ᠫᠠᠫ ᠹᠷᠠᠨᠼᠢᠰ ᠮᠣᠩᠭᠣᠯ ᠳᠤ ᠬᠢᠭᠰᠡᠨ ᠠᠢᠯᠴᠢᠯᠠᠯ ᠪᠠ ᠸᠠᠲ᠋ᠢᠺᠠᠨ ᠤᠯᠤᠰ ᠤᠨ ᠲᠤᠬᠠᠢ ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠠᠫ ᠹᠷᠠᠨᠼᠢᠰ ᠮᠣᠩᠭᠣᠯ ᠳᠤ ᠬᠢᠭᠰᠡᠨ ᠠᠢᠯᠴᠢᠯᠠᠯ ᠪᠠ ᠸᠠᠲ᠋ᠢᠺᠠᠨ ᠤᠯᠤᠰ ᠤᠨ ᠲᠤᠬᠠᠢ

ᠫᠠᠫ ᠹᠷᠠᠨᠼᠢᠰ ᠮᠣᠩᠭᠣᠯ ᠳᠤ ᠬᠢᠭᠰᠡᠨ ᠠᠢᠯᠴᠢᠯᠠᠯ ᠪᠠ ᠸᠠᠲ᠋ᠢᠺᠠᠨ ᠤᠯᠤᠰ ᠤᠨ ᠲᠤᠬᠠᠢ

2023-09-06

390

ᠫᠠᠫ ᠹᠷᠠᠨᠼᠢᠰ ᠮᠣᠩᠭᠣᠯ ᠳᠤ ᠬᠢᠭᠰᠡᠨ ᠠᠢᠯᠴᠢᠯᠠᠯ ᠢᠶᠠᠷ ᠢᠶᠠᠨ ᠶᠠᠮᠠᠷ ᠰᠤᠷᠭᠠᠮᠵᠢ ᠥᠭᠪᠡ - ᠮ ∙ ᠪᠠᠲᠠ

     ᠸᠠᠲ᠋ᠢᠺᠠᠨ ᠤᠯᠤᠰ ᠤᠨ ᠲᠥᠷᠥ ᠶᠢᠨ ᠲᠡᠷᠢᠭᠦᠨ᠂ ᠾᠷᠢᠰᠲ᠋ᠣᠰ ᠤᠨ ᠱᠠᠰᠢᠨ ᠤ ᠳᠣᠲᠣᠷ᠎ᠠ ᠬᠠᠮᠤᠭ ᠤᠨ ᠲᠣᠮᠣ ᠱᠠᠰᠢᠨ ᠪᠣᠯᠬᠤ ᠺᠠᠲ᠋ᠣᠯᠢᠭ ᠱᠠᠰᠢᠨᠲᠠᠨ ᠨᠤᠭᠤᠳ ᠤᠨ ᠲᠡᠷᠢᠭᠦᠨ ᠫᠠᠫ ᠹᠷᠠᠨᠼᠢᠰ 9 ᠰᠠᠷ᠎ᠠ ᠶᠢᠨ 1-4 ᠍ ᠦ ᠬᠣᠭᠣᠷᠣᠨᠳᠣ ᠮᠣᠩᠭᠣᠯ ᠤᠯᠤᠰ ᠲᠤ ᠠᠢᠯᠴᠢᠯᠠᠭᠰᠠᠨ᠃ ᠳᠡᠯᠡᠬᠡᠢ ᠨᠡᠢᠲᠡ ᠶᠢᠨ ᠠᠩᠬᠠᠷᠤᠯ ᠢ ᠲᠠᠲᠠᠭᠰᠠᠨ ᠡᠨᠡ ᠠᠢᠯᠴᠢᠯᠠᠯ ᠤᠯᠤᠰ ᠲᠥᠷᠥ ᠪᠣᠯᠤᠨ ᠨᠡᠢᠭᠡᠮ ᠤᠨ ᠣᠯᠠᠨ ᠲᠠᠯ᠎ᠠ ᠶᠢᠨ ᠠᠴᠢ ᠬᠣᠯᠪᠣᠭᠳᠠᠯ᠂ ᠦᠷ᠎ᠡ ᠳ᠋ᠦᠩ ᠪᠦᠬᠦᠢ ᠠᠢᠯᠴᠢᠯᠠᠯ ᠪᠣᠯᠤᠭᠰᠠᠨ ᠭᠡᠳᠡᠭ ᠢ ᠰᠤᠳᠤᠯᠤᠭᠠᠴᠢᠳ ᠣᠨᠴᠠᠯᠠᠵᠤ ᠪᠠᠢᠨ᠎ᠠ᠃ ᠡᠨᠡ ᠠᠢᠯᠴᠢᠯᠠᠯ ᠤᠨ ᠲᠠᠯ᠎ᠠ ᠪᠠᠷ ᠱᠤᠸᠠ ᠤᠨ ᠹᠢᠯᠣᠰᠣᠹᠢ  ᠶᠢᠨ ᠬᠦᠷᠢᠶᠡᠯᠡᠩ ᠦᠨ ᠱᠠᠰᠢᠨ ᠰᠤᠳᠤᠯᠤᠯ ᠤᠨ ᠰᠠᠯᠪᠤᠷᠢ ᠶᠢᠨ ᠡᠷᠬᠢᠯᠡᠭᠴᠢ᠂ ᠳ᠋ᠣᠺᠲ᠋ᠣᠷ ᠮ ∙ ᠪᠠᠲᠠ ᠲᠠᠢ ᠶᠠᠷᠢᠯᠴᠠᠯ᠎ᠠ᠃

ᠸᠠᠲ᠋ᠢᠺᠠᠨ ᠤᠯᠤᠰ ᠤᠨ ᠲᠤᠬᠠᠢ  

     ᠸᠠᠲ᠋ᠢᠺᠠᠨ ᠪᠣᠯ ᠳᠣᠲᠣᠭᠠᠳᠤ ᠬᠠᠭᠤᠷᠠᠶ ᠶᠢᠨ ᠲᠤᠰᠠᠭᠠᠷ ᠤᠯᠤᠰ᠂ ᠢᠲ᠋ᠠᠯᠢ ᠶᠢᠨ ᠷᠤᠮᠠ ᠬᠣᠲᠠ ᠶᠢᠨ ᠬᠢᠯᠢ ᠳᠣᠲᠣᠷᠠᠬᠢ ᠱᠠᠰᠢᠨ ᠤ ᠬᠠᠭᠠᠨᠲᠤ ᠤᠯᠤᠰ ᠪᠣᠯᠣᠨ᠎ᠠ ᠃ ᠲᠡᠷᠡ 1929 ᠣᠨ ᠳᠤ  《 ᠯᠠᠲ᠋ᠯᠠᠨᠳ᠋ ᠤᠨ ᠭᠡᠷ᠎ᠡ 》 ᠪᠡᠷ ᠳᠠᠮᠵᠢᠨ ᠢᠲ᠋ᠠᠯᠢ ᠶᠢᠨ ᠲᠤᠰᠠᠭᠠᠷ ᠲᠣᠭᠲᠠᠨᠢᠯ ᠠᠴᠠ ᠭᠠᠷᠴᠤ ᠢᠷᠡᠵᠡᠢ᠂ ᠷᠤᠮᠠ ᠶᠢᠨ ᠱᠠᠰᠢᠨ ᠤ ᠰᠠᠬᠢᠭᠤᠯᠰᠤᠨ ᠠᠴᠠ ᠪᠦᠷᠢᠮᠦᠰᠦᠨ ᠥᠮᠴᠢᠯᠡᠵᠦ ᠂ ᠳᠡᠯᠡᠬᠡᠶ ᠶᠢᠨ ᠵᠠᠩ ᠦᠢᠯᠡ ᠶᠢᠨ ᠡᠷᠬᠡ ᠪᠠ ᠵᠠᠰᠠᠯᠲᠠ᠂ ᠭᠠᠳᠠᠭᠠᠳᠤ ᠬᠠᠷᠢᠯᠴᠠᠭ᠎ᠠ ᠪᠠ ᠣᠶᠤᠨ ᠰᠠᠨᠠᠭᠠᠨ ᠤ ᠲᠤᠰᠠᠭᠠᠷ ᠲᠣᠭᠲᠠᠨᠢᠯ ᠢ ᠬᠠᠮᠠᠭᠠᠯᠠᠵᠠᠶ᠃ 2023 ᠣᠨ ᠪᠣᠯᠲᠠᠯ᠎ᠠ  ᠳᠡᠯᠡᠬᠡᠢ  ᠶᠢᠨ ᠬᠠᠮᠤᠭ ᠵᠢᠵᠢᠭ ᠤᠯᠤᠰ ᠲᠠᠯᠠᠪᠠᠶ ᠨᠢ 49 ᠾᠧᠺᠲ᠋ᠠᠷ᠃ ᠰᠠᠨᠺᠲ᠋ ᠫᠧᠲ᠋ᠧᠷ ᠶᠡᠬᠡ ᠶᠣᠰᠣᠯᠠᠯ ᠤᠨ ᠲᠢᠩᠬᠢᠮ ᠃ ᠫᠧᠲ᠋ᠷᠠ᠂ ᠹᠠᠨᠳᠢ ᠬᠦᠷᠢᠶᠡᠯᠡᠩ ᠵᠡᠷᠭᠡ ᠪᠣᠢ᠃