ᠵᠠᠷᠤᠯᠭ᠎ᠠ – ᠳ ᠂ ᠳᠠᠸᠠᠨᠢᠮ᠎ᠠ Зарлага – Д ᠂ Давааням ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠷᠤᠯᠭ᠎ᠠ – ᠳ ᠂ ᠳᠠᠸᠠᠨᠢᠮ᠎ᠠ Зарлага – Д ᠂ Давааням

ᠵᠠᠷᠤᠯᠭ᠎ᠠ – ᠳ ᠂ ᠳᠠᠸᠠᠨᠢᠮ᠎ᠠ Зарлага – Д ᠂ Давааням

ᠠᠩᠭᠢᠯᠠᠯ:ᠬᠣᠱᠣᠩ ᠱᠣᠭ
2023-09-06

252

ᠵᠠᠷᠤᠯᠭ᠎ᠠ


                                                     ( ᠱᠣᠭ ᠥᠭᠦᠯᠡᠯᠭᠡ)   

       ᠲᠡᠷᠡ ᠭᠤᠸᠠᠢ ᠨᠢᠭᠡᠨ ᠪᠠᠢᠭᠤᠯᠭ᠎ᠠ ᠶ᠋ᠢᠨ ᠠᠵᠤ ᠠᠬᠤᠢ ᠶ᠋ᠢ ᠣᠯᠠᠨ ᠵᠢᠯ ᠬᠠᠷᠢᠭᠤᠴᠠᠬᠤ ᠳ᠋ᠠᠭᠠᠨ ᠲᠤᠩ ᠨᠢᠷᠤᠭᠤ ᠲᠠᠢ ᠭᠡᠭᠳᠡᠵᠦ ᠱᠠᠩᠨᠠᠯ ᠰᠠᠢᠰᠢᠶᠠᠯ ᠴᠢᠮᠠᠯᠠᠯᠲᠠ ᠦᠭᠡᠢ ᠬᠦᠷᠲᠡᠵᠦ ᠪᠠᠢᠭᠰᠠᠨ ᠶᠤᠮ᠃ ᠨᠢᠭᠡ ᠤᠳᠠᠭ᠎ᠠ ᠳᠠᠷᠤᠭ᠎ᠠ ᠶ᠋ᠢᠨ ᠢ᠋ᠶ᠋ᠡᠷ ᠥᠷᠥᠭᠡ ᠶ᠋ᠢ ᠵᠠᠰᠠᠭᠤᠯᠵᠤ ᠳᠠᠭᠤᠰᠤᠭᠠᠳ ᠬᠡᠷᠡᠭᠴᠡᠭᠡᠨ ᠡᠴᠡ ᠢᠯᠡᠭᠦᠦ ᠭᠠᠷᠤᠭᠰᠠᠨ ᠤᠯᠠᠭᠠᠨ ᠪᠣᠳᠣᠭ ᠢ᠋ ᠨᠢ ᠭᠡᠷ ᠲᠡᠭᠡᠨ ᠠᠪᠴᠢᠷᠠᠵᠤ ᠣᠨᠢ ᠪᠣᠳᠣᠵᠤ ᠰᠠᠭᠤᠬᠤ ᠳ᠋ᠠᠭᠠᠨ ᠄ 
       — ᠰᠠᠢᠬᠠᠨ ᠴᠤ᠌ ᠪᠣᠳᠣᠭ ᠶᠤᠮ ᠳᠠ᠂ ᠵᠠᠷᠤᠯᠭ᠎ᠠ ᠠ᠋ᠴᠠ ᠢᠯᠡᠭᠦᠦ ᠭᠠᠷᠤᠭᠰᠠᠨ ᠶᠠᠭᠤᠮ᠎ᠠ ᠰᠢᠦ ᠳᠡ ᠭᠡᠵᠡᠢ᠃ ᠬᠠᠭᠠᠰ ᠰᠠᠢᠨ ᠡᠳᠦᠷ ᠲᠡᠷᠡ ᠭᠤᠸᠠᠢ ᠬᠡᠰᠡᠭ ᠵᠠᠯᠠᠭᠤᠰ ᠢ᠋ ᠤᠳᠤᠷᠢᠳᠤᠨ ᠬᠠᠭᠤᠴᠢᠨ ᠠᠭᠤᠯᠬᠤ ᠪᠠᠨ ᠪᠠᠭᠤᠯᠭᠠᠵᠠᠢ᠃ ᠣᠷᠣᠢ ᠭᠡᠷ ᠲᠡᠭᠡᠨ ᠬᠠᠷᠢᠬᠤ ᠳ᠋ᠠᠭᠠᠨ ᠬᠣᠶᠠᠷ ᠲᠠᠭᠠᠷᠢᠳᠠᠰᠤ ᠰᠤᠭᠤᠪᠴᠢᠯᠠᠨ ᠢᠷᠡᠭᠡᠳ᠄
       — ᠮᠠᠭᠤ ᠠᠭᠤᠯᠬᠤ ᠪᠠᠨ ᠪᠠᠭᠤᠯᠭᠠᠭᠰᠠᠨ ᠴᠢᠨᠢ ᠲᠦᠯᠡᠬᠦ ᠶᠠᠭᠤᠮ᠎ᠠ ᠵᠥᠩᠳᠡᠭᠡᠨ ᠭᠠᠷᠤᠯ᠎ᠠ᠂ ᠨᠢᠭᠡᠨᠲᠡ ᠵᠠᠷᠤᠯᠭᠠᠳᠠᠭᠰᠠᠨ ᠬᠣᠢᠨ᠎ᠠ ᠡᠭᠦᠨ ᠢ᠋ᠶ᠋ᠡᠷ ᠬᠡᠳᠦᠨ ᠡᠳᠦᠷ ᠭᠠᠯ ᠢ᠋ᠶ᠋ᠠᠨ ᠨᠣᠴᠣᠭᠠᠬᠤ ᠦᠭᠡᠢ ᠦᠦ ᠭᠡᠵᠦ ᠡᠬᠡᠨᠡᠷ ᠲᠡᠭᠡᠨ ᠬᠡᠯᠡᠪᠡ᠃ ᠠᠯᠪᠠᠨ ᠭᠠᠵᠠᠷ ᠡᠪᠦᠯ ᠦ᠋ᠨ ᠳᠤᠯᠠᠭᠠᠯᠭ᠎ᠠ ᠬᠢᠵᠦ ᠪᠦᠬᠦ ᠴᠣᠩᠬᠣ ᠰᠢᠯᠯᠡᠬᠦ ᠳ᠋ᠦ᠍ ᠨᠢᠭᠡ ᠬᠠᠪᠲᠠᠭᠠᠢ ᠰᠢᠯ ᠢᠯᠡᠭᠦᠦ ᠭᠠᠷᠪᠠ᠃《 ᠵᠠᠷᠤᠯᠭ᠎ᠠ ᠠ᠋ᠴᠠ ᠭᠠᠷᠤᠭᠰᠠᠨ ᠶᠤᠮ ᠳᠠ》 ᠭᠡᠵᠦ ᠲᠡᠷᠡ ᠭᠤᠸᠠᠢ ᠪᠣᠳᠣᠭᠠᠳ ᠲᠣᠭᠣᠨᠣᠨ ᠤ᠋ ᠪᠠᠨ ᠷᠠᠮ( ᠬᠦᠷᠢᠶ᠎ᠡ᠂ ᠵᠢᠶᠠᠽᠢ) ᠶ᠋ᠢ ᠰᠢᠯᠡᠯᠵᠠᠢ᠃ ᠪᠠᠢᠭᠤᠯᠭ᠎ᠠ ᠳ᠋ᠤ᠌ ᠰᠢᠯᠭᠠᠯᠲᠠ ᠢᠷᠡᠨ᠎ᠡ ᠭᠡᠵᠦ ᠬᠥᠯ ᠪᠣᠯᠤᠯ᠎ᠠ᠃ ᠰᠢᠯᠭᠠᠬᠤ ᠬᠥᠮᠦᠰ ᠢ᠋ ᠢᠷᠡᠬᠦ ᠳ᠋ᠦ᠍ ᠪᠢᠴᠢᠬᠠᠨ ᠪᠤᠳᠠᠭᠠᠯᠠᠭ᠎ᠠ ᠬᠢᠬᠦ ᠰᠠᠨᠠᠯ ᠢ᠋ ᠳᠠᠷᠤᠭ᠎ᠠ ᠭᠠᠷᠭᠠᠪᠠ᠃ ᠪᠤᠳᠠᠭᠠᠯᠠᠭ᠎ᠠ ᠳ᠋ᠤ᠌ ᠪᠡᠯᠡᠳᠬᠡᠬᠦ ᠠᠵᠢᠯ ᠢ᠋ ᠤᠳᠤᠷᠢᠳᠤᠯᠭ᠎ᠠ ᠶ᠋ᠢᠨ ᠵᠦᠭ ᠡᠴᠡ ᠲᠡᠷᠡ ᠭᠤᠸᠠᠢ ᠳ᠋ᠤ᠌ ᠬᠠᠷᠢᠭᠤᠴᠠᠭᠤᠯᠪᠠ᠃ ᠲᠣᠭᠲᠠᠭᠠᠭᠰᠠᠨ ᠴᠠᠭ ᠲᠠᠭᠠᠨ ᠮᠠᠰᠢᠨ ᠲᠠᠢ ᠬᠥᠮᠦᠨ ᠢᠷᠡᠵᠦ ᠠᠵᠢᠯ ᠰᠢᠯᠭᠠᠬᠤ ᠶ᠋ᠢᠨ ᠡᠮᠦᠨ᠎ᠡ ᠪᠢᠴᠢᠬᠠᠨ ᠪᠤᠳᠠᠭᠠᠯᠠᠭ᠎ᠠ ᠣᠷᠣᠭᠠᠳ ᠰᠡᠳᠬᠢᠯ ᠬᠠᠩᠬᠣᠯᠤᠭᠤᠨ ᠭᠠᠷᠴᠠᠢ᠃ ᠪᠤᠳᠠᠭᠠᠯᠠᠭ᠎ᠠ ᠳ᠋ᠤ᠌ ᠵᠣᠷᠢᠭᠤᠯᠤᠭᠰᠠᠨ ᠵᠦᠢᠯ ᠡᠴᠡ ᠬᠠᠷ᠎ᠠ ᠠᠷᠢᠬᠢ ᠨᠢᠭᠡ ᠰᠢᠯ᠂ ᠪᠠᠰᠠ ᠪᠤᠰᠤ ᠶᠠᠭᠤᠮᠠᠰ ᠢᠯᠡᠭᠦᠦ ᠭᠠᠷᠤᠭᠰᠠᠨ ᠢ᠋ ᠲᠡᠷᠡ ᠭᠤᠸᠠᠢ ᠭᠡᠷ ᠲᠡᠭᠡᠨ ᠠᠪᠴᠢᠷᠠᠵᠤ᠄ 
       — ᠮᠣᠷᠢᠲᠠᠨ ᠤ᠋ ᠬᠡᠰᠢᠭ ᠶᠠᠪᠠᠭᠠᠨ ᠳ᠋ᠤ᠌ ᠭᠡᠳᠡᠭ ᠤᠴᠢᠷᠲᠠᠢ ᠶᠤᠮ ᠳᠠ᠂ ᠨᠢᠭᠡᠨᠲᠡ ᠵᠠᠷᠤᠯᠭ᠎ᠠ ᠠ᠋ᠴᠠ ᠢᠯᠡᠭᠦᠦ ᠭᠠᠷᠤᠭᠰᠠᠨ ᠶᠠᠭᠤᠮ᠎ᠠ ᠶ᠋ᠢ ᠭᠦᠷᠲᠡᠯ ᠦᠭᠡᠢ ᠶᠠᠭᠠᠬᠢᠬᠤᠪ ᠭᠡᠵᠡᠢ᠃ ᠮᠠᠢ ᠶ᠋ᠢᠨ ᠪᠠᠶᠠᠷ ᠤ᠋ᠨ ᠲᠤᠭ ᠯᠣᠽᠦ᠋ᠩ ᠬᠢᠬᠦ ᠳ᠋ᠦ᠍ ᠵᠣᠷᠢᠭᠤᠯᠤᠭᠰᠠᠨ ᠬᠣᠷᠢᠨ ᠮᠧᠲ᠋ᠷ ᠳᠠᠪᠤᠤ ᠠ᠋ᠴᠠ ᠨᠢᠭᠡ ᠮᠧᠲ᠋ᠷ ᠢᠯᠡᠭᠦᠦ ᠭᠠᠷᠤᠭᠰᠠᠨ ᠢ᠋ ᠲᠡᠷᠡ ᠭᠤᠸᠠᠢ ᠡᠬᠡᠨᠡᠷ ᠲᠡᠭᠡᠨ ᠠᠪᠴᠢᠷᠠᠵᠤ ᠥᠭᠬᠦ ᠳ᠋ᠡᠭᠡᠨ᠄ 
      — ᠵᠠᠷᠤᠯᠭ᠎ᠠ ᠠ᠋ᠴᠠ ᠢᠯᠡᠭᠦᠳᠡᠭᠰᠡᠨ ᠶᠠᠭᠤᠮ᠎ᠠ᠂ ᠬᠡᠦᠬᠡᠳ ᠦ᠋ᠳ ᠦ᠋ᠨ  ᠢᠶᠡᠨ ᠳᠡᠪᠡᠯ ᠦ᠋ᠨ ᠬᠠᠨᠴᠤᠢ ᠶ᠋ᠢ ᠳᠣᠲᠣᠷᠯᠠᠬᠤ ᠦᠭᠡᠢ ᠦᠦ? ᠭᠡᠪᠡ᠃ ᠨᠢᠭᠡᠨᠲᠡ ᠵᠠᠷᠤᠯᠭᠠᠳᠠᠭᠰᠠᠨ ᠪᠣᠯᠬᠣᠷ ᠣᠨᠢ ᠪᠣᠳᠣᠭᠰᠠᠨ ᠪᠣᠳᠣᠭ᠂ ᠲᠣᠭᠣᠨᠣᠨ ᠤ᠋ ᠷᠠᠮ ᠳ᠋ᠤ᠌ ᠬᠢᠭᠰᠡᠨ ᠰᠢᠯ᠂ ᠬᠠᠷ᠎ᠠ ᠠᠷᠢᠬᠢ ᠶ᠋ᠢ ᠬᠡᠨ ᠴᠦ᠍ ᠦᠭᠡᠢᠯᠡᠭᠰᠡᠨ ᠦᠭᠡᠢ᠃ ᠲᠣᠭᠠᠴᠠᠭᠠᠨ ᠤ᠋ ᠠᠵᠢᠯᠲᠠᠨ ᠨᠤᠭᠤᠳ ᠵᠠᠷᠤᠯᠭ᠎ᠠ ᠳ᠋ᠠᠭᠠᠨ ᠳ᠋ᠦᠩᠨᠡᠭᠡᠳ ᠯᠡ ᠥᠩᠭᠡᠷᠡᠵᠡᠢ᠃ ᠪᠢᠴᠢᠭ ᠬᠡᠷᠡᠭ ᠦ᠋ᠨ ᠲᠠᠷᠭᠤᠨ ᠰᠢᠷ᠎ᠠ ᠠᠪᠠᠭᠠᠢ ᠲᠡᠷᠢᠭᠦᠲᠡᠨ ᠲᠡᠷᠡ ᠭᠤᠸᠠᠢ ᠶ᠋ᠢ ᠴᠣᠩᠬᠣᠨ ᠤ᠋ ᠰᠢᠯ ᠵᠥᠪᠰᠢᠶᠡᠷᠡᠯ ᠦᠭᠡᠢ ᠠᠪᠤᠭᠠᠳ ᠲᠣᠭᠣᠨᠣᠨ ᠤ᠋ ᠪᠠᠨ ᠷᠠᠮ ᠳ᠋ᠤ᠌ ᠬᠢᠭᠰᠡᠨ ᠬᠢᠬᠦ ᠶᠦ᠍ᠮ ᠦᠦ᠂ ᠲᠤᠭ ᠯᠣᠽᠦ᠋ᠩ ᠬᠢᠬᠦ ᠳ᠋ᠦ᠍ ᠢᠯᠡᠭᠦᠦ ᠭᠠᠷᠤᠭᠰᠠᠨ ᠮᠧᠲ᠋ᠷ ᠳᠠᠪᠤᠤ ᠶ᠋ᠢ ᠭᠡᠷ ᠲᠦ᠍ ᠪᠡᠨ ᠠᠪᠠᠴᠢᠭᠰᠠᠨ᠂ ᠠᠭᠤᠯᠬᠤ ᠪᠠᠭᠤᠯᠭᠠᠭᠠᠳ ᠬᠣᠶᠠᠷ ᠲᠠᠭᠠᠷᠢᠳᠠᠰᠤ ᠠᠪᠤᠭᠠᠳ ᠶᠠᠪᠤᠵᠤ ᠪᠠᠢᠭᠰᠠᠨ ᠭᠡᠵᠦ ᠰᠢᠪᠡᠷ ᠠᠪᠢᠷ ᠭᠡᠬᠦ ᠶ᠋ᠢ ᠵᠠᠷᠢᠮ ᠬᠥᠮᠦᠰ ᠰᠣᠨᠣᠰᠤᠭᠠᠳ《 ᠬᠠᠮᠢᠭ᠎ᠠ ᠭᠠᠵᠠᠷ ᠲᠡᠢᠮᠦᠷᠬᠦᠦ ᠶᠠᠭᠤᠮ᠎ᠠ ᠪᠠᠢᠬᠤ ᠯᠠ ᠳᠠ》ᠭᠡᠨ᠎ᠡ᠃ ᠨᠥᠭᠥᠭᠡ ᠬᠡᠰᠡᠭ ᠨᠢ ᠲᠡᠷᠡ ᠭᠤᠸᠠᠢ ᠶᠠᠭᠤᠬᠠᠨ ᠢ᠋ᠶ᠋ᠠᠷ ᠴᠤ᠌ ᠶᠠᠭᠤᠮ᠎ᠠ ᠬᠢᠨ᠎ᠡ᠃ ᠬᠡᠵᠢᠶ᠎ᠡ ᠴᠦ᠍ ᠬᠠᠶᠠᠭᠳᠠᠯ ᠭᠠᠷᠭᠠᠳᠠᠭ ᠦᠭᠡᠢ ᠭᠡᠨ᠎ᠡ᠃ ᠬᠡᠨ ᠴᠦ᠍ ᠲᠡᠭᠦᠨ ᠢ᠋ ᠨᠣᠴᠢᠲᠠᠢ ᠶᠠᠭᠤᠮ᠎ᠠ ᠭᠡᠵᠦ ᠪᠣᠳᠣᠳᠠᠭ ᠦᠭᠡᠢ ᠪᠠᠢᠪᠠ᠃ ᠲᠡᠷᠡ ᠭᠤᠸᠠᠢ  ᠵᠠᠷᠤᠯᠭᠠᠨ ᠠ᠋ᠴᠠ ᠢᠯᠡᠭᠦᠳᠡᠭᠡ ᠦᠭᠡᠢ ᠰᠢᠷᠬᠡᠭ ᠬᠠᠳᠠᠭᠠᠰᠤ ᠴᠤ᠌ ᠠᠪᠬᠤ ᠶ᠋ᠢ ᠴᠡᠭᠡᠷᠯᠡᠳᠡᠭ ᠪᠣᠯᠬᠣᠷ ᠠᠵᠢᠯ ᠳ᠋ᠠᠭᠠᠨ ᠲᠡᠩᠴᠡᠵᠦ ᠶᠠᠪᠤᠭ᠎ᠠ ᠶᠤᠮ ᠳᠠ᠃ ᠲᠠ ᠮᠢᠨᠦ ᠥᠭᠦᠯᠡᠯᠭᠡ ᠶ᠋ᠢ ᠤᠩᠰᠢᠭᠠᠳ《 ᠵᠠᠷᠤᠯᠭ᠎ᠠ》 ᠳ᠋ᠤ᠌ ᠲᠠᠯᠪᠢᠬᠤ ᠬᠢᠨᠠᠯᠲᠠ ᠶ᠋ᠢ ᠰᠠᠢᠵᠢᠷᠠᠭᠤᠯᠤᠶ᠎ᠠ ᠭᠡᠵᠦ ᠪᠣᠳᠣᠬᠤ ᠦᠭᠡᠢ ᠪᠠᠢᠨ᠎ᠠ ᠭᠡᠵᠦ ᠦᠦ? ᠯᠠᠪ ᠪᠣᠳᠣᠬᠤ ᠪᠢᠵᠡ ᠭᠡᠵᠦ ᠪᠢ ᠨᠠᠢᠳᠠᠵᠤ ᠪᠠᠢᠨ᠎ᠠ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠴᠣᠯᠮᠣᠨᠲᠤᠶᠠᠭ᠎ᠠ 

             2023᠂8᠂31  ᠤ᠋ ᠡᠳᠦᠷ