ᠵᠥᠭᠡᠯᠡᠨ ᠵᠥᠭᠡᠯᠡᠨ ᠽᠠᠮᠪᠤᠯᠢᠩ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠭᠡᠯᠡᠨ ᠵᠥᠭᠡᠯᠡᠨ ᠽᠠᠮᠪᠤᠯᠢᠩ-ᠮᠠᠨᠳᠤᠬᠤ ᠪᠠᠭᠰᠢ ᠶᠢᠨ ᠤᠷᠠᠨ ᠪᠢᠴᠢᠯᠭᠡ

ᠵᠥᠭᠡᠯᠡᠨ ᠵᠥᠭᠡᠯᠡᠨ ᠽᠠᠮᠪᠤᠯᠢᠩ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-09-05

518

ᠵᠥᠭᠡᠯᠡᠨ ᠵᠥᠭᠡᠯᠡᠨ ᠽᠠᠮᠪᠤᠯᠢᠩ


     ᠰᠢᠯᠦᠭ᠄ ᠯ· ᠮᠥᠩᠬᠡᠲᠥ᠋ᠷᠦ   
     ᠬᠥᠭᠵᠢᠮ᠄ ᠪᠠᠰᠠᠩᠳᠣᠷᠵᠢ   
     ᠳᠠᠭᠤᠴᠢᠨ᠄ ᠪᠠᠰᠠᠩᠳᠣᠷᠵᠢ   

ᠠᠭᠢ ᠦᠨᠦᠷᠲᠦᠭᠰᠡᠨ ᠴᠡᠩᠬᠡᠷ ᠲᠠᠯ᠎ᠠ ᠶ᠋ᠢᠨ  
ᠠᠳᠤᠭᠤ ᠨᠢ ᠲᠠᠩᠳᠠ ᠰᠤᠷᠯᠢᠭ ᠪᠠᠢᠳᠠᠭ ᠠ᠋   
ᠠᠭᠤᠵᠢᠭᠤ ᠲᠠᠢᠪᠤᠭᠤ ᠤᠬᠠᠭᠠᠨ ᠲᠠᠢ ᠠᠪᠤ ᠶ᠋ᠢᠨ ᠮᠢᠨᠢ  
ᠦᠭᠡ ᠨᠢ ᠲᠠᠩᠳᠠ ᠡᠷᠳᠡᠨᠢ ᠪᠠᠢᠳᠠᠭ ᠠ᠋   
ᠵᠡᠭᠦᠳᠦ ᠬᠦᠷᠲᠡᠯ᠎ᠡ ᠵᠢᠷᠭᠠᠭᠠᠳ ᠰᠡᠷᠢᠳᠡᠭ  
ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ᠃  

ᠨᠠᠷᠠ ᠦᠳᠡᠯᠡᠭᠰᠡᠨ ᠪᠤᠭᠤᠷᠤᠯ ᠭᠣᠪᠢ ᠶ᠋ᠢᠨ
ᠰᠠᠯᠬᠢ ᠨᠢ ᠲᠠᠩᠳᠠ ᠪᠦᠯᠢᠶᠡᠨ ᠪᠠᠢᠳᠠᠭ
ᠨᠠᠰᠤᠨ ᠥᠨᠳᠥᠷ ᠰᠠᠢᠬᠠᠨ ᠡᠵᠢ ᠶ᠋ᠢᠨ ᠮᠢᠨᠢ
ᠰᠠᠨᠠᠭ᠎ᠠ ᠨᠢ ᠲᠠᠩᠳᠠ ᠰᠦ ᠪᠠᠢᠳᠠᠭ
ᠵᠡᠭᠦᠳᠦ ᠬᠦᠷᠲᠡᠯ᠎ᠡ ᠵᠢᠷᠭᠠᠭᠠᠳ ᠰᠡᠷᠢᠳᠡᠭ
ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ᠃

ᠪᠥᠵᠥᠩ ᠲᠠᠤᠯᠠᠢ ᠬᠡᠷᠦᠭᠰᠡᠨ ᠪᠤᠲᠠ ᠨᠢ
ᠬᠠᠷᠠᠬᠤ ᠳ᠋ᠤ᠌ ᠨᠢᠭᠡ ᠯᠡ ᠨᠥᠮᠥᠷᠢ ᠲᠡᠢ ᠪᠠᠢᠳᠠᠭ
ᠪᠦᠪᠡᠢ ᠠᠶᠠᠯᠤᠭᠰᠠᠨ ᠪᠦᠰᠡᠭᠦᠢ ᠬᠥᠮᠦᠨ ᠦ᠌
ᠬᠠᠷᠠᠴᠠ ᠨᠢ ᠲᠠᠩᠳᠠ ᠵᠥᠭᠡᠯᠡᠨ ᠪᠠᠢᠳᠠᠭ
ᠵᠡᠭᠦᠳᠦ ᠬᠦᠷᠲᠡᠯ᠎ᠡ ᠵᠢᠷᠭᠠᠭᠠᠳ ᠰᠡᠷᠢᠳᠡᠭ
ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ
ᠵᠡᠭᠦᠳᠦ ᠬᠦᠷᠲᠡᠯ᠎ᠡ ᠵᠢᠷᠭᠠᠭᠠᠳ ᠰᠡᠷᠢᠳᠡᠭ
ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ
ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ᠃

ᠦᠰᠦᠭ ᠠᠮᠢᠯᠠᠭᠤᠯᠤᠭᠴᠢ᠄ ᠨᠠᠷᠠᠨᠲᠣᠭᠣᠰ
    ᠬᠢᠨᠠᠭᠴᠢ᠄ ᠤᠤᠭᠠᠨᠵᠢᠳ