ᠡᠪᠦᠭᠡᠨ ᠪᠠᠷᠰ ᠬᠣᠶᠠᠷ- ᠠᠷᠠᠳ ᠤᠨ ᠠᠮᠠᠨ ᠦᠯᠢᠭᠡᠷөвгөн бар хоёр
ᠡᠪᠦᠭᠡᠨ ᠪᠠᠷᠰ ᠬᠣᠶᠠᠷ
ᠠᠷᠠᠳ ᠤ᠋ᠨ ᠠᠮᠠᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠬᠥᠬᠥᠭᠡ ᠳᠣᠩᠭᠣᠳᠴᠤ ᠪᠣᠭᠱᠣᠷᠭ᠎ᠠ ᠵᠢᠷᠭᠢᠭᠰᠡᠨ ᠶᠡᠬᠡ ᠬᠥᠪᠴᠢ ᠶ᠋ᠢᠨ ᠵᠠᠬ᠎ᠠ ᠳ᠋ᠤ᠌ ᠳᠣᠪᠣ ᠲᠤᠯᠤᠭᠠᠳ ᠤ᠋ᠨ ᠳᠤᠮᠳᠠ ᠡᠪᠦᠭᠡᠨ᠂ ᠡᠮᠡᠭᠡᠨ ᠬᠣᠶᠠᠷ ᠲᠠᠷᠠᠭ ᠤ᠋ᠨ ᠲᠠᠪᠤᠨ ᠢᠮᠠᠭ᠎ᠠ ᠲᠠᠢ᠂ ᠰᠠᠭᠠᠯᠢ ᠶᠢᠨ ᠭᠠᠭᠴᠠ ᠦᠨᠢᠶ᠎ᠡ᠂ ᠴᠢᠳᠥᠷ ᠦ᠋ᠨ ᠬᠣᠶᠠᠷ ᠮᠣᠷᠢ ᠲᠠᠢ ᠠᠵᠤ ᠲᠦᠷᠢᠨ ᠠᠮᠢᠳᠤᠷᠠᠨ ᠰᠠᠭᠤᠳᠠᠭ ᠪᠠᠢᠵᠠᠢ᠃
ᠨᠢᠭᠡᠨ ᠡᠳᠦᠷ ᠡᠪᠦᠭᠡᠨ ᠣᠢ ᠬᠥᠪᠴᠢ ᠠᠭᠤᠯᠠᠨ ᠳ᠋ᠤ᠌ ᠪᠠᠨ ᠠᠩ ᠬᠦᠷᠦᠭᠡ ᠬᠢᠵᠦ ᠶᠠᠪᠤᠯ᠎ᠠ᠃
ᠢᠩᠭᠢᠲᠡᠯ᠎ᠡ᠂ ᠣᠢ ᠶ᠋ᠢᠨ ᠴᠣᠭᠣᠷᠬᠠᠢ ᠠ᠋ᠴᠠ ᠬᠦᠴᠦ ᠶᠡᠬᠡ ᠲᠡᠢ ᠬᠦᠷᠡᠩ ᠡᠷᠢᠶᠡᠨ ᠪᠠᠷᠰ ᠭᠠᠷᠴᠤ ᠢᠷᠡᠨ ᠡᠪᠦᠭᠡᠨ ᠤᠷᠤᠭᠤ ᠣᠢᠷᠠᠲᠤᠨ ᠢᠷᠡᠵᠦ᠂ ᠡᠪᠦᠭᠡᠨ ᠭᠤᠸᠠᠢ ᠪᠢ ᠲᠠᠨ ᠢ᠋ ᠢᠳᠡᠨ᠎ᠡ ᠭᠡᠵᠦ ᠬᠡᠯᠡᠬᠦ ᠳ᠋ᠦ᠍! ᠡᠪᠦᠭᠡᠨ ᠮᠠᠰᠢ ᠶᠡᠬᠡ ᠪᠡᠷ ᠠᠶᠤᠵᠤ ᠪᠠᠢᠭᠰᠠᠨ ᠪᠣᠯᠪᠠᠴᠤ ᠵᠣᠷᠢᠭ ᠲᠠᠢ ᠲᠦᠷᠡᠢ ᠭᠠᠷᠭᠠᠨ ᠵᠠ! ᠪᠠᠷᠰ ᠭᠤᠸᠠᠢ ᠮᠢᠨᠢ! ᠪᠢ ᠠᠩ ᠬᠦᠷᠦᠭᠡ ᠬᠢᠵᠦ ᠶᠠᠪᠤᠭ᠎ᠠ ᠪᠢᠯᠡ! ᠲᠠᠨ ᠢ᠋ ᠴᠦ᠍ ᠭᠡᠰᠡᠨ ᠠᠩᠨᠠᠵᠤ ᠢᠳᠡᠮᠡᠷ ᠪᠠᠢᠨ᠎ᠠ! ᠭᠡᠲᠡᠯ᠎ᠡ ᠪᠠᠷᠰ! ᠵᠠ! ᠲᠡᠭᠡᠪᠡᠯ ᠬᠣᠶᠠᠭᠤᠯᠠ ᠪᠠᠨ ᠬᠦᠴᠦ ᠪᠡᠨ ᠦᠵᠡᠶ᠎ᠡ! ᠬᠡᠨ ᠬᠦᠴᠦ ᠲᠡᠢ ᠨᠢ ᠨᠥᠭᠦᠭᠡ ᠶ᠋ᠢ ᠪᠡᠨ ᠢᠳᠡᠶ᠎ᠡ! ᠭᠡᠵᠦ ᠬᠡᠯᠡᠬᠦ ᠳ᠋ᠦ᠍ ᠡᠪᠦᠭᠡᠨ᠄ ᠵᠠ! ᠪᠣᠯᠤᠯ ᠦᠭᠡᠢ ᠶᠠᠭᠠᠬᠢᠬᠤᠪ! ᠪᠠᠷᠰ ᠭᠤᠸᠠᠢ ᠮᠢᠨᠢ! ᠲᠡᠭᠡᠪᠡᠯ ᠬᠣᠶᠠᠭᠤᠯᠠ ᠪᠠᠨ ᠮᠠᠷᠭᠠᠰᠢ ᠤᠷᠭᠤᠬᠤ ᠶ᠋ᠢᠨ ᠤᠯᠠᠭᠠᠨ ᠨᠠᠷᠠᠨ ᠢ᠋ᠶ᠋ᠠᠷ᠂ ᠶᠠᠭ ᠡᠨᠡ ᠭᠠᠵᠠᠷ ᠲᠤ᠌ ᠪᠠᠨ ᠠᠭᠤᠯᠵᠠᠭᠠᠳ ᠴᠢᠯᠠᠭᠤᠨ ᠠ᠋ᠴᠠ ᠰᠢᠭᠦᠰᠦ ᠭᠠᠷᠭᠠᠲᠠᠯ᠎ᠠ ᠠᠳᠬᠤᠶ᠎ᠠ! ᠭᠡᠪᠡᠯ ᠪᠠᠷᠰ ᠵᠥᠪᠰᠢᠶᠡᠷᠡᠨ᠂ ᠮᠠᠷᠭᠠᠰᠢ ᠠᠭᠤᠯᠵᠠᠬᠤ ᠪᠠᠷ ᠬᠣᠶᠠᠷ ᠲᠠᠢᠰᠢ ᠪᠠᠨ ᠰᠠᠯᠤᠨ ᠣᠳᠪᠠ ᠃
ᠡᠪᠦᠭᠡᠨ ᠭᠡᠷ ᠲᠦ᠍ ᠪᠡᠨ ᠢᠷᠡᠵᠦ᠂ ᠡᠮᠡᠭᠡᠨ ᠳ᠋ᠦ᠍ ᠪᠡᠨ ᠪᠣᠯᠤᠭᠰᠠᠨ ᠪᠦᠬᠦ ᠶᠠᠪᠤᠳᠠᠯ ᠢ᠋ ᠨᠢᠭᠡᠳ ᠨᠢᠭᠡᠨ ᠦᠭᠡᠢ ᠶᠠᠷᠢᠯ᠎ᠠ᠃ ᠡᠮᠡᠭᠡᠨ ᠨᠢ᠄ ᠡᠪᠦᠭᠡᠨ ᠮᠢᠨᠢ ᠲᠡᠭᠡᠪᠡᠯ᠂ ᠬᠠᠢᠷᠬᠠᠭ ᠴᠢᠯᠠᠭᠤᠨ ᠳᠣᠲᠣᠷ ᠥᠨᠳᠡᠭᠡ ᠬᠢᠭᠡᠳ ᠠᠳᠬᠤᠵᠤ ᠣᠷᠭᠢ! ᠭᠡᠵᠦ ᠬᠡᠯᠡᠵᠡᠢ᠃
ᠮᠠᠷᠭᠠᠰᠢ ᠨᠢ᠄ ᠡᠪᠦᠭᠡᠨ ᠪᠠᠷᠰ ᠬᠣᠶᠠᠷ ᠨᠥᠭᠦᠭᠡ ᠲᠡᠮᠳᠡᠭᠲᠦ ᠭᠠᠵᠠᠷ ᠢ᠋ᠶ᠋ᠠᠨ ᠠᠭᠤᠯᠵᠠᠭᠠᠳ ᠡᠪᠦᠭᠡᠨ ᠬᠠᠢᠷᠬᠠᠭ ᠴᠢᠯᠠᠭᠤ ᠲᠠᠢ ᠥᠨᠳᠡᠭᠡᠨ ᠦ᠌ ᠰᠢᠭᠦᠰᠦ ᠶ᠋ᠢ ᠭᠣᠭᠣᠵᠢᠲᠠᠯ᠎ᠠ ᠠᠳᠬᠤᠵᠤ ᠭᠡᠨ᠎ᠡ᠃
ᠪᠠᠷᠰ ᠬᠡᠴᠢᠨᠡᠭᠡᠨ ᠴᠢᠯᠠᠭᠤ ᠶ᠋ᠢ ᠦᠢᠷᠡᠲᠡᠯᠡ ᠠᠳᠬᠤᠭᠰᠠᠨ ᠪᠣᠯᠪᠠᠴᠤ ᠶᠠᠮᠠᠷ ᠴᠤ᠌ ᠰᠢᠭᠦᠰᠦ ᠭᠠᠷᠤᠭᠰᠠᠨ ᠦᠭᠡᠢ᠃
ᠢᠩᠭᠢᠭᠡᠳ ᠪᠠᠷᠰ ᠡᠪᠦᠭᠡᠨ ᠲᠡᠢ ᠠᠳᠠᠯᠢ ᠬᠦᠴᠦ ᠪᠡᠨ ᠦᠵᠡᠬᠦ ᠪᠣᠯᠵᠤ᠂ ᠡᠪᠦᠭᠡᠨ ᠭᠤᠸᠠᠢ ᠮᠠᠷᠭᠠᠰᠢ ᠥᠷᠯᠥᠭᠡ ᠤᠷᠭᠤᠬᠤ ᠶᠢᠨ ᠤᠯᠠᠭᠠᠨ ᠨᠠᠷᠠᠨ ᠢᠶᠠᠷ ᠠᠭᠤᠯᠠ ᠶ᠋ᠢᠨ ᠮᠣᠳᠣ ᠶ᠋ᠢ ᠬᠤᠭᠤ ᠴᠣᠬᠢᠶ᠎ᠠ᠂ ᠭᠡᠵᠦ ᠬᠡᠯᠡᠵᠡᠢ᠃
ᠡᠪᠦᠭᠡᠨ ᠭᠡᠷ ᠲᠦ᠍ ᠪᠡᠨ ᠬᠠᠷᠢᠭᠠᠳ ᠡᠮᠡᠭᠡᠨ ᠳ᠋ᠦ᠍ ᠪᠡᠨ ᠬᠡᠯᠡᠭᠰᠡᠨ ᠳ᠋ᠦ᠍ ᠡᠮᠡᠭᠡᠨ ᠨᠢ ᠣᠷᠣᠢ ᠬᠣᠶᠠᠭᠤᠯᠠ ᠪᠠᠨ ᠣᠴᠢᠭᠠᠳ ᠬᠡᠳᠦᠨ ᠮᠣᠳᠣ ᠬᠢᠷᠥᠭᠡᠳᠡᠭᠡᠳ ᠲᠠᠯᠪᠢᠴᠢᠬᠠᠶᠠ! ᠮᠠᠷᠭᠠᠰᠢ ᠥᠷᠯᠥᠭᠡ ᠨᠢ ᠣᠴᠢᠭᠠᠳ ᠬᠢᠷᠥᠭᠡᠳᠡᠭᠰᠡᠨ ᠮᠣᠳᠣ ᠪᠠᠨ ᠲᠦᠯᠬᠢᠭᠡᠳ ᠬᠤᠭᠤᠯᠵᠤ ᠣᠷᠭᠢ! ᠭᠡᠵᠦ ᠵᠢᠭᠠᠵᠤ ᠥᠭᠴᠦ ᠭᠡᠨ᠎ᠡ᠃
ᠲᠡᠭᠡᠭᠡᠳ ᠮᠠᠷᠭᠠᠰᠢ ᠥᠷᠯᠥᠭᠡ ᠨᠢ ᠠᠬᠢᠨ ᠬᠦᠴᠦ ᠪᠡᠨ ᠦᠵᠡᠬᠦ ᠪᠣᠯᠵᠤ ᠠᠭᠤᠯᠠ ᠶ᠋ᠢᠨ ᠮᠣᠳᠣ ᠶ᠋ᠢ ᠤᠨᠠᠭᠠᠵᠤ ᠭᠠᠷᠴᠠᠢ᠃ ᠡᠪᠦᠭᠡᠨ ᠦ᠌ ᠲᠦᠯᠬᠢᠭᠰᠡᠨ ᠮᠣᠳᠣ ᠳᠠᠪ ᠲᠡᠭᠰᠢᠬᠡᠨ ᠬᠠᠷᠢᠨ ᠪᠠᠷᠰ ᠤ᠋ᠨ ᠠᠯᠠᠭᠠᠳᠠᠭᠰᠠᠨ ᠮᠣᠳᠣ ᠰᠠᠯᠪᠠᠷᠬᠠᠢ ᠳᠠᠯᠪᠠᠷᠬᠠᠢ ᠪᠠᠢᠪᠠ!
ᠪᠠᠷᠰ ᠡᠪᠦᠭᠡᠨ ᠢ᠋ ᠢᠳᠡᠬᠦ ᠡᠴᠡ ᠠᠶᠤᠵᠤ ᠭᠡᠷ ᠲᠦ᠍ ᠪᠡᠨ ᠤᠷᠢᠯ᠎ᠠ᠃ ᠡᠪᠦᠭᠡᠨ ᠴᠦ᠍ ᠶᠠᠭᠠᠬᠢᠬᠤ ᠴᠤ᠌ ᠠᠷᠭ᠎ᠠ ᠦᠭᠡᠢ ᠪᠣᠯᠵᠤ ᠪᠠᠷᠰ ᠤ᠋ᠨ ᠳ᠋ᠤ᠌ ᠣᠴᠢᠯ᠎ᠠ᠃ ᠪᠠᠷᠰ ᠬᠣᠭᠣᠯᠠ ᠴᠠᠢ ᠬᠢᠵᠦ ᠥᠭᠴᠦ ᠣᠷᠣᠢ ᠨᠢ ᠤᠨᠲᠠᠬᠤ ᠪᠣᠯᠵᠤ ᠡᠪᠦᠭᠡᠨ ᠮᠠᠰᠢ ᠶᠡᠬᠡ ᠠᠶᠤᠨ ᠠᠶᠤᠵᠤ ᠬᠡᠪᠲᠡᠯ᠎ᠡ᠃
ᠲᠡᠭᠡᠲᠡᠯ᠎ᠡ ᠪᠠᠷᠰ ᠰᠡᠯᠡᠮ᠎ᠡ ᠪᠡᠨ ᠪᠢᠯᠡᠭᠦᠳᠡᠵᠦ ᠪᠠᠢᠭᠠᠳ ᠭᠠᠷᠤᠭᠠᠳ ᠶᠠᠪᠤᠯ᠎ᠠ ᠭᠡᠨ᠎ᠡ᠃
ᠡᠪᠦᠭᠡᠨ ᠲᠡᠷᠡ ᠬᠣᠭᠣᠷᠣᠨᠳᠣ ᠨᠢ ᠪᠠᠷᠰ ᠤ᠋ᠨ ᠭᠡᠷ ᠲᠦ᠍ ᠪᠠᠢᠭᠰᠠᠨ ᠤᠭᠤᠷ ᠢ ᠠᠪᠴᠤ ᠲᠣᠯᠣᠭᠠᠢ ᠳ᠋ᠤ᠌ ᠪᠠᠨ ᠤᠭᠯᠠᠵᠤ ᠬᠡᠪᠲᠡᠪᠡ᠃ ᠪᠠᠷᠰ ᠭᠠᠳᠠᠨ᠎ᠠ ᠠ᠋ᠴᠠ ᠣᠷᠣᠵᠤ ᠢᠷᠡᠭᠡᠳ ᠡᠪᠦᠭᠡᠨ ᠦ᠌ ᠲᠣᠯᠣᠭᠠᠢ ᠶ᠋ᠢ ᠴᠠᠪᠴᠢᠲᠠᠯᠠ ᠰᠦᠬᠡ ᠨᠢ ᠬᠤᠭᠤᠷᠠᠭᠰᠠᠨ ᠲᠤᠯᠠ ᠪᠠᠷᠰ ᠦᠬᠦᠲᠡᠯ᠎ᠡ ᠪᠡᠨ ᠠᠶᠤᠵᠤ ᠰᠡᠮᠬᠡᠨ ᠣᠷᠣ ᠤᠷᠤᠭᠤ ᠪᠠᠨ ᠣᠴᠢᠵᠤ ᠤᠨᠲᠠᠪᠠ᠃
ᠪᠠᠷᠰ ᠢ᠋ ᠤᠨᠲᠠᠭᠰᠠᠨ ᠤ ᠬᠣᠢᠨ᠎ᠠ ᠡᠪᠦᠭᠡᠨ ᠪᠣᠰᠤᠭᠠᠳ ᠨᠥᠭᠦᠭᠡ ᠤᠭᠤᠷ ᠢ᠋ᠶ᠋ᠠᠨ ᠪᠠᠢᠭᠰᠠᠨ ᠪᠠᠢᠷᠢᠨ ᠳ᠋ᠤ᠌ ᠨᠢ ᠲᠠᠯᠪᠢᠵᠠᠢ᠃
ᠡᠪᠦᠭᠡᠨ ᠪᠣᠰᠤᠭᠠᠳ ᠬᠡᠯᠡᠭᠰᠡᠨ ᠨᠢ᠄
ᠮᠢᠨᠦ ᠲᠣᠯᠣᠭᠠᠢ ᠳᠡᠭᠡᠷ᠎ᠡ ᠥᠴᠥᠭᠡᠳᠦᠷ ᠨᠢᠭᠡ ᠶᠠᠭᠤᠮ᠎ᠠ《ᠳᠡᠰ 》 ᠬᠢᠭᠰᠡᠨ! ᠶᠠᠭᠠᠬᠢᠭᠰᠠᠨ ᠶᠤᠮ ᠪᠣᠯ ᠳᠠ ᠭᠡᠳ ᠲᠣᠯᠣᠭᠠᠢ ᠪᠠᠨ ᠮᠠᠭᠠᠵᠢᠪᠠ᠃ ᠪᠠᠷᠰ ᠬᠡᠯᠡᠭᠰᠡᠨ ᠨᠢ᠄ ᠪᠢ ᠥᠴᠥᠭᠡᠳᠦᠷ ᠲᠠᠨ ᠢ᠋ ᠢᠳᠡᠬᠦ ᠭᠡᠰᠡᠨ ᠴᠢᠳᠠᠭᠰᠠᠨ ᠦᠭᠡᠢ᠂ ᠴᠢ ᠴᠢᠳᠠᠯ ᠲᠠᠢ ᠬᠥᠮᠦᠨ ᠶᠦ᠍ᠮ ᠠ᠋ ᠭᠡᠵᠡᠢ᠃ ᠢᠩᠭᠢᠭᠡᠳ ᠪᠠᠷᠰ ᠴᠠᠢ ᠪᠠᠨ ᠴᠢᠨᠠᠬᠤ ᠭᠡᠳ ᠡᠪᠦᠭᠡᠨ ᠢ᠋ ᠤᠰᠤᠨ ᠳ᠋ᠤ᠌ ᠶᠠᠪᠤᠭᠤᠯᠪᠠ᠃
ᠡᠪᠦᠭᠡᠨ ᠪᠣᠳᠣᠭᠰᠠᠨ ᠨᠢ᠄ ᠤᠰᠤ ᠦᠭᠡᠢ ᠬᠤᠪᠢᠩ ᠢ᠋ ᠠᠷᠠᠢ ᠭᠡᠵᠦ ᠳᠠᠭᠠᠭᠠᠵᠤ ᠪᠠᠢᠭ᠎ᠠ ᠶᠤᠮ ᠴᠢᠨᠢ ᠤᠰᠤ ᠲᠠᠢ ᠬᠤᠪᠢᠩ ᠢ᠋ ᠪᠦᠷ ᠴᠦ᠍ ᠳᠠᠭᠠᠭᠠᠬᠤ ᠦᠭᠡᠢ ᠨᠢ ᠣᠢᠯᠠᠭᠠᠮᠵᠢᠲᠠᠢ ᠪᠣᠯᠤᠯ᠎ᠠ᠃ ᠶᠠᠭᠠᠬᠢᠳᠠᠭ ᠶᠤᠮ ᠪᠢᠯᠡ ᠭᠡᠳ ᠬᠡᠰᠡᠭ ᠪᠣᠳᠣᠵᠤ ᠰᠠᠭᠤᠪᠠ᠃
ᠲᠡᠭᠡᠭᠡᠳ ᠪᠣᠳᠣᠭᠰᠠᠭᠠᠷ ᠪᠣᠳᠣᠭᠰᠠᠭᠠᠷ ᠨᠢᠭᠡᠨ ᠠᠷᠭ᠎ᠠ ᠣᠯᠵᠤ ᠬᠤᠳᠳᠤᠭ ᠢ᠋ ᠨᠢ ᠲᠣᠭᠣᠷᠢᠭᠤᠯᠤᠨ ᠤᠬᠤᠵᠤ ᠡᠬᠢᠯᠡᠪᠡ᠃ ᠭᠡᠲᠡᠯ᠎ᠡ ᠪᠠᠷᠰ ᠲᠡᠭᠦᠨ ᠢ᠋ ᠬᠠᠷᠠᠵᠤ ᠲᠠ ᠴᠢᠨᠢ ᠶᠠᠭᠠᠬᠢᠵᠤ ᠪᠠᠢᠨ᠎ᠠ ᠭᠡᠵᠦ ᠠᠰᠠᠭᠤᠪᠠ᠃
ᠡᠪᠦᠭᠡᠨ᠄ ᠨᠢᠭᠡᠮᠦᠰᠦᠨ ᠤᠬᠤᠭᠠᠳ ᠠᠪᠠᠴᠢᠴᠢᠬᠠᠶᠠ ᠶᠣ!
ᠵᠠᠭᠤ ᠵᠣᠪᠠᠬᠤ ᠦᠭᠡᠢ ᠴᠦ᠍ ᠠᠬᠢᠨ ᠳᠠᠬᠢᠨ ᠠᠵᠢᠯᠯᠠᠬᠤ ᠪᠣᠯᠤᠨ᠎ᠠ᠂ ᠲᠠᠨ ᠳ᠋ᠤ᠌ ᠠᠮᠠᠷ ᠰᠢᠦ ᠳᠡ! ᠭᠡᠵᠦ ᠬᠡᠯᠡᠪᠡ᠃ ᠪᠠᠷᠰ ᠰᠠᠨᠳᠤᠷᠴᠤ ᠬᠤᠳᠳᠤᠭ ᠢ᠋ ᠤᠬᠤᠪᠠᠯ ᠪᠢ ᠬᠠᠲᠠᠵᠤ ᠦᠬᠦᠨ᠎ᠡ ᠭᠡᠳ ᠤᠰᠤ ᠲᠠᠢ ᠬᠤᠪᠢᠩ ᠢ᠋ᠶ᠋ᠠᠨ ᠠᠪᠤᠭᠠᠳ ᠶᠠᠪᠤᠯ᠎ᠠ᠃
ᠪᠠᠷᠰ ᠠᠢᠯᠴᠢᠨ ᠳ᠋ᠤ᠌ ᠪᠠᠨ ᠪᠡᠯᠡᠭ ᠥᠭᠬᠦ ᠭᠡᠳ ᠨᠢᠭᠡᠨ ᠲᠣᠮᠣ ᠠᠯᠲᠠ ᠲᠡᠪᠡᠷᠢᠵᠦ ᠢᠷᠡᠭᠡᠳ ᠡᠪᠦᠭᠡᠨ ᠦ᠌ ᠡᠮᠦᠨ᠎ᠡ ᠲᠠᠯᠪᠢᠯ᠎ᠠ᠃ ᠡᠪᠦᠭᠡᠨ ᠠᠯᠲᠠ ᠶ᠋ᠢ ᠳᠠᠭᠠᠭᠠᠬᠤ ᠦᠭᠡᠢ ᠤᠴᠢᠷ᠂ ᠪᠠᠷᠰ ᠲᠤ᠌ ᠢᠩᠭᠢᠵᠦ ᠬᠡᠯᠡᠪᠡ᠃
ᠤᠷᠢᠭᠰᠠᠨ ᠵᠣᠴᠢᠨ ᠢ᠋ᠶ᠋ᠠᠨ ᠥᠪᠡᠷ ᠤᠨ ᠪᠡᠶ᠎ᠡ ᠪᠡᠷ ᠭᠡᠷ ᠲᠦ᠍ ᠨᠢ ᠠᠪᠠᠴᠢᠳᠠᠭ ᠶᠣᠰᠣᠲᠠᠢ ᠶᠤᠮ ᠳᠠ! ᠭᠡᠲᠡᠯ᠎ᠡ ᠪᠠᠷᠰ ᠡᠪᠦᠭᠡᠨ ᠢ᠋ ᠳᠠᠭᠠᠭᠤᠯᠤᠨ ᠠᠯᠲᠠ ᠶ᠋ᠢ ᠨᠢ ᠡᠭᠦᠷᠦᠨ ᠭᠡᠷ ᠲᠦ᠍ ᠨᠢ ᠣᠴᠢᠪᠠ ᠭᠡᠨ᠎ᠡ᠃
ᠢᠩᠭᠢᠭᠡᠳ ᠡᠮᠡᠭᠡᠨ ᠡᠪᠦᠭᠡᠨ ᠬᠣᠶᠠᠷ ᠪᠠᠷᠰ ᠢ᠋ ᠵᠣᠴᠢᠯᠠᠵᠤ ᠳᠠᠢᠯᠠᠵᠤ ᠬᠣᠭᠣᠯᠠ ᠤᠮᠳᠠ ᠬᠢᠬᠦ ᠶᠦ᠍ᠮ ᠪᠣᠯᠪᠠ᠃ ᠡᠮᠡᠭᠡᠨ ᠡᠪᠦᠭᠡᠨ ᠡᠴᠡ ᠪᠡᠨ ᠄ ᠡᠪᠦᠭᠡᠨ ᠠ᠋! ᠵᠣᠴᠢᠨ ᠳ᠋ᠤ᠌ ᠪᠠᠨ ᠶᠠᠮᠠᠷ ᠬᠣᠭᠣᠯᠠ ᠬᠢᠬᠦ ᠪᠣᠢ ᠭᠡᠵᠦ ᠠᠰᠠᠭᠤᠪᠠ᠃
ᠡᠪᠦᠭᠡᠨ᠄ ᠲᠦᠷᠦᠭᠦᠴᠢ ᠶᠢᠨ ᠪᠠᠷᠰ ᠤ᠋ᠨ ᠲᠥᠪᠥᠩᠬᠡᠢ ᠰᠡᠭᠦᠯᠴᠢ ᠶ᠋ᠢᠨ ᠪᠠᠷᠰ ᠤ᠋ᠨ ᠬᠣᠰᠬᠢᠨᠠᠭ ᠴᠢᠨᠠᠵᠤ ᠥᠭᠭᠦᠶ᠎ᠡ ᠳᠡ! ᠭᠡᠵᠦ ᠬᠡᠯᠡᠪᠡ᠃
ᠪᠠᠷᠰ ᠴᠤ᠌ ᠤᠬᠠᠭᠠᠨ ᠦᠭᠡᠢ ᠠᠶᠤᠭᠠᠳ ᠤᠬᠤᠰᠬᠢᠨ ᠭᠡᠷ ᠡᠴᠡ ᠭᠠᠷᠤᠨ ᠵᠢᠭᠤᠲᠠᠯ᠎ᠠ ᠃
ᠡᠳᠡ ᠴᠢᠨᠢ ᠨᠠᠮ᠎ᠠ ᠶ᠋ᠢ ᠠᠯᠠᠵᠤ ᠢᠳᠡᠬᠦ ᠨᠢ ᠪᠠᠢᠨ᠎ᠠ ᠭᠡᠵᠦ ᠪᠣᠳᠣᠭᠠᠳ ᠤᠯᠠᠮ ᠬᠤᠷᠳᠤᠯᠠᠪᠠ᠃
ᠲᠡᠭᠡᠲᠡᠯ᠎ᠡ ᠤᠷᠲᠤ ᠠ᠋ᠴᠠ ᠨᠢ ᠥᠯᠥᠨ ᠬᠥᠬᠡ ᠴᠢᠨᠣ᠎ᠠ ᠱᠣᠭᠰᠢᠵᠤ ᠶᠠᠪᠤᠨ᠎ᠠ ᠭᠡᠨ᠎ᠡ᠃ ᠴᠢᠨᠣ᠎ᠠ ᠠᠰᠠᠭᠤᠭᠰᠠᠨ ᠳ᠋ᠤ᠌ ᠄ ᠪᠠᠷᠰ ᠭᠤᠸᠠᠢ ᠲᠠ ᠴᠢᠨᠢ ᠶᠠᠭᠤᠨ ᠳ᠋ᠤ᠌ ᠪᠠᠨ ᠢᠩᠭᠢᠵᠦ ᠰᠠᠨᠳᠤᠷᠤᠨ ᠶᠠᠪᠤᠨ᠎ᠠ ᠪᠣᠢ? ᠭᠡᠵᠦ ᠰᠢᠭᠤᠳ ᠪᠠᠷᠰ᠄
ᠲᠡᠷᠲᠡᠭᠡ ᠬᠥᠪᠴᠢ ᠶ᠋ᠢᠨ ᠵᠠᠬ᠎ᠠ ᠳ᠋ᠤ᠌ ᠳᠣᠪᠣ ᠲᠤᠯᠤᠭᠠᠳ ᠤ᠋ᠨ ᠳᠤᠮᠳᠠ ᠠᠢᠬᠤᠪᠲᠤᠷ ᠡᠮᠡᠭᠡᠨ ᠡᠪᠦᠭᠡᠨ ᠬᠣᠶᠠᠷ ᠪᠠᠢᠨ᠎ᠠ᠃ ᠨᠠᠮ᠎ᠠ ᠶ᠋ᠢ ᠠᠯᠠᠵᠤ ᠢᠳᠡᠬᠦ ᠰᠢᠬᠠᠯ᠎ᠠ᠃ ᠲᠡᠭᠡᠭᠡᠳ ᠵᠢᠭᠤᠲᠠᠵᠤ ᠶᠠᠪᠤᠨ᠎ᠠ ᠭᠡᠵᠦ ᠭᠡᠨ᠎ᠡ᠃
ᠴᠢᠨᠣ᠎ᠠ᠄ ᠦ! ᠬᠡ ᠪᠢ ᠡᠳᠦᠷ ᠪᠣᠯᠭᠠᠨ ᠲᠡᠳᠡᠨ ᠦ᠌ ᠮᠠᠯ ᠠ᠋ᠴᠠ ᠢᠳᠡᠳᠡᠭ ᠶᠦ᠍ᠮ ᠃ ᠠᠶᠤᠬᠤ ᠬᠡᠷᠡᠭ ᠦᠭᠡᠢ᠂ ᠬᠡᠷᠪᠡ ᠲᠠ ᠠᠶᠤᠭᠠᠳ ᠪᠠᠢᠭ᠎ᠠ ᠪᠣᠯ ᠬᠣᠶᠠᠭᠤᠯᠠ ᠪᠠᠨ ᠲᠣᠯᠣᠭᠠᠢ ᠪᠠᠨ ᠨᠡᠢᠯᠡᠭᠦᠯᠦᠭᠡᠳ ᠣᠴᠢᠶ᠎ᠠ ᠭᠡᠬᠦ ᠳ᠋ᠦ᠍ ᠪᠠᠷᠰ ᠵᠥᠪᠰᠢᠶᠡᠷᠡᠪᠡ᠃
ᠡᠪᠦᠭᠡᠨ ᠭᠠᠳᠠᠭ᠎ᠠ ᠭᠠᠷᠤᠭᠠᠳ ᠠᠯᠤᠰ ᠢ᠋ ᠬᠠᠷᠠᠵᠤ ᠪᠠᠢᠲᠠᠯ᠎ᠠ᠂ ᠪᠠᠷᠰ ᠴᠢᠨᠣ᠎ᠠ ᠬᠣᠶᠠᠷ ᠲᠣᠯᠣᠭᠠᠢ ᠪᠠᠨ ᠬᠣᠯᠪᠣᠴᠢᠬᠠᠭᠰᠠᠨ ᠢᠷᠡᠵᠦ ᠪᠠᠢᠬᠤ ᠶᠤᠮ᠃
ᠡᠪᠦᠭᠡᠨ ᠴᠢᠩᠭ᠎ᠠ ᠳᠠᠭᠤ ᠪᠠᠷ᠄ ᠦ! ᠥᠯᠥᠨ ᠬᠥᠬᠡ ᠴᠢᠨᠣ᠎ᠠ ᠴᠢ ᠨᠠᠳᠠ ᠳ᠋ᠤ᠌ ᠨᠢᠭᠡ ᠪᠠᠷᠰ ᠤ᠋ᠨ ᠥᠷᠢ ᠲᠡᠢ ᠪᠠᠢᠭᠰᠠᠨ ᠶᠤᠮ! ᠠᠰᠢᠭᠦᠢ ᠲᠡᠭᠦᠨ ᠢ᠋ ᠪᠡᠨ ᠠᠪᠴᠢᠷᠠᠯ᠎ᠠ ᠭᠡᠵᠦ ᠠᠰᠠᠭᠤᠬᠤ ᠳ᠋ᠤ᠌ ᠪᠠᠷᠰ ᠠᠶᠤᠭᠰᠠᠨ ᠳ᠋ᠤ᠌ ᠪᠠᠨ᠄ ᠠ! ᠬᠠ! ᠴᠢ ᠪᠠᠰᠠ ᠨᠠᠮ᠎ᠠ ᠶ᠋ᠢ ᠵᠠᠯᠭᠢᠵᠤ᠂ ᠡᠪᠦᠭᠡᠨ ᠡᠮᠡᠭᠡᠨ ᠬᠣᠶᠠᠷ ᠲᠤ᠌ ᠢᠳᠡᠭᠦᠯᠦᠨ᠎ᠡ ᠭᠡᠨ᠎ᠡ᠂ ᠭᠡᠳ ᠡᠷᠭᠢᠨ ᠬᠠᠷᠠᠭᠠᠳ ᠣᠮ ᠬᠣᠮ ᠦᠭᠡᠢ ᠵᠢᠭᠤᠲᠠᠪᠠ ᠭᠡᠨ᠎ᠡ᠃
ᠨᠡᠯᠢᠶᠡᠳ ᠵᠢᠭᠤᠲᠠᠭᠰᠠᠨ ᠤ ᠳᠠᠷᠠᠭ᠎ᠠ ᠡᠷᠭᠢᠨ ᠬᠠᠷᠠᠲᠠᠯ᠎ᠠ ᠴᠢᠨᠣ᠎ᠠ ᠶ᠋ᠢᠨ ᠠᠷᠠᠭ᠎ᠠ ᠰᠢᠲᠦ ᠨᠢ ᠠᠷᠵᠠᠢᠭᠠᠳ ᠪᠣᠭᠣᠵᠤ ᠦᠬᠦᠭᠰᠡᠨ ᠪᠠᠢᠪᠠ᠃
ᠡᠢᠨ ᠬᠦ᠌ ᠡᠮᠡᠭᠡᠨ ᠡᠪᠦᠭᠡᠨ ᠬᠣᠶᠠᠷ ᠳᠠᠢᠰᠤᠨ ᠢ᠋ᠶ᠋ᠠᠨ ᠳᠠᠷᠤᠭᠠᠳ ᠠᠮᠤᠷ ᠰᠠᠢᠬᠠᠨ ᠳ᠋ᠠᠭᠠᠨ ᠵᠢᠭᠠᠵᠠᠢ᠃
ᠦᠰᠦᠭ ᠬᠠᠲᠠᠭᠴᠢ ᠄ᠲᠣᠳᠣᠭᠡᠷᠡᠯ
ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ᠂ᠲᠣᠳᠣᠭᠡᠷᠡᠯ
ᠬᠢᠨᠠᠭᠴᠢ᠄ ᠠᠯᠲᠠᠠᠠᠠᠭᠤᠯᠠ ᠂ ᠮᠥᠩᠭᠥᠨᠴᠡᠴᠡᠭ᠂ ᠣᠳᠣᠨ᠂ ᠭᠠᠷᠮ᠎ᠠ
