᠴᠢᠷ ᠦᠭᠡᠢ ᠶᠦᠮ᠂ ᠮᠠᠯ ᠡᠮᠨᠡᠯᠭᠡ ᠨᠢᠳᠤᠨᠤᠨ ᠮᠠᠰᠢᠨ ᠨᠤᠭᠤᠳ ᠢ᠋ᠶ᠋ᠠᠨ ᠲᠡᠨᠳᠡ ᠲᠠᠯᠪᠢᠳᠠᠭ ᠪᠣᠯᠤᠭᠰᠠᠨ ᠠ᠋ᠴᠠ ᠬᠣᠢᠰᠢ ᠤᠤᠯ ᠬᠣᠭ ᠡᠭᠦᠰᠦᠭᠰᠡᠨ ᠰᠢᠦ ᠭᠡᠵᠦ ᠪᠣᠳᠣᠨ ᠥᠭᠦᠯᠡᠵᠦ ᠶᠠᠪᠤᠪᠠ᠃ ᠮᠠᠯ ᠡᠮᠨᠡᠯᠭᠡ ᠶ᠋ᠢᠨ ᠰᠠᠯᠨᠪᠤᠷᠢ ᠶ᠋ᠢᠨ ᠡᠷᠬᠢᠯᠡᠭᠴᠢ ᠪᠡᠭᠵᠢ᠄ 
       –  ᠮᠠᠨ ᠤ᠋ ᠬᠢ ᠶ᠋ᠢ ᠠᠰᠢᠭᠯᠠᠬᠤ ᠡᠴᠡ ᠡᠮᠦᠨ᠎ᠡ ᠲᠡᠷᠡ ᠬᠠᠰᠢᠶ᠎ᠠ ᠴᠢᠨᠢ《 ᠮᠠᠰᠢᠨ ᠤ᠋ ᠰᠡᠭᠡᠷ》 ᠳᠦᠭᠦᠷᠡᠩ ᠪᠠᠢᠭᠰᠠᠨ᠂ ᠲᠡᠭᠡᠬᠦ ᠪᠡᠷ ᠡᠨᠡ ᠬᠣᠭ ᠮᠠᠨ ᠤ᠋ ᠪᠠᠢᠭᠤᠯᠭ᠎ᠠ ᠳ᠋ᠤ᠌ ᠬᠠᠮᠢᠶ᠎ᠠ ᠦᠭᠡᠢ ᠶᠦᠮ ᠭᠡᠵᠦ ᠡᠷᠡᠰᠬᠡᠨ ᠬᠡᠯᠡᠪᠡ᠃ 
       ᠪᠦᠬᠦ ᠨᠡᠢᠲᠡ ᠶ᠋ᠢᠨ ᠰᠦᠪᠪᠤᠲ᠋ᠨᠢᠺ ① ᠵᠠᠷᠯᠠᠭᠰᠠᠨ ᠠ᠋ᠴᠠ ᠬᠣᠢᠰᠢ ᠪᠦᠲᠦᠨ ᠬᠠᠭᠠᠰ ᠴᠠᠭ ᠤ᠋ᠨ ᠳᠠᠷᠠᠭ᠎ᠠ ᠬᠥᠮᠦᠰ ᠤᠪᠤᠨ ᠴᠤᠪᠤᠭᠰᠠᠭᠠᠷ ᠰᠦᠪᠪᠤᠲ᠋ᠨᠢᠺ ᠵᠢᠭᠳᠡᠷᠡᠪᠡ᠃ ᠵᠠᠷᠢᠮ ᠵᠢᠯᠣᠭᠣᠴᠢ ᠶ᠋ᠢᠨ ᠲᠣᠳᠣᠷᠬᠠᠢᠯᠠᠵᠤ ᠪᠠᠢᠭᠰᠠᠨ《 ᠶᠠᠮᠠᠷ ᠴᠤ᠌ ᠬᠡᠷᠡᠭ ᠦᠭᠡᠢ ᠪᠣᠯᠤᠭᠰᠠᠨ》 ᠡᠷᠭᠢ᠂ ᠪᠣᠭᠣᠯᠲᠠ᠂ ᠮᠣᠲ᠋ᠣᠷ( ᠬᠥᠳᠡᠯᠭᠡᠭᠦᠷ)᠂ ᠳᠤᠭᠤᠢ ᠶᠠᠩᠵᠤ ᠶᠠᠩᠵᠤ ᠶ᠋ᠢᠨ ᠮᠠᠷᠺ ᠲᠡᠮᠳᠡᠭᠲᠦ ᠶ᠋ᠢᠨ ᠮᠠᠰᠢᠨ᠂ ᠲᠷᠠᠺᠲ᠋ᠣᠷ  ᠤ᠋ᠨ ᠬᠡᠷᠡᠭᠰᠡᠯ ᠵᠦᠢᠯ ᠪᠦᠷᠢ ᠶ᠋ᠢᠨ ᠬᠣᠭ ᠢ᠋ ᠴᠡᠪᠡᠷᠯᠡᠬᠦ ᠳ᠋ᠦ᠍ ᠶᠡᠬᠡᠬᠡᠨ ᠬᠥᠳᠡᠯᠮᠦᠷᠢ ᠴᠠᠭ ᠵᠠᠷᠤᠴᠠᠭᠤᠯᠤᠨ ᠬᠣᠶᠠᠷ ᠮᠠᠰᠢᠨ ᠳ᠋ᠤ᠌ ᠠᠷᠠᠢᠬᠠᠨ ᠪᠠᠭᠲᠠᠭᠠᠵᠤ ᠬᠣᠩᠬᠣᠷ ᠤ᠋ᠨ ᠬᠣᠭ ᠳᠡᠭᠡᠷ᠎ᠡ ᠠᠰᠬᠠᠭᠤᠯᠤᠭᠰᠠᠨ ᠢ᠋ᠶ᠋ᠠᠷ ᠵᠠᠭᠳᠠ ᠶ᠋ᠢᠨ ᠰᠠᠨᠠᠭ᠎ᠠ ᠠᠮᠠᠷᠠᠵᠤ ᠪᠡᠭᠵᠢ ᠬᠠᠨᠴᠤᠢ ᠳᠣᠲᠣᠷ᠎ᠠ ᠪᠠᠨ ᠵᠠᠯᠪᠠᠷᠢᠵᠠᠢ᠃  ᠡᠯ᠎ᠡ ᠶᠠᠪᠤᠳᠠᠯ ᠠ᠋ᠴᠠ ᠬᠣᠢᠰᠢ ᠬᠣᠩᠬᠣᠷ ᠤ᠋ᠨ ᠬᠣᠭ ᠠ᠋ᠴᠠ ᠺᠢᠨᠣ᠋ ᠮᠸᠬᠠᠨᠢᠭᠴᠢ ᠮᠡᠷᠭᠡᠵᠢᠯᠲᠡᠨ ᡀᠠᠭᠮᠰᠦ᠋ᠷᠦᠩ᠂  ᠡᠳ᠋ ᠦ᠋ᠨ ᠵᠠᠰᠠᠭᠴᠢ ᠳᠡᠮᠪᠡᠷᠡᠯ ᠨᠠᠷ ᠵᠠᠷᠢᠮ ᠵᠢᠯᠣᠭᠣᠴᠢ ᠨᠠᠷ ᠤ᠋ᠨ《 ᠶᠠᠮᠠᠷ ᠴᠤ᠌ ᠬᠡᠷᠡᠭᠴᠡᠭᠡ ᠦᠭᠡᠢ》 ᠭᠡᠵᠦ ᠪᠠᠢᠭᠰᠠᠨ《 ᠬᠣᠭ》 ᠢ᠋ ᠴᠤᠭᠯᠠᠭᠤᠯᠵᠤ ᠮᠠᠰᠢᠨ ᠪᠤᠰᠬᠠᠬᠤ ᠭᠡᠨ᠎ᠡ ᠭᠡᠰᠡᠨ ᠶᠠᠷᠢᠶ᠎ᠠ ᠰᠤᠮᠤ ᠪᠠᠷᠢᠭᠠᠳᠠ ᠪᠠᠷ ᠲᠠᠷᠬᠠᠵᠤ ᠵᠠᠭᠳᠠ᠂ ᠪᠡᠭᠵᠢ ᠬᠣᠶᠠᠷ ᠡᠪᠡᠷᠳᠡᠢ ᠲᠠᠤᠯᠠᠢ ᠦᠵᠡᠭᠰᠡᠨ ᠶᠦᠮ ᠰᠢᠭ ᠪᠣᠯᠪᠠ᠃ 
       –  ᠮᠠᠰᠢᠨ ᠤ᠋ ᠪᠠᠨ ᠰᠡᠯᠪᠢᠭ ᠬᠡᠷᠡᠭᠰᠡᠯ ᠢ᠋ ᠬᠡᠨ ᠠᠩᠬ᠎ᠠ ᠬᠠᠶᠠᠭᠰᠠᠨ ᠢ᠋ ᠲᠣᠳᠣᠷᠬᠠᠢᠯᠠᠵᠤ ᠣᠯᠤᠭᠠᠳ ᠲᠡᠳᠡᠨ ᠦ᠌ ᠬᠣᠭ ᠠ᠋ᠴᠠ ᠮᠠᠰᠢᠨ ᠪᠤᠰᠬᠠᠭᠰᠠᠨ ᠤᠴᠢᠷ《 ᠬᠣᠭ》 ᠤ᠋ᠨ ᠡᠵᠡᠨ ᠳ᠋ᠦ᠍ᠨᠢ ᠮᠠᠰᠢᠨ ᠢ᠋ᠶ᠋ᠠᠨ ᠥᠭᠭᠦᠨ᠎ᠡ ᠭᠡᠵᠦ ᡀᠠᠭᠮᠰᠦ᠋ᠷᠦᠩ᠂ ᠳᠡᠮᠪᠡᠷᠡᠯ ᠬᠣᠶᠠᠷ ᠶᠠᠷᠢᠵᠤ ᠪᠠᠢᠨ᠎ᠠ ᠪᠢᠯᠡ ᠭᠡᠰᠡᠨ ᠬᠡᠨ ᠨᠢᠭᠡ ᠬᠥᠮᠦᠨ ᠦ᠌ ᠴᠤᠤ  ᠦᠭᠡ ᠠᠮᠠ ᠳᠠᠮᠵᠢᠭᠰᠠᠭᠠᠷ ᠵᠠᠭᠳᠠ᠂ ᠪᠡᠭᠵᠢ ᠬᠣᠶᠠᠷ ᠤ᠋ᠨ ᠰᠣᠨᠣᠷ ᠲᠤ᠌ ᠬᠦᠷᠪᠡ᠃《 ᠬᠣᠩᠬᠣᠷ ᠲᠤ᠌ ᠬᠠᠶᠠᠭᠰᠠᠨ ᠬᠣᠭ ᠮᠠᠨ ᠤ᠋ ᠪᠠᠢᠭᠤᠯᠭ᠎ᠠ ᠶ᠋ᠢᠨ ᠬᠣᠭ ᠶᠠᠷᠢᠶ᠎ᠠ ᠦᠭᠡᠢ ᠮᠥᠨ ᠪᠠᠢᠭᠰᠠᠨ ᠪᠠᠢᠨ᠎ᠠ᠃ ᠡᠭᠦᠨ ᠢ᠋ ᠲᠣᠳᠣᠷᠬᠠᠢᠯᠠᠬᠤ ᠠ᠋ᠴᠠ ᠣᠯᠠᠨ ᠰᠢᠦ ᠳᠡ》 ᠭᠡᠵᠦ ᠵᠠᠭᠳᠠ ᠪᠡᠭᠵᠢ ᠬᠣᠶᠠᠷ ᠮᠠᠷᠭᠤᠬᠤ ᠪᠣᠯᠪᠠ᠃ ᠮᠠᠷᠭᠤᠭᠠᠨ ᠨᠢ ᠰᠡᠭᠦᠯ ᠳ᠋ᠡᠭᠡᠨ ᠵᠣᠳᠣᠭᠠᠨ ᠢ᠋ᠶ᠋ᠠᠷ ᠳᠠᠭᠤᠰᠬᠤ ᠳᠥᠭᠥᠪᠡ᠂ ᠰᠤᠷᠠᠭ ᠢ᠋ ᠨᠢ ᠰᠣᠨᠣᠰᠪᠠᠯ ᡀᠠᠭᠮᠰᠦ᠋ᠷᠦᠩ᠂ ᠲᠠᠮᠪᠠᠷᠠᠯ ᠬᠣᠶᠠᠷ ᠬᠠᠶᠠᠭᠳᠠᠯ ᠠ᠋ᠴᠠ ᠪᠣᠰᠬᠠᠭᠰᠠᠨ ᠮᠠᠰᠢᠨ ᠢ᠋ᠶ᠋ᠠᠨ ᠰᠤᠷᠭᠠᠭᠤᠯᠢ ᠳ᠋ᠤ᠌ ᠪᠡᠯᠡᠭᠯᠡᠵᠡᠢ᠃ 

– – – – 
① ᠠᠯᠪᠠᠨ ᠵᠢᠷᠤᠮ ᠤᠨ ᠬᠥᠳᠡᠯᠮᠦᠷᠢ ᠶᠢᠨ ᠡᠳᠦᠷ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃