ᠪᠢᠴᠢᠬᠠᠨ ᠰᠤᠷᠭᠠᠯ - ᠷ ᠴᠣᠢᠨᠣᠮБяцхан сургааль-Р.Чойном
ᠪᠢᠴᠢᠬᠠᠨ ᠰᠤᠷᠭᠠᠯ1
ᠪᠢᠴᠢᠬᠠᠨ ᠰᠤᠷᠭᠠᠯ2
ᠷ·ᠴᠣᠢᠨᠤᠮ
1
ᠲᠤᠩᠭᠠᠵᠤ ᠪᠣᠳᠣᠭ᠎ᠠ ᠦᠭᠡᠢ ᠶᠠᠭᠤᠬᠠᠨ ᠳ᠋ᠤ᠌ ᠴᠤ᠌ ᠭᠡᠰᠡᠨ
ᠲᠤᠢᠯ ᠦ᠋ᠨ ᠳ᠋ᠦᠩᠨᠡᠯᠲᠡ ᠪᠢᠲᠡᠭᠡᠢ ᠬᠢ!
ᠲᠤᠰᠠᠳᠠ ᠪᠠᠨ ᠥᠪᠡᠷ ᠢ᠋ᠶ᠋ᠡᠨ ᠲᠣᠯᠣᠭᠠᠢ ᠲᠠᠢ ᠶ᠋ᠢᠨ ᠤᠴᠢᠷ
ᠲᠤᠯᠭᠠᠷᠠᠭᠰᠠᠨ ᠶᠠᠭᠤᠮᠠᠨ ᠳ᠋ᠤ᠌ ᠰᠡᠭᠦᠯ ᠳ᠋ᠦ᠍ᠨᠢ ᠳᠤᠤᠭᠠᠷ᠃
ᠬᠥᠮᠦᠨ ᠦ᠌ ᠠᠮᠢᠳᠤᠷᠠᠯ ᠳ᠋ᠤ᠌ ᠴᠤᠬᠠᠭ ᠮᠥᠷᠲᠡᠭᠡᠨ
ᠬᠡᠦᠬᠡᠳ ᠲᠦ᠍ ᠬᠡᠯᠡᠳᠡᠭ ᠦᠭᠡᠢ ᠰᠤᠷᠭᠠᠯ ᠭᠡᠵᠦ ᠪᠣᠢ
ᠬᠦᠢ ᠶᠢᠷᠲᠢᠨᠴᠦ ᠳ᠋ᠦ᠍ ᠡᠯᠪᠡᠭ ᠮᠥᠷᠲᠡᠭᠡᠨ
ᠬᠡᠦᠬᠡᠨ ᠳ᠋ᠦ᠍ ᠬᠡᠯᠡᠳᠡᠭ ᠦᠭᠡᠢ ᠦᠭᠡ ᠭᠡᠵᠦ ᠪᠣᠢ!
ᠥᠨᠥ ᠦᠳᠡᠰᠢ ᠭᠣᠯᠣᠭᠰᠠᠨ ᠬᠣᠭᠣᠯᠠ
ᠥᠷᠯᠥᠭᠡ ᠪᠣᠰᠬᠤ ᠳ᠋ᠤ᠌ ᠡᠷᠳᠡᠨᠢ ᠪᠣᠯᠳᠠᠭ
ᠥᠰᠬᠦ ᠴᠠᠭ ᠲᠤ᠌ ᠬᠠᠢᠬᠤᠷᠤᠭᠠ ᠦᠭᠡᠢ ᠢᠨᠠᠭ
ᠥᠲᠡᠯᠬᠦ ᠶ᠋ᠢᠨ ᠦᠶ᠎ᠡ ᠳ᠋ᠦ᠍ ᠪᠤᠷᠬᠠᠨ ᠭᠡᠭᠳᠡᠳᠡᠭ᠃
ᠵᠤᠨ ᠴᠠᠭ ᠲᠤ᠌ ᠨᠣᠪᠰᠢ ᠪᠣᠯᠤᠭᠰᠠᠨ ᠶᠠᠭᠤᠮ᠎ᠠ
ᠵᠤᠳ ᠲᠠᠢ ᠡᠪᠦᠯ ᠠᠮᠢᠨ ᠳ᠋ᠤ᠌ ᠣᠷᠣᠬᠤ ᠴᠤ᠌ ᠪᠣᠢ
ᠬᠣᠲᠠ ᠭᠠᠵᠠᠷ ᠦ᠋ᠨ ᠪᠤᠯᠢᠶᠠᠴᠠᠯᠳᠤᠳᠠᠭ ᠵᠦᠢᠯ
ᠬᠣᠯᠠ ᠶ᠋ᠢᠨ ᠬᠥᠳᠡᠭᠡ ᠳ᠋ᠦ᠍ ᠬᠣᠭ ᠳᠡᠭᠡᠷ᠎ᠡ ᠬᠡᠪᠲᠡᠬᠦ ᠴᠦ᠍ ᠪᠣᠢ᠃
ᠬᠠᠳᠠ ᠲᠠᠢ ᠭᠠᠵᠠᠷ ᠬᠠᠳᠤᠭᠤᠷ ᠬᠡᠷᠡᠭ ᠦᠭᠡᠢ
ᠮᠣᠳᠣ ᠲᠠᠢ ᠭᠠᠵᠠᠷ ᠰᠠᠪᠠᠷ ᠬᠡᠷᠡᠭ ᠦᠭᠡᠢ᠂
ᠮᠣᠷᠢ ᠲᠠᠢ ᠬᠥᠮᠦᠨ ᠳ᠋ᠦ᠍ ᠪᠸᠨ᠋ᠽᠢᠨ ᠬᠡᠷᠡᠭ ᠦᠭᠡᠢ
ᠮᠣᠲ᠋ᠣᠼᠢᠺᠠᠯ ᠲᠠᠢ ᠬᠥᠮᠦᠨ ᠳ᠋ᠦ᠍ ᠲᠠᠰᠢᠭᠤᠷ ᠬᠡᠷᠡᠭ ᠦᠭᠡᠢ᠃
ᠠᠷᠭᠠᠯᠢ ᠶ᠋ᠢᠨ ᠡᠪᠡᠷ ᠲᠡᠮᠡᠭᠡᠨ ᠳ᠋ᠦ᠍ ᠬᠡᠷᠡᠭ ᠦᠭᠡᠢ
ᠠᠳᠤᠭᠤᠨ ᠤ᠋ ᠰᠡᠭᠦᠯ ᠢᠮᠠᠭᠠᠨ ᠳ᠋ᠤ᠌ ᠬᠡᠷᠡᠭ ᠦᠭᠡᠢ
ᠠᠷᠢᠬᠢᠨ ᠤ᠋ ᠯᠣᠩᠬᠣ ᠰᠢᠪᠠᠭᠤᠨ ᠳ᠋ᠤ᠌ ᠬᠡᠷᠡᠭ ᠦᠭᠡᠢ
ᠠᠯᠲᠠᠨ ᠪᠥᠭᠡᠵᠢ ᠰᠠᠷᠮᠠᠭᠴᠢᠨ ᠳ᠋ᠤ᠌ ᠬᠡᠷᠡᠭ ᠦᠭᠡᠢ᠃
ᠪᠥᠬᠡ ᠶ᠋ᠢᠨ ᠬᠡᠷᠡᠭᠰᠡᠯ ᠯᠠᠮᠠ ᠳ᠋ᠤ᠌ ᠭᠠᠢ
ᠪᠥᠬᠡ ᠶ᠋ᠢᠨ ᠵᠣᠳᠣᠭ ᠡᠬᠡᠨᠡᠷ ᠲᠦ᠍ ᠯᠠᠢ
ᠪᠤᠷᠬᠠᠨ ᠲᠠᠬᠢᠯ ᠴᠢᠳᠬᠥᠷ ᠲᠦ᠍ ᠳᠠᠷᠤᠭᠠᠰᠤ
ᠫᠤᠤ ᠰᠠᠭᠠᠳᠠᠭ ᠴᠢᠪᠠᠭᠠᠨᠴᠠ ᠳ᠋ᠤ᠌ ᠲᠦᠪᠡᠭ᠃
ᠪᠠᠢᠭᠠᠯᠢ ᠪᠣᠯᠤᠭᠠᠳ ᠬᠥᠮᠦᠨ ᠦ᠌ ᠶᠣᠰᠣᠨ ᠳ᠋ᠤ᠌
ᠪᠠᠢᠬᠤ ᠪᠠᠢᠷᠢ᠂ ᠵᠣᠬᠢᠴᠠᠬᠤ ᠵᠣᠬᠢᠴᠠᠯ ᠭᠡᠵᠦ ᠪᠣᠢ᠂
ᠠᠮᠢᠳᠤᠷᠠᠯ ᠪᠣᠯᠤᠭᠠᠳ ᠨᠣᠮ ᠦ᠋ᠨ ᠶᠣᠰᠣᠨ ᠳ᠋ᠤ᠌
ᠠᠷᠴᠢᠵᠤ ᠪᠣᠯᠳᠠᠭ ᠦᠭᠡᠢ ᠣᠷᠣᠨ ᠵᠠᠢ ᠭᠡᠵᠦ ᠪᠣᠢ᠃
ᠬᠡᠨ ᠪᠦᠬᠦᠨ᠂ ᠪᠠᠯᠴᠢᠷ ᠬᠡᠦᠬᠡᠳ ᠢ᠋ ᠥᠬᠥᠭᠡᠷᠳᠡᠪᠡᠴᠦ
ᠬᠡᠭᠡᠷ᠎ᠡ ᠲᠠᠭᠠᠷᠠᠯᠳᠤᠪᠠᠯ ᠠᠶᠤᠵᠤ ᠵᠢᠪᠡᠭᠦᠴᠡᠨᠡᠮ ᠵᠧ᠂
ᠬᠡᠪᠲᠡᠵᠦ ᠪᠠᠢᠬᠤ ᠳ᠋ᠠᠭᠠᠨ᠂ ᠠᠮᠢᠲᠠᠨ ᠤ᠋ ᠶᠠᠰᠤ ᠰᠣᠨᠢᠨ ᠴᠤ᠌
ᠬᠡᠯᠡ ᠣᠷᠣᠭᠠᠳ ᠪᠣᠰᠴᠤ ᠢᠷᠡᠪᠡᠯ ᠠᠶᠤᠯ ᠭᠡᠳᠡᠭ ᠲᠡᠷᠡ!
ᠠᠭᠤᠯᠠᠨ ᠳ᠋ᠤ᠌ ᠪᠠᠢᠬᠤ ᠳ᠋ᠠᠭᠠᠨ ᠮᠣᠳᠣ ᠭᠡᠳᠡᠭ ᠦᠵᠡᠰᠬᠦᠯᠡᠩ ᠴᠦ᠍
ᠤᠨᠲᠠᠭᠠᠳ ᠪᠣᠰᠬᠤ ᠳ᠋ᠤ᠌ ᠭᠡᠷ ᠲᠦ᠍ ᠤᠷᠭᠤᠭᠰᠠᠨ ᠪᠠᠢᠪᠠᠯ ᠶᠠᠮᠠᠷ ᠪᠣᠢ?
ᠤᠰᠤᠨ ᠳ᠋ᠤ᠌ ᠪᠠᠢᠬᠤ ᠳ᠋ᠠᠭᠠᠨ ᠵᠢᠭᠠᠰᠤ ᠭᠡᠳᠡᠭ ᠬᠥᠭᠡᠷᠦᠬᠦᠨ ᠴᠦ᠍
ᠤᠷᠲᠤ ᠶ᠋ᠢᠨ ᠵᠠᠮ ᠳ᠋ᠤ᠌ ᠰᠥᠨᠢ᠂ ᠮᠣᠷᠢᠲᠠᠢ ᠵᠢᠭᠠᠰᠤ ᠲᠠᠭᠠᠷᠠᠪᠠᠯ ᠶᠠᠮᠠᠷ ᠪᠣᠢ?
ᠣᠷᠣᠨ ᠳ᠋ᠤ᠌ ᠬᠡᠪᠲᠡᠬᠦ ᠪᠦᠰᠡᠭᠦᠢ ᠬᠥᠮᠦᠨ ᠲᠠᠭᠠᠯᠠᠮᠵᠢᠲᠠᠢ ᠴᠤ᠌
ᠣᠯᠠᠨ ᠤ᠋ ᠭᠠᠵᠠᠷ ᠲᠡᠷᠡ ᠱᠠᠯᠳᠠᠩ ᠬᠠᠷᠠᠭᠳᠠᠪᠠᠯ ᠶᠠᠮᠠᠷ ᠪᠣᠢ?
ᠣᠳᠣ ᠮᠡᠴᠢᠳ ᠣᠭᠲᠠᠷᠭᠤᠢ ᠳ᠋ᠠᠭᠠᠨ ᠴᠢᠮᠡᠭ
ᠣᠢᠴᠢᠭᠠᠳ ᠢᠷᠡᠪᠡᠯ ᠨᠢ ᠳᠡᠯᠡᠬᠡᠢ ᠶᠠᠭᠤ ᠪᠣᠯᠬᠤ ᠪᠣᠢ?
ᠬᠥᠯ ᠦ᠋ᠨ ᠣᠢᠮᠣᠰᠤ ᠶ᠋ᠢ ᠭᠠᠷ ᠲᠤ᠌ ᠡᠮᠦᠰᠬᠡᠪᠡᠯ ᠶᠠᠮᠠᠷ ᠪᠣᠢ?
ᠬᠥᠬᠥᠭᠡ ᠶ᠋ᠢᠨ ᠳᠠᠭᠤ ᠪᠠᠷ ᠨᠣᠬᠠᠢ ᠳᠣᠩᠭᠣᠳᠪᠠᠯ ᠶᠠᠮᠠᠷ ᠪᠣᠢ?
ᠬᠥᠬᠥᠨ ᠦ᠌ ᠳᠠᠷᠤᠭᠤᠯᠭ᠎ᠠ ᠶ᠋ᠢ ᠨᠢᠳᠦᠨ ᠳ᠋ᠡᠭᠡᠨ ᠵᠡᠭᠦᠪᠡᠯ ᠶᠠᠭᠠᠬᠢᠬᠤ ᠪᠣᠢ?
ᠬᠥᠷᠥᠰᠥᠨ ᠦ᠌ ᠠᠨᠵᠢᠰᠤ ᠪᠠᠷ ᠳᠡᠪᠡᠯ ᠡᠰᠬᠡᠪᠡᠯ ᠶᠠᠭᠠᠬᠢᠬᠤ ᠪᠣᠢ?
ᠵᠣᠬᠢᠴᠠᠬᠤ ᠦᠭᠡᠢ ᠶᠠᠭᠤᠮ᠎ᠠ ᠶ᠋ᠢ ᠵᠣᠬᠢᠴᠠᠭᠤᠯᠬᠤ ᠭᠡᠪᠡᠯ
ᠵᠣᠪᠠᠯᠠᠩ ᠪᠣᠯᠬᠤ ᠠ᠋ᠴᠠ ᠠᠰᠢᠭ ᠪᠣᠯᠬᠤ ᠦᠭᠡᠢ
ᠵᠣᠬᠢᠴᠠᠬᠤ ᠶᠣᠰᠣᠨ ᠭᠡᠪᠡᠴᠦ᠂ ᠳᠣᠲᠣᠷ᠎ᠠ ᠪᠠᠨ ᠪᠠᠰᠠ
ᠵᠣᠷᠢᠭᠤᠳᠠ ᠳᠠᠭᠠᠷᠠᠭᠤᠯᠤᠭᠰᠠᠨ ᠥᠪᠡᠷ ᠦ᠋ᠨ ᠴᠠᠭ ᠲᠠᠢ᠃
ᠦᠯᠢᠭᠡᠷᠯᠡᠪᠡᠰᠦ᠂ ᠥᠷᠯᠥᠭᠡ ᠭᠠᠯᠯᠠᠬᠤ ᠡᠬᠡᠨᠡᠷ
ᠦᠳᠡ ᠥᠩᠭᠡᠷᠡᠭᠡᠵᠦ ᠪᠣᠰᠪᠠᠯ ᠬᠡᠷᠡᠭ ᠶᠠᠭᠤᠨ
ᠦᠶᠡᠷᠬᠡᠵᠦ ᠶᠠᠪᠤᠭᠰᠠᠨ ᠨᠥᠬᠥᠷ᠂ ᠲᠤᠰᠠᠯᠠᠬᠤ ᠲᠤᠰᠠ ᠪᠠᠨ
ᠦᠬᠦᠭᠰᠡᠨ ᠬᠣᠢᠨ᠎ᠠ ᠰᠠᠨᠠᠪᠠᠯ ᠲᠤᠰᠠ ᠶᠠᠭᠤᠨ᠃
ᠦᠶᠡᠯᠵᠡᠭᠦᠷ ᠵᠠᠯᠠᠭᠤ ᠳ᠋ᠤ᠌ ᠭᠤᠶᠤᠵᠤ ᠶᠠᠪᠤᠭᠰᠠᠨ ᠭᠣᠶᠣᠯᠠᠯ
ᠦᠰᠦᠨ ᠪᠤᠭᠤᠷᠤᠯᠲᠤᠬᠤ ᠳ᠋ᠤ᠌ ᠢᠨᠢᠶᠡᠳᠦᠮ ᠲᠡᠳᠦᠢ᠂
ᠦᠢᠮᠡᠭᠡᠨ ᠦ᠌ ᠵᠢᠯ᠂ ᠲᠦᠮᠡᠨ ᠢ᠋ ᠠᠪᠤᠷᠠᠭᠰᠠᠨ ᠵᠡᠪᠰᠡᠭ
ᠦᠶ᠎ᠡ ᠨᠢ ᠥᠩᠭᠡᠷᠡᠬᠦ ᠳ᠋ᠦ᠍ ᠲᠡᠦᠬᠡ ᠶ᠋ᠢᠨ ᠳᠤᠷᠠᠰᠬᠠᠯ ᠲᠡᠳᠦᠢ᠃
ᠤᠴᠢᠷ ᠡᠢᠮᠦ ᠡᠴᠡ ᠠᠮᠢᠳᠤ ᠰᠡᠷᠡᠭᠦᠨ ᠴᠠᠭ ᠲᠠᠭᠠᠨ
ᠤᠷᠲᠤ ᠬᠣᠢᠨ᠎ᠠ ᠶ᠋ᠢ ᠨᠢ ᠪᠣᠳᠣᠵᠤ ᠶᠠᠭᠤᠮ᠎ᠠ ᠪᠦᠬᠦᠨ ᠢ᠋ ᠵᠣᠬᠢᠴᠠᠭᠤᠯ᠂
ᠤᠯᠤᠰ ᠠᠮᠢᠲᠠᠨ ᠤ᠋ ᠶᠣᠰᠣ ᠭᠣᠷᠢᠮ ᠢ᠋ ᠳᠠᠭᠠᠵᠤ
ᠤᠯᠠ ᠰᠠᠭᠤᠷᠢ ᠲᠠᠢ ᠵᠦᠢ ᠶ᠋ᠢᠨ ᠳᠣᠲᠣᠷ᠎ᠠ ᠶᠠᠪᠤ!
ᠪᠤᠰᠤᠳ ᠢ᠋ ᠬᠡᠯᠡᠬᠦ ᠡᠴᠡ ᠪᠡᠨ ᠥᠪᠡᠷ ᠢ᠋ ᠪᠡᠨ ᠤᠷᠢᠲᠠᠵᠤ ᠰᠢᠨᠵᠢ
ᠪᠤᠷᠤᠭᠤ ᠵᠥᠪ ᠢ᠋ᠶ᠋ᠡᠨ ᠤᠬᠠᠭᠠᠨᠲᠤ ᠬᠥᠮᠦᠨ ᠡᠴᠡ ᠠᠰᠠᠭᠤ
ᠴᠠᠭ ᠦ᠋ᠨ ᠶᠠᠭᠤᠮ᠎ᠠ ᠶ᠋ᠢ ᠴᠠᠭ ᠠᠯᠳᠠᠯ ᠦᠭᠡᠢ ᠬᠡᠷᠡᠭᠯᠡ
ᠴᠠᠭ ᠠ᠋ᠴᠠ ᠤᠷᠢᠲᠠᠵᠤ ᠡᠯᠳᠡᠪ ᠲᠦ᠍ ᠪᠢᠲᠡᠭᠡᠢ ᠰᠦᠢᠳ!
1975᠂8᠂26
2
ᠬᠥᠮᠦᠨ ᠪᠣᠯᠵᠤ ᠲᠥᠷᠥᠭᠰᠡᠨ ᠦ᠌ ᠤᠴᠢᠷ ᠴᠢ
ᠬᠥᠮᠦᠨ ᠪᠦᠬᠦᠨ ᠢ᠋ ᠬᠦᠨᠳᠦᠯᠡᠵᠦ ᠶᠠᠪᠤ!
ᠬᠥᠮᠦᠨ ᠡᠴᠡ ᠬᠦᠴᠦᠲᠡᠢ ᠠᠮᠢᠲᠠᠨ ᠡᠨᠡ ᠶᠢᠷᠲᠢᠨᠴᠦ ᠳ᠋ᠦ᠍ ᠦᠭᠡᠢ ᠶ᠋ᠢᠨ ᠤᠴᠢᠷ
ᠬᠥᠮᠦᠨ ᠡᠴᠡ ᠴᠢ ᠠᠶᠤᠵᠤ᠂ ᠪᠣᠯᠭᠣᠮᠵᠢᠯᠠᠵᠤ ᠶᠠᠪᠤ!
ᠪᠤᠷᠤᠭᠤ ᠪᠢᠰᠢ᠂ ᠵᠥᠪ ᠰᠡᠳᠬᠢᠯ ᠲᠡᠢ ᠶᠠᠪᠤᠪᠠᠯ ᠴᠢᠨᠢ
ᠪᠤᠷᠬᠠᠨ ᠪᠤᠰᠤ᠂ ᠬᠥᠮᠦᠨ ᠴᠢᠮᠠᠶ᠋ᠢ ᠠᠪᠤᠷᠠᠨ᠎ᠠ
ᠪᠤᠯᠵᠠᠵᠤ ᠮᠡᠬᠡᠯᠡᠵᠦ᠂ ᠬᠣᠷᠣᠨ ᠰᠠᠨᠠᠭᠠᠲᠠᠢ ᠶᠠᠪᠤᠪᠠᠯ ᠴᠢᠨᠢ
ᠪᠤᠭ ᠪᠢᠰᠢ᠂ ᠬᠥᠮᠦᠨ ᠴᠢᠮᠠᠶ᠋ᠢ ᠠᠯᠠᠨ᠎ᠠ!
ᠰᠡᠴᠡᠨ ᠴᠦ᠍ ᠪᠠᠢ᠂ ᠲᠡᠨᠡᠭ ᠴᠦ᠍ ᠪᠠᠢ ᠬᠥᠮᠦᠨ ᠦ᠌ ᠰᠡᠳᠬᠢᠯ
ᠴᠡᠴᠡᠭᠯᠡᠨ ᠤᠷᠭᠤᠬᠤ ᠳ᠋ᠠᠭᠠᠨ ᠠᠮᠠᠷᠬᠠᠨ ᠬᠦᠴᠦᠲᠦ ᠬᠥᠷᠥᠰᠥ ᠶᠤᠮ᠂
ᠬᠡᠷᠪᠡ ᠴᠢ᠂ ᠥᠪᠡᠷ ᠲᠦ᠍ ᠬᠡᠷᠡᠭ ᠦᠭᠡᠢ ᠵᠦᠢᠯ ᠢ᠋ᠶ᠋ᠡᠷ ᠴᠦ᠍ ᠭᠡᠰᠡᠨ
ᠬᠡᠨ ᠨᠢᠭᠡᠨ ᠢ᠋ ᠶᠠᠳᠠᠷᠠᠵᠤ ᠶᠠᠪᠤᠬᠤ ᠳ᠋ᠤᠨᠢ ᠪᠠᠶᠠᠷᠯᠠᠭᠤᠯᠤᠭᠰᠠᠨ ᠪᠣᠯ
ᠲᠡᠷᠡ ᠬᠥᠮᠦᠨ ᠦ᠌ ᠰᠡᠳᠬᠢᠯ ᠳ᠋ᠦ᠍ ᠴᠢᠨᠦ ᠲᠥᠯᠥᠭᠡ ᠴᠡᠴᠡᠷᠯᠢᠭ ᠤᠷᠭᠤᠵᠤ
ᠲᠡᠷᠲᠡᠭᠡ ᠬᠣᠵᠢᠮ ᠴᠢ ᠦᠷ᠎ᠡ ᠰᠢᠮ᠎ᠡ ᠶ᠋ᠢ ᠨᠢ ᠠᠮᠰᠠᠬᠤ ᠪᠣᠯᠤᠨ᠎ᠠ!
ᠠᠯᠢᠪᠠ ᠪᠦᠬᠦᠨ᠂ ᠭᠠᠭᠴᠠᠬᠠᠨ ᠡᠳᠦᠷ ᠢ᠋ᠶ᠋ᠡᠷ ᠳᠠᠭᠤᠰᠳᠠᠭ ᠦᠭᠡᠢ
ᠠᠪᠤ ᠶ᠋ᠢᠨ ᠬᠦᠦ ᠲᠡᠢ ᠭᠠᠭᠴᠠᠬᠠᠨ ᠠᠭᠤᠯᠵᠠᠭᠠᠳ ᠥᠩᠭᠡᠷᠡᠳᠡᠭ ᠦᠭᠡᠢ᠃
ᠠᠮᠢᠳᠤᠷᠠᠯ ᠦ᠋ᠨ ᠣᠯᠠᠨ ᠳᠠᠪᠠᠭᠠᠨ ᠤ᠋ ᠴᠣᠬᠣᠮ ᠶᠠᠮᠠᠷᠬᠠᠨ ᠣᠷᠣᠢ ᠳ᠋ᠤ᠌
ᠠᠵᠠᠲᠠᠢ ᠪᠤᠶᠤ ᠡᠵᠡᠲᠡᠢ ᠲᠠᠭᠠᠷᠠᠯᠳᠤᠬᠤ ᠶ᠋ᠢ ᠮᠡᠳᠡᠬᠦ ᠳ᠋ᠦ᠍ ᠪᠡᠷᠬᠡ!
ᠵᠤᠷᠪᠤᠰᠬᠠᠨ ᠲᠣᠬᠢᠶᠠᠯ ᠢ᠋ ᠡᠭᠦᠷᠢᠳᠡ ᠦᠯᠦ ᠮᠠᠷᠲᠠᠨ
ᠵᠠᠭᠤᠨ ᠵᠢᠯ ᠦ᠋ᠨ ᠬᠣᠢᠨ᠎ᠠ ᠴᠤ᠌ ᠭᠠᠷᠭᠠᠵᠤ ᠢᠷᠡᠵᠦ ᠪᠣᠯᠤᠨ᠎ᠠ᠃
ᠠᠷᠰᠠᠷᠬᠠᠨ ᠶᠠᠭᠤᠮᠠᠨ ᠳ᠋ᠤ᠌ ᠦᠯᠦ ᠬᠠᠢᠬᠤᠷᠤᠨ
ᠠᠶᠠᠭᠦᠢ ᠨᠢᠭᠡᠨ ᠤᠯᠠ ᠮᠥᠷ ᠬᠥᠮᠦᠨ ᠦ᠌ ᠰᠡᠳᠬᠢᠯ ᠳ᠋ᠦ᠍ ᠦᠯᠡᠳᠡᠭᠡᠪᠡᠯ
ᠣᠨ ᠵᠢᠯ ᠦ᠋ᠨ ᠤᠷᠲᠤ ᠳ᠋ᠤ᠌ ᠲᠡᠷᠡ᠂ ᠴᠢᠨᠦ ᠡᠰᠡᠷᠭᠦ
ᠣᠢ ᠬᠥᠪᠴᠢ ᠪᠣᠯᠲᠠᠯ᠎ᠠ ᠪᠠᠨ ᠤᠷᠭᠤᠭᠰᠠᠭᠠᠷ ᠶᠠᠪᠤᠨ᠎ᠠ᠃
ᠢᠷᠪᠠᠭᠠᠷ ᠶᠠᠪᠤᠬᠤ ᠳ᠋ᠠᠭᠠᠨ ᠬᠡᠷᠬᠢᠭᠰᠡᠨ ᠢ᠋ᠶ᠋ᠡᠨ ᠴᠢ ᠮᠠᠷᠲᠠᠨ
ᠶᠠᠳᠠᠷᠠᠬᠤ ᠨᠢᠭᠡᠨ ᠡᠳᠦᠷ ᠢ᠋ᠶ᠋ᠡᠨ ᠲᠡᠷᠡ ᠣᠢ ᠳ᠋ᠤ᠌ ᠣᠷᠣᠨ᠎ᠠ
ᠭᠠᠷᠬᠤ ᠭᠠᠵᠠᠷ ᠦᠭᠡᠢ ᠬᠣᠣᠷᠲᠤ ᠰᠢᠷᠢᠩᠭᠢᠨ ᠳ᠋ᠦ᠍ ᠮᠤᠬᠤᠷᠳᠠᠵᠤ
ᠭᠠᠰᠢᠭᠤᠨ ᠪᠡᠷᠬᠡ ᠰᠢᠢᠳᠬᠡᠯ ᠢ᠋ ᠬᠣᠵᠢᠮᠳᠠᠭᠰᠠᠨ ᠬᠣᠢᠨ᠎ᠠ ᠪᠠᠨ ᠠᠮᠰᠠᠨ᠎ᠠ!
ᠬᠥᠷᠥᠩᠭᠡ ᠵᠣᠭᠣᠷᠢ᠂ ᠨᠡᠷ᠎ᠡ ᠠᠯᠳᠠᠷ᠂ ᠠᠯᠪᠠᠨ ᠲᠤᠰᠢᠶᠠᠯ
ᠬᠥᠭᠰᠢᠳ ᠦ᠋ᠨ ᠪᠤᠶᠠᠨ᠂ ᠵᠠᠯᠠᠭᠤ ᠶ᠋ᠢᠨ ᠲᠡᠩᠬᠡᠭᠡ᠂ ᠨᠠᠢᠵᠠ ᠨᠥᠬᠥᠳ
ᠠᠯᠢ ᠨᠢ ᠴᠦ᠍ ᠭᠡᠰᠡᠨ ᠥᠨᠥ ᠪᠠᠢᠪᠠᠴᠤ ᠮᠠᠷᠭᠠᠰᠢ ᠬᠣᠭᠣᠰᠣᠨ
ᠠᠯᠠᠭ᠎ᠠ ᠳᠠᠷᠤᠮᠬᠠᠨ ᠤᠯᠠᠭᠠᠨ ᠨᠢᠭᠤᠷ ᠯᠠ ᠬᠡᠵᠢᠶ᠎ᠡ ᠴᠦ᠍ ᠬᠡᠪ ᠢ᠋ᠶ᠋ᠡᠷ!
ᠳᠠᠢᠰᠤᠨ ᠨᠥᠬᠥᠷ ᠬᠣᠶᠠᠷ ᠦ᠋ᠨ ᠠᠯᠢ ᠨᠢ ᠴᠦ᠍ ᠭᠡᠰᠡᠨ
ᠲᠠᠩᠳᠠ ᠤᠩᠰᠢᠵᠤ ᠶᠠᠪᠤᠬᠤ ᠠᠮᠢᠳᠤ ᠬᠠᠭᠤᠳᠠᠰᠤ ᠪᠣᠯ
ᠦᠬᠦᠨ ᠦᠬᠦᠲᠡᠯ᠎ᠡ ᠭᠠᠭᠴᠠ ᠬᠦ᠌ ᠴᠢᠨᠦ ᠨᠢᠭᠤᠷ ᠮᠥᠨ!
ᠡᠭᠦᠨ ᠦ᠌ ᠤᠴᠢᠷ᠂ ᠲᠡᠷᠡ ᠬᠠᠭᠤᠳᠠᠰᠤᠨ ᠳ᠋ᠤ᠌ ᠢᠨᠢᠶᠡᠮᠰᠦᠭᠯᠡᠯ ᠡᠴᠡ ᠥᠭᠡᠷ᠎ᠡ ᠶᠠᠭᠤᠮ᠎ᠠ ᠪᠤᠤ ᠪᠢᠴᠢ!
1975᠂8᠂24 ᠬᠡᠷᠦᠯᠦᠨ ᠦ᠌ ᠬᠥᠳᠡᠭᠡ ᠠᠷᠠᠯ
3
ᠪᠤᠯᠠᠭ ᠤᠰᠤᠨ ᠤ᠋ ᠴᠢᠳᠬᠤᠯᠠᠩ ᠰᠥᠷᠭᠡᠵᠦ ᠣᠷᠣᠳᠠᠭ ᠵᠠᠮ ᠦᠭᠡᠢ
ᠫᠤᠤ ᠠ᠋ᠴᠠ ᠭᠠᠷᠤᠭᠰᠠᠨ ᠰᠤᠮᠤ ᠰᠥᠭᠡᠷᠭᠦ ᠪᠡᠨ ᠢᠷᠡᠳᠡᠭ ᠵᠢᠮ᠎ᠡ ᠦᠭᠡᠢ
ᠪᠤᠯᠲᠤ ᠣᠯᠠᠨ ᠤ᠋ ᠶᠣᠰᠣ ᠶ᠋ᠢ ᠭᠠᠭᠴᠠ ᠪᠡᠶ᠎ᠡ ᠵᠣᠭᠰᠣᠭᠠᠬᠤ ᠦᠭᠡᠢ
ᠪᠤᠷᠤᠭᠤ ᠵᠥᠪ ᠬᠣᠶᠠᠷ ᠨᠢᠭᠡᠨ ᠳᠣᠣᠷ᠎ᠠ ᠰᠢᠢᠳᠬᠦ ᠦᠭᠡᠢ᠃
ᠪᠤᠵᠠᠷ ᠊ᠤᠨ ᠨᠦᠬᠡ ᠤᠷᠤᠭᠤ ᠥᠪᠡᠷ ᠢ᠋ ᠪᠡᠨ ᠥᠪᠡᠷ ᠢ᠋ᠶ᠋ᠡᠨ ᠲᠦᠯᠬᠢᠬᠦ ᠬᠡᠷᠡᠭ ᠦᠭᠡᠢ
ᠪᠤᠶᠠᠨ ᠵᠠᠪᠰᠢᠶᠠᠨ ᠬᠣᠶᠠᠷ ᠠ᠋ᠴᠠ ᠮᠡᠳᠡᠭᠰᠡᠭᠡᠷ ᠵᠢᠭᠤᠲᠠᠬᠤ ᠬᠡᠷᠡᠭ ᠦᠭᠡᠢ
ᠠᠯᠲᠠ ᠠᠯᠲᠠ ᠭᠡᠪᠡᠴᠦ ᠠᠯᠲᠠ ᠬᠡᠪ ᠢ᠋ᠶ᠋ᠡᠷ ᠢ᠋ᠶ᠋ᠡᠨ ᠤᠷᠭᠤᠳᠠᠭ ᠦᠭᠡᠢ
ᠠᠷᠰᠯᠠᠨ ᠵᠠᠭᠠᠨ ᠭᠡᠪᠡᠴᠦ ᠬᠦᠴᠦᠲᠡᠨ ᠬᠡᠪ ᠢ᠋ᠶ᠋ᠡᠷ ᠲᠥᠷᠥᠳᠡᠭ ᠦᠭᠡᠢ᠃
ᠠᠮᠢᠲᠠᠨ ᠪᠠᠢᠭᠠᠯᠢ ᠶ᠋ᠢᠨ ᠬᠠᠤᠯᠢ ᠶ᠋ᠢ ᠬᠥᠮᠦᠨ ᠦ᠌ ᠬᠦᠦ ᠳᠡᠷᠰᠬᠦ ᠦᠭᠡᠢ
ᠠᠯᠤᠰ ᠣᠳᠣ ᠬᠣᠶᠠᠷ ᠢ᠋ ᠭᠠᠭᠴᠠᠬᠠᠨ ᠣᠷᠣᠢ ᠰᠢᠢᠳᠬᠦ ᠦᠭᠡᠢ
ᠠᠯᠳᠠᠭ᠎ᠠ ᠣᠰᠣᠯ ᠠ᠋ᠴᠠ ᠠᠶᠤᠵᠤ ᠪᠡᠶ᠎ᠡ ᠪᠡᠨ ᠲᠠᠮᠤᠯᠠᠬᠤ ᠬᠡᠷᠡᠭ ᠦᠭᠡᠢ
ᠠᠯᠳᠠᠭᠰᠠᠨ ᠬᠣᠢᠨ᠎ᠠ ᠪᠠᠨ ᠬᠠᠷᠢᠨ ᠲᠡᠭᠦᠨ ᠢ᠋ᠶ᠋ᠡᠨ ᠳᠠᠪᠲᠠᠬᠤ ᠬᠡᠷᠡᠭ ᠦᠭᠡᠢ᠃
ᠪᠢ ᠯᠡ ᠠᠶᠤᠳᠠᠭ ᠦᠭᠡᠢ ᠬᠥᠮᠦᠨ ᠭᠡᠵᠦ ᠰᠠᠷᠮᠠᠭᠴᠢᠨ ᠮᠡᠲᠦ ᠵᠠᠩᠨᠠᠭᠰᠠᠭᠠᠷ
ᠪᠡᠶ᠎ᠡ ᠠᠮᠢᠳᠤᠷᠠᠯ ᠬᠣᠶᠠᠷ ᠢ᠋ᠶ᠋ᠠᠨ ᠳᠡᠮᠡᠢ ᠰᠦᠢᠳᠬᠡᠭᠡᠳ ᠴᠦ᠍ ᠶᠠᠭᠠᠬᠢᠬᠤ ᠪᠣᠢ᠂
ᠠᠯᠳᠠᠵᠤ ᠪᠤᠷᠤᠭᠤᠳᠠᠬᠤ ᠪᠣᠢ ᠭᠡᠵᠦ ᠶᠠᠭᠤᠮ᠎ᠠ ᠪᠦᠬᠦᠨ ᠡᠴᠡ ᠠᠶᠤᠭᠰᠠᠭᠠᠷ
ᠠᠭᠢᠵᠤ ᠣᠯᠳᠠᠬᠤ ᠦᠭᠡᠢ ᠨᠠᠰᠤ ᠪᠠᠨ ᠠᠷᠭᠠᠮᠵᠢᠵᠤ ᠬᠦᠯᠢᠭᠡᠳ ᠴᠦ᠍ ᠶᠠᠭᠠᠬᠢᠬᠤ ᠪᠣᠢ᠃
ᠨᠠᠷᠭᠢᠬᠤ ᠶᠣᠰᠣᠲᠠᠢ ᠭᠠᠵᠠᠷ ᠢ᠋ᠶ᠋ᠠᠨ ᠨᠠᠷᠭᠢᠭᠰᠠᠨ ᠰᠢᠭ᠋ ᠨᠠᠷᠭᠢ!
ᠨᠠᠢ᠍ᠮᠠᠨ ᠨᠠᠰᠤᠲᠠᠢ ᠪᠠᠯᠴᠢᠷ ᠰᠢᠭ᠋ ᠪᠣᠳᠣᠬᠤ ᠶᠠᠭᠤᠮ᠎ᠠ ᠦᠭᠡᠢ ᠵᠢᠷᠭ᠎ᠠ!
ᠰᠡᠷᠭᠦᠬᠦ ᠶᠣᠰᠣᠲᠠᠢ ᠭᠠᠵᠠᠷ ᠢ᠋ᠶ᠋ᠠᠨ ᠰᠡᠷᠭᠦᠭᠰᠡᠨ ᠰᠢᠭ ᠰᠡᠷᠭᠦ!
ᠰᠡᠭᠡᠭᠡ ᠮᠠᠭᠤᠲᠠᠢ ᠶᠠᠭᠤᠮᠠᠰ ᠢ᠋ ᠨᠢᠷᠭᠡᠭᠰᠡᠨ ᠰᠢᠭ ᠨᠢᠷᠭᠡ!
ᠬᠦᠰᠡᠯ ᠪᠦᠲᠦᠭᠡᠯ ᠬᠣᠶᠠᠷ ᠲᠠᠭᠠᠨ ᠡᠵᠡᠨ ᠨᠢ ᠪᠣᠯᠵᠤ ᠰᠤᠷ!
ᠬᠥᠮᠦᠨ ᠤᠷᠢᠳᠤ ᠨᠢ ᠪᠦᠲᠦᠭᠡᠭᠰᠡᠨ ᠢ᠋ ᠵᠠᠪᠠᠯ ᠳᠠᠪᠠᠭᠤᠯᠬᠤ ᠶ᠋ᠢ ᠵᠣᠷᠢ!
ᠮᠡᠳᠡᠯᠭᠡ ᠪᠦᠬᠦᠨ ᠡᠴᠡ ᠠᠮᠰᠠᠵᠤ᠂ ᠮᠡᠳᠡᠬᠦ ᠶ᠋ᠢᠨ ᠲᠡᠢᠲᠡᠢ ᠮᠡᠳᠡ
ᠮᠡᠳᠡᠭᠰᠡᠨ ᠬᠥᠮᠦᠨ ᠦ᠌ ᠳᠡᠷᠭᠡᠳᠡ ᠴᠦ᠍ ᠮᠡᠷᠭᠡᠳ ᠦ᠋ᠨ ᠲᠠᠢᠲᠠᠢ ᠵᠡᠷᠭᠡᠴᠡ!
ᠥᠪᠡᠷ ᠢ᠋ᠶ᠋ᠡᠨ ᠲᠠᠮᠠᠬᠢ ᠲᠠᠲᠠᠳᠠᠭ ᠪᠣᠯ ᠪᠤᠰᠤᠳ ᠠ᠋ᠴᠠ ᠪᠢᠲᠡᠭᠡᠢ ᠭᠠᠯ ᠭᠣᠶᠣ
ᠥᠷᠥᠭᠡᠯ ᠴᠢᠨᠢ ᠬᠡᠷᠪᠡ ᠭᠤᠶᠤᠪᠠᠯ ᠶᠠᠯᠢᠬᠤ ᠦᠭᠡᠢ ᠪᠢᠲᠡᠭᠡᠢ ᠬᠠᠷᠠᠮᠯᠠ
ᠡᠪᠦᠷ ᠲᠦᠷᠡᠢ ᠬᠣᠭᠣᠰᠣᠨ ᠪᠣᠯ ᠱᠠᠯᠢᠭ ᠊ᠤᠨ ᠵᠦᠢᠯᠡᠰ ᠪᠤᠤ ᠱᠣᠬᠣᠭᠣᠷᠬᠠ
ᠥᠷᠢ ᠵᠢᠭᠡᠯᠡᠭᠡ ᠶᠡᠬᠡᠲᠡᠢ ᠪᠣᠯ ᠨᠢᠭᠡᠨ ᠭᠠᠵᠠᠷ ᠪᠤᠤ ᠰᠠᠭᠤ!
ᠠᠷᠢᠬᠢᠨ ᠳ᠋ᠤ᠌ ᠬᠡᠷᠪᠡ ᠳᠤᠷᠠᠲᠠᠢ ᠪᠣᠯ ᠤᠤᠭᠤᠬᠤ ᠶ᠋ᠢᠨ ᠡᠷᠳᠡᠮ ᠢ᠋ ᠪᠠᠰᠠ ᠰᠤᠷ
ᠠᠮᠢᠲᠠᠨ ᠪᠦᠬᠦᠨ ᠦ᠌ ᠲᠡᠷᠢᠭᠦᠨ ᠳ᠋ᠦ᠍ ᠤᠨᠠᠬᠤ ᠶ᠋ᠢᠨ ᠡᠷᠳᠡᠮ ᠢ᠋ ᠪᠤᠤ ᠦᠵᠡᠭᠦᠯ
ᠠᠶᠠᠭᠠᠨ ᠳ᠋ᠠᠬᠢ ᠪᠠᠨ ᠬᠣᠭᠣᠰᠣᠯᠠᠪᠠᠴᠤ ᠯᠣᠩᠬᠣᠨ ᠳ᠋ᠠᠬᠢ ᠪᠠᠨ ᠬᠤᠭᠤᠰᠤᠯᠠ ᠦᠭᠡᠢ
ᠠᠬᠢᠭᠠᠳ ᠮᠠᠷᠭᠠᠰᠢ ᠥᠷᠯᠥᠭᠡ ᠨᠢ ᠳᠣᠲᠣᠷ ᠵᠠᠰᠠᠬᠤ ᠪᠠᠨ ᠪᠣᠳᠣ!
ᠡᠬᠡᠨᠡᠷ ᠲᠦ᠍ ᠬᠡᠷᠪᠡ ᠳᠤᠷᠠᠲᠠᠢ ᠪᠣᠯ ᠡᠩᠬᠦᠷᠡᠢᠯᠡᠬᠦ ᠶ᠋ᠢᠨ ᠡᠷᠳᠡᠮ ᠢ᠋ ᠰᠤᠷ
ᠡᠷᠡᠭᠴᠢᠨ ᠠᠳᠤᠭᠤᠰᠤ ᠲᠠᠢ ᠠᠳᠠᠯᠢ ᠵᠠᠢᠳᠠᠩᠨᠠᠬᠤ ᠪᠠᠨ ᠪᠤᠤ ᠶᠠᠭᠠᠷᠠ
ᠡᠨᠡ ᠰᠥᠨᠢ ᠥᠩᠭᠡᠷᠡᠪᠡᠴᠦ ᠶᠢᠷᠲᠢᠨᠴᠦ ᠶ᠋ᠢᠨ ᠮᠠᠷᠭᠠᠰᠢ ᠣᠯᠠᠨ
ᠡᠷᠭᠢᠭᠡᠳ ᠬᠡᠵᠢᠶ᠎ᠡ ᠴᠦ᠍ ᠮᠠᠭᠠᠳ ᠦᠭᠡᠢ ᠠᠭᠤᠯᠵᠠᠨ᠎ᠠ ᠭᠡᠳᠡᠭ ᠢ᠋ᠶ᠋ᠡᠨ ᠪᠣᠳᠣ!
ᠠᠪ ᠭᠡᠰᠡᠨ ᠦ᠌ ᠨᠢ ᠵᠣᠷᠢᠭ ᠢ᠋ᠶ᠋ᠠᠷ ᠬᠥᠮᠦᠨ ᠡᠴᠡ ᠶᠠᠭᠤᠮ᠎ᠠ ᠠᠪᠬᠤ ᠳ᠋ᠠᠭᠠᠨ ᠴᠢ
ᠠᠪᠳᠠᠷ᠎ᠠ ᠰᠠᠪᠠ ᠶ᠋ᠢ ᠨᠢ ᠬᠣᠭᠣᠰᠣᠯᠠᠭᠠᠳ ᠪᠦᠭᠦᠳᠡ ᠶ᠋ᠢ ᠨᠢ ᠠᠪᠬᠤ ᠦᠭᠡᠢ ᠶ᠋ᠢᠨ ᠤᠴᠢᠷ
ᠠᠯᠢ ᠭᠡᠰᠡᠨ ᠦ᠌ ᠵᠣᠷᠢᠭ ᠢ᠋ᠶ᠋ᠠᠷ ᠬᠥᠮᠦᠨ ᠳ᠋ᠦ᠍ ᠶᠠᠭᠤᠮ᠎ᠠ ᠪᠠᠨ ᠥᠭᠬᠦ ᠳ᠋ᠡᠭᠡᠨ ᠴᠢ
ᠠᠷᠤ ᠲᠠᠯ᠎ᠠ ᠳ᠋ᠤᠨᠢ ᠪᠠᠰᠠ ᠥᠪᠡᠷ ᠲᠡᠭᠡᠨ ᠦᠯᠡᠳᠡᠭᠡᠬᠦ ᠪᠡᠨ ᠪᠣᠳᠣ!
ᠥᠪᠡᠷ ᠦ᠋ᠨ ᠨᠤᠲᠤᠭ ᠶᠠᠪᠤᠬᠤ ᠳ᠋ᠠᠭᠠᠨ ᠬᠦᠮᠤᠨ ᠤ᠋ ᠬᠦᠮᠤᠨ ᠢ᠋ ᠬᠠᠢᠷᠠᠯᠠ
ᠬᠦᠮᠥᠨ ᠦ᠌ ᠭᠠᠵᠠᠷ ᠶᠠᠪᠤᠬᠤ ᠳ᠋ᠠᠭᠠᠨ ᠨᠤᠲᠤᠭ ᠊ᠤᠨ ᠨᠡᠷ᠎ᠡ ᠶ᠋ᠢ ᠬᠠᠢᠷᠠᠯᠠ!
ᠡᠴᠢᠭᠡ ᠨᠢ ᠦᠭᠡᠢ ᠬᠡᠤᠬᠡᠳ ᠡᠬᠡ ᠡᠴᠡ ᠲᠥᠷᠣᠬᠦ ᠶᠣᠰᠣᠨ ᠪᠠᠢᠪᠠᠴᠤ
ᠨᠤᠲᠤᠭ ᠨᠢ ᠦᠭᠡᠢ ᠬᠦᠮᠤᠨ ᠬᠣᠷᠸ᠎ᠠ ᠳ᠋ᠤ᠌ ᠪᠠᠢᠳᠠᠭ ᠤᠴᠢᠷ ᠦᠭᠡᠢ!
ᠥᠪᠡᠷ ᠢ᠋ᠶ᠋ᠡᠨ ᠴᠠᠳᠬᠤ ᠲᠣᠰᠤᠮ ᠥᠯᠥᠨ ᠬᠥᠮᠦᠨ ᠢ᠋ ᠥᠷᠤᠪᠲᠣ!
ᠦᠯᠥᠰᠬᠦ ᠴᠠᠭ ᠲᠠᠭᠠᠨ ᠬᠠᠷᠢᠨ ᠴᠠᠳᠬᠤᠯᠠᠩ ᠳ᠋ᠤ᠌ ᠪᠤᠤ ᠬᠣᠨᠵᠢᠩᠨ᠋ᠨ!
ᠥᠩᠭᠡᠲᠡᠢ ᠬᠤᠪᠴᠠᠰᠤ ᠡᠮᠦᠰᠤᠭᠡᠳ ᠲᠣᠰᠤᠲᠤ ᠠ᠋ᠴᠠ ᠬᠣᠯᠠᠭᠤᠷ ᠶᠠᠪᠤ!
ᠥᠪᠡᠷ ᠢ᠋ᠶ᠋ᠡᠨ ᠲᠣᠰᠣᠲᠠᠢ ᠪᠣᠯ ᠬᠠᠷᠢᠨ ᠥᠩᠭᠡᠲᠦ ᠡᠴᠡ ᠪᠤᠤ ᠳᠥᠯᠥ!
ᠨᠢᠭᠡ ᠢᠳᠡᠬᠦ ᠬᠣᠭᠣᠯᠠ ᠪᠣᠯ ᠬᠤᠭᠤᠰ ᠡᠳᠤᠷ ᠊ᠤᠨ ᠬᠠᠨᠢ
ᠨᠢᠭᠡ ᠡᠮᠦᠰᠬᠦ ᠬᠤᠪᠴᠠᠰᠤ ᠪᠣᠯ ᠬᠠᠭᠠᠰ ᠵᠢᠯ ᠦ᠋ᠨ ᠬᠠᠨᠢ
ᠨᠢᠭᠡ ᠣᠯᠳᠠᠬᠤ ᠨᠡᠷ᠎ᠡ ᠪᠣᠯ ᠬᠠᠮᠤᠭ ᠨᠠᠰᠤᠨ ᠤ᠋ ᠬᠠᠨᠢ
ᠨᠡᠷ᠎ᠡ ᠦᠯᠡᠳᠡᠵᠦ ᠪᠡᠶ᠎ᠡ ᠦᠬᠦᠳᠡᠭ ᠢ᠋ ᠪᠤᠤ ᠮᠠᠷᠲᠠ!
1975᠂8᠂18 ᠬᠡᠷᠤᠯᠦᠨ ᠦ᠌ ᠬᠥᠳᠡᠭᠡ ᠠᠷᠠᠯ
4
ᠶᠠᠮᠠᠷ ᠴᠤ᠌ ᠶᠠᠭᠤᠮ᠎ᠠ ᠶ᠋ᠢ ᠬᠢᠵᠦ ᠰᠤᠷ
ᠶᠠᠳᠠᠵᠤ ᠬᠢᠭᠰᠡᠨ ᠢ᠋ᠶ᠋ᠡᠨ ᠬᠡᠷᠡᠭᠯᠡᠵᠦ ᠰᠤᠷ!
ᠡᠴᠢᠨᠡᠭᠡᠨ ᠵᠣᠪᠠᠵᠤ ᠪᠦᠲᠦᠭᠡᠭᠰᠡᠨ ᠶᠤᠮ ᠳ᠋ᠠ ᠭᠡᠵᠦ
ᠥᠪᠡᠷ ᠢ᠋ᠶ᠋ᠡᠨ ᠥᠪᠡᠷ ᠡᠴᠡ ᠪᠡᠨ ᠪᠤᠤ ᠬᠠᠷᠠᠮᠯᠠ!
ᠤᠳᠠᠭᠠᠨ ᠣᠷᠤᠯᠳᠤᠵᠤ ᠪᠦᠲᠦᠭᠡᠭᠰᠡᠨ ᠪᠦᠬᠦᠨ ᠢ᠋
ᠤᠳᠠᠭᠠᠨ ᠬᠡᠷᠡᠭᠯᠡᠳᠡᠭ ᠠᠯᠪᠠ ᠲᠠᠢ ᠪᠤᠰᠤ!
ᠠᠷᠪᠠᠨ ᠵᠢᠯ ᠪᠡᠯᠡᠳᠬᠡᠭᠰᠡᠨ ᠵᠦᠢᠯ ᠢ᠋
ᠠᠭᠱᠠᠨ ᠲᠡᠳᠦᠢ ᠳ᠋ᠦ᠍ ᠳᠠᠭᠤᠰᠬᠠᠵᠤ ᠴᠤ᠌ ᠪᠣᠯᠣᠨ᠎ᠠ᠃
ᠭᠤᠴᠢ ᠬᠣᠨᠣᠭ ᠪᠡᠯᠡᠳᠬᠡᠵᠦ ᠵᠡᠬᠡᠭᠡᠳ
ᠭᠤᠷᠪᠠ ᠬᠣᠨᠣᠭ ᠨᠠᠭᠠᠳᠤᠮ ᠬᠢᠳᠡᠭ
ᠨᠠᠰᠤᠨ ᠳ᠋ᠤ᠌ ᠬᠦᠷᠲᠡᠯ᠎ᠡ ᠪᠡᠨ ᠲᠥᠬᠥᠭᠡᠷᠡᠵᠦ ᠶᠠᠪᠤᠭᠠᠳ
ᠨᠠᠢᠷ ᠬᠤᠷᠢᠮ ᠭᠠᠭᠴᠠᠬᠠᠨ ᠬᠢᠳᠡᠭ᠃
ᠶᠡᠬᠡ ᠠᠵᠢᠯ ᠪᠣᠯᠵᠤ ᠬᠢᠭᠰᠡᠨ ᠰᠤᠮᠤ ᠪᠠᠷ
ᠢᠷᠮᠡᠬᠦ ᠲᠡᠳᠣᠢ ᠳ᠋ᠤ᠌ ᠫᠣᠤᠳᠠᠭᠠᠳ ᠳᠠᠭᠤᠰᠳᠠᠭ
ᠵᠠᠭᠤᠨ ᠴᠠᠭ ᠢ᠋ᠶ᠋ᠠᠷ ᠪᠦᠲᠦᠭᠡᠭᠰᠡᠨ ᠴᠥᠳᠡᠨᠵᠡ
ᠵᠢᠷᠤᠬᠤ ᠲᠡᠳᠦᠢ ᠳ᠋ᠦ᠍ ᠨᠡᠭᠦᠷᠡᠰᠦ ᠪᠣᠯᠳᠠᠭ᠃
ᠤᠴᠢᠷ ᠡᠢᠮᠦ ᠡᠴᠡ ᠪᠡᠯᠡᠳᠬᠡᠭᠰᠡᠨ ᠵᠦᠢᠯ ᠢ᠋ᠶ᠋ᠡᠨ
ᠤᠳᠠᠭᠠᠨ ᠬᠡᠷᠡᠭᠯᠡᠬᠦ ᠭᠡᠵᠦ ᠥᠪᠡᠷ ᠢ᠋ ᠪᠡᠨ ᠪᠤᠤ ᠵᠤᠪᠠᠭ᠎ᠠ!
ᠥᠪᠡᠷ ᠦ᠋ᠨ ᠵᠡᠬᠡᠭᠰᠡᠨ ᠢ᠋ ᠡᠵᠡᠨ ᠦ᠌ ᠡᠷᠬᠡ ᠪᠡᠷ
ᠥᠪᠡᠷ ᠢ᠋ ᠪᠡᠨ ᠪᠠᠶᠠᠰᠬᠠᠨ ᠬᠡᠷᠡᠭᠰᠡᠵᠦ ᠰᠤᠷ!
ᠠᠮᠢᠳᠤᠷᠠᠯ ᠢ᠋ ᠥᠭᠭᠦᠭᠰᠡᠨ ᠡᠬᠡ ᠣᠷᠣᠨ ᠳ᠋ᠠᠭᠠᠨ ᠴᠤ᠌ ᠪᠠᠰᠠ
ᠠᠯᠲᠠ ᠪᠡᠶ᠎ᠡ ᠪᠡᠨ ᠵᠣᠷᠢᠭᠤᠯᠵᠤ ᠰᠤᠷ!
1977᠂9᠂28
