ᠨᠣᠭᠣᠭᠠᠨ ᠬᠤᠷᠠᠭᠠᠨ ᠤ ᠠᠷᠠᠰᠤ – ᠮ ᠂ ᠬᠦᠷᠰᠡᠳ Ногоон хурганы арьс– М ᠂ Хүрсэд
ᠨᠣᠭᠣᠭᠠᠨ ᠬᠤᠷᠠᠭᠠᠨ ᠤ ᠠᠷᠠᠰᠤ
( ᠬᠣᠱᠣᠩ ᠥᠭᠦᠯᠡᠯᠭᠡ )
ᠪᠢ ᠡᠬᠡᠨᠡᠷ ᠡᠴᠡ ᠪᠠᠨ ᠰᠠᠯᠵᠤ ᠠᠢᠯ ᠤ᠋ᠨ ᠡᠵᠡᠭᠲᠡᠢ ᠲᠡᠢ ᠭᠡᠷᠯᠡᠪᠡ᠃ ᠮᠠᠨ ᠤ᠋ ᠠᠢᠯ ᠤᠨ ᠬᠠᠷ᠎ᠠ ᠬᠥᠮᠦᠨ ᠴᠤ᠌ ᠮᠠᠨ ᠤ ᠠᠪᠠᠭᠠᠢ ᠲᠠᠢ ᠠᠶᠠᠨᠳᠠᠭᠠᠨ ᠲᠠᠭᠠᠷᠠᠵᠤ ᠲᠣᠬᠢᠷᠠᠭᠠᠨ ᠤᠴᠢᠷ ᠢ᠋ᠶ᠋ᠠᠨ ᠣᠯᠴᠢᠬᠠᠳᠠᠭ ᠶᠤᠮ ᠪᠠᠢᠨ᠎ᠠ᠃ ᠶᠠᠭᠤᠮ᠎ᠠ ᠭᠡᠴᠦ ᠬᠠᠴᠢᠨ ᠳᠠ᠃ ᠪᠢᠳᠡ ᠳᠥᠷᠪᠡ ᠤᠷᠢᠳ ᠡᠮᠦᠨ᠎ᠡ ᠶᠠᠳᠠᠵᠤ ᠭᠠᠭᠴᠠ ᠤᠳᠠᠭ᠎ᠠ ᠪᠣᠯᠪᠠ ᠬᠠᠮᠲᠤ ᠺᠢᠨᠣ᠋ ᠦᠵᠡᠵᠦ ᠲᠢᠶᠡᠲᠷ ᠲᠤ᠌ ᠣᠷᠣᠵᠤ ᠵᠣᠭᠣᠭ ᠤ᠋ᠨ ᠭᠠᠵᠠᠷ ᠵᠡᠷᠭᠡᠴᠡᠨ ᠰᠠᠭᠤᠵᠤ ᠪᠠᠢᠭ᠎ᠠ ᠦᠭᠡᠢ ᠬᠢᠷᠢᠨ᠎ᠡ ᠪᠡᠨ ᠬᠡᠨ ᠬᠡᠨ ᠳ᠋ᠡᠭᠡᠨ ᠰᠡᠳᠬᠢᠯ ᠲᠡᠢ ᠪᠣᠯᠴᠢᠬᠠᠳᠠᠭ ᠪᠠᠢᠵᠠᠢ᠃ ᠲᠡᠭᠡᠭᠡᠳ ᠨᠢᠭᠡ ᠡᠳᠦᠷ ᠬᠡᠵᠢᠶ᠎ᠡ ᠵᠠᠶᠠᠭᠠᠨ ᠤ᠋ ᠶᠤᠮ ᠰᠢᠭ᠋ ᠬᠣᠶᠠᠷ ᠴᠤ᠌ ᠰᠢᠨ᠎ᠡ ᠠᠢᠯ ᠭᠠᠷᠤᠭᠠᠳ ᠢᠷᠡᠳᠡᠭ᠃
ᠮᠠᠨ ᠤ ᠰᠢᠨ᠎ᠡ ᠠᠪᠠᠭᠠᠢ ᠳᠠᠷᠢᠮ᠎ᠠ᠂ ᠪᠠᠲᠤᠯᠠᠭᠤᠯᠤᠶᠠ ① ᠭᠡᠨ᠎ᠡ᠃ ᠪᠢ ᠄
– ᠢᠯᠡᠭᠦᠦ ᠠᠵᠢᠯ ᠳᠠ᠂ ᠪᠠᠲᠤᠯᠠᠭᠠᠨ ᠠ᠋ᠴᠠ ᠢᠯᠡᠭᠦᠦ ᠬᠠᠢᠷ᠎ᠠ ᠰᠡᠳᠬᠢᠯ ᠪᠠᠢᠬᠤ ᠳ᠋ᠤ᠌ ᠲᠡᠭᠡᠵᠦ ᠪᠠᠰᠠ ᠨᠢᠭᠡ ᠠᠵᠢᠯ ᠣᠲᠣᠭᠠᠳ ( ᠠᠵᠢᠯᠠ ᠭᠠᠷᠭᠠᠬᠤ ) ᠶᠠᠭᠠᠬᠢᠬᠤ ᠶᠤᠮ ᠪᠣᠢ ? ᠶᠠᠳᠠᠬᠤ ᠳ᠋ᠠᠭᠠᠨ ᠠᠮᠠ ᠪᠦᠯᠢ᠂ ᠠᠪᠳᠠᠭ ᠴᠠᠯᠢᠩ ᠴᠤ᠌ ᠭᠡᠯᠡ ᠵᠥᠷᠢᠶ᠎ᠡ ᠠᠯᠠᠭ᠎ᠠ ᠭᠡᠯᠡ᠃
ᠳᠠᠷᠢᠮ᠎ᠠ ᠮᠠᠨᠢ ᠵᠢᠭᠠᠬᠠᠨ ᠳᠤᠷᠠᠮᠵᠢᠬᠠᠨ ᠪᠠᠢᠭ᠎ᠠ ᠶᠠᠩᠵᠤ ᠲᠠᠢ ᠳᠤᠤᠭᠠᠷᠤᠭᠰᠠᠨ ᠦᠭᠡᠢ᠃ ᠦᠭᠡᠢ ᠲᠡᠢᠮᠦ ᠪᠢᠵᠡ ᠳᠡ᠂ ᠳᠠᠷᠢᠮ᠎ᠠ᠂ ᠬᠠᠨᠳᠠ ( ᠮᠢᠨᠦ ᠬᠠᠭᠤᠴᠢᠨ ᠡᠬᠡᠨᠡᠷ ) ᠬᠣᠶᠠᠷ ᠤ᠋ᠨ ᠬᠤᠪᠢ ᠳ᠋ᠤ᠌ ᠭᠡᠪᠡᠯ ᠨᠢᠭᠡ ᠬᠣᠶᠠᠷᠬᠠᠨ ᠨᠠᠰᠤᠨ ᠤ᠋ ᠵᠥᠷᠢᠶ᠎ᠡ ᠲᠡᠢ᠃ ᠬᠠᠷᠢᠨ ᠲᠣᠭᠮᠢᠳ ᠨᠠᠳᠠ ᠠ᠋ᠴᠠ ᠲᠠᠪᠤ ᠵᠢᠷᠭᠤᠭ᠎ᠠ ᠠᠬ᠎ᠠ ᠶᠤᠮ ᠃ ᠲᠠᠪᠤ ᠵᠢᠷᠭᠤᠬᠠᠨ ᠰᠢᠦ᠂ ᠲᠡᠷᠡ ᠪᠠᠢᠲᠤᠭᠠᠢ ᠵᠥᠷᠢᠭᠦᠦ ᠠᠯᠢ ᠶ᠋ᠢ ᠲᠡᠷᠡ ᠭᠡᠬᠦ ᠪᠣᠢ? ᠬᠡᠦᠬᠡᠳ ᠦ᠋ᠨ ᠲᠣᠭ᠎ᠠ ᠪᠠᠷ ᠪᠣᠯ ᠪᠦᠷ ᠢᠪ ᠢᠵᠢᠯᠢ ᠭᠡᠭᠴᠢ᠂ ᠮᠠᠨ ᠤ᠋ ᠬᠢ ᠬᠣᠶᠠᠷ ᠬᠦᠦ ᠲᠡᠢ᠂ ᠲᠡᠳᠡᠨ ᠦ᠌ ᠬᠢ ᠬᠦᠦ ᠥᠬᠢᠨ ᠬᠣᠶᠠᠷ ᠲᠠᠢ᠂ ᠠᠳᠠ ᠴᠢᠨᠢ ᠭᠠᠭᠴᠠᠬᠠᠨ ᠬᠦᠢᠰᠦᠨ ᠦ᠌ ᠯᠡ ᠵᠥᠷᠢᠶ᠎ᠡ ᠪᠠᠢᠨ᠎ᠠ ᠃ ᠵᠠ ᠶᠠᠭᠠᠬᠢᠳᠠᠭ ᠶᠤᠮ ᠪᠣᠢ ? ᠲᠣᠭ᠎ᠠ ᠯᠠ ᠪᠠᠢᠵᠤ ᠪᠠᠢᠪᠠᠯ ᠪᠣᠯᠤᠭ᠎ᠠ ᠪᠢᠰᠢ ᠦᠦ ?
ᠦᠭᠡᠢ ᠶᠡᠷᠦ ᠨᠢ ᠪᠢᠳᠡ ᠳᠥᠷᠪᠡ ᠡᠢᠮᠦ ᠠᠮᠠᠷᠠᠭ ᠳᠣᠭᠢᠷᠠᠴᠢᠬᠠᠳᠠᠭ ᠪᠠᠢᠬ᠎ᠠ ᠭᠡᠵᠦ ᠤᠭᠰᠠᠷᠠᠮᠠᠯ ᠬᠢᠴᠡ ᠲᠡᠢ ᠠᠪᠳᠠᠷ᠎ᠠ ᠬᠠᠢᠷᠴᠠᠭ ᠤ᠋ᠨ ᠡᠳ᠋ ᠬᠡᠰᠡᠭ ᠢ᠋ ᠴᠤ᠌ ᠭᠡᠰᠡᠨ ᠬᠣᠭᠣᠷᠣᠨᠳᠣ ᠨᠢ ᠰᠣᠯᠢᠭᠠᠳ ᠡᠪᠯᠡᠭᠦᠯᠬᠦ ᠳ᠋ᠦ᠍ ᠢᠩᠭᠢᠵᠦ ᠠᠶᠠᠲᠠᠢᠬᠠᠨ ᠡᠪ ᠵᠦᠢ ᠪᠡᠷ ᠢ᠋ᠶ᠋ᠡᠨ ᠪᠣᠯᠳᠠᠭ ᠪᠣᠯ ᠮᠥᠨ ᠳᠣᠬᠢ ᠠ᠋ ! ᠭᠠᠭᠴᠠᠬᠠᠨ ᠮᠠᠨ ᠤ᠋ ᠡᠵᠢ ᠭᠡᠵᠦ ᠨᠢᠭᠡ ᠬᠠᠭᠠᠷᠬᠠᠢ ᠬᠡᠩᠭᠡᠷᠭᠡ ᠰᠢᠭ ᠠᠮᠢᠲᠠᠨ ᠂ ᠠᠭᠤᠯᠵᠠᠵᠤ ᠤᠴᠠᠷᠠᠭᠰᠠᠨ ᠲᠠᠨᠢᠬᠤ ᠮᠡᠳᠡᠬᠦ ᠬᠥᠮᠦᠨ ᠳ᠋ᠡᠭᠡᠨ ᠪᠢᠳᠡᠨ ᠦ᠌ ᠡᠨᠡ ᠶᠠᠪᠤᠳᠠᠯ ᠢ᠋ ᠶᠠᠷᠢᠴᠢᠬᠠᠬᠤ ᠭᠡᠳ ᠪᠣᠯᠳᠠᠭ ᠦᠭᠡᠢ᠃ ᠲᠡᠷᠡ ᠰᠠᠨᠠᠭ᠎ᠠ ᠶ᠋ᠢ ᠨᠢ ᠮᠡᠳᠡᠭᠡᠳ ᠪᠢ ᠄
– ᠲᠠ ᠶᠡᠷᠦ ᠨᠢ ᠠᠮᠠ ᠪᠠᠨ ᠬᠠᠪᠴᠢᠵᠤ ᠪᠠᠢᠭᠠᠴᠢ᠂ ᠶᠠᠳᠠᠵᠤ ᠨᠢᠭᠡ ᠵᠢᠯ᠂ ᠶᠠᠳᠠᠬᠤ ᠳ᠋ᠠᠭᠠᠨ ᠨᠢᠭᠡ ᠰᠠᠷ᠎ᠠ᠂ ᠪᠦᠷ ᠲᠡᠰᠬᠦ ᠦᠭᠡᠢ ᠪᠠᠢᠪᠠᠯ ᠨᠢᠭᠡ ᠬᠣᠨᠣᠭ ᠲᠡᠪᠴᠢᠵᠦ ᠦᠵᠡᠭᠡᠴᠢ ᠭᠡᠵᠦ ᠭᠤᠶᠤᠭᠰᠠᠨ ᠮᠠᠨᠢ ᠨᠢᠭᠡ ᠶᠡᠬᠡ ᠨᠡᠮᠡᠷᠢ ᠪᠠᠭ᠎ᠠ ᠲᠠᠢ᠂ ᠶᠠᠭᠠᠬᠢᠳᠠᠭ ᠶᠤᠮ ᠪᠣᠯ ? ᠠ᠋ ᠳᠠ᠂ ᠡᠨᠡ ᠡᠵᠢ ᠨᠠᠷ ᠭᠡᠳᠡᠭ ᠮᠥᠨ ᠬᠠᠲᠠᠭᠤ ᠤᠯᠤᠰ ᠶᠤᠮ ᠠ᠋ ᠳᠠ᠃ ᠬᠥᠮᠦᠨ ᠦ᠌ ᠤᠴᠢᠷ ᠵᠣᠪᠠᠯᠠᠩ ᠮᠡᠳᠡᠬᠦ ᠦᠭᠡᠢ ᠰᠢᠦ᠂ ᠶᠡᠷᠦ ᠨᠢ ᠬᠡᠨ ᠦ᠌ ᠴᠤ᠌ ᠡᠵᠢ ᠴᠥᠮ ᠠᠳᠠᠯᠢ ᠪᠠᠢᠬ᠎ᠠ ᠳᠠ᠃ ᠮᠠᠨ ᠤ᠋ ᠡᠵᠢ ᠯᠡ ᠭᠡᠬᠦ ᠳ᠋ᠦ᠍ ᠳᠠᠷᠢᠮ᠎ᠠ ᠪᠢᠳᠡ ᠬᠣᠶᠠᠷ ᠤ᠋ᠨ ᠬᠡᠨ ᠬᠡᠨ ᠳ᠋ᠡᠭᠡᠨ ᠦᠭᠭᠦᠭᠰᠡᠨ ᠬᠠᠢᠷ᠎ᠠ ᠰᠡᠳᠬᠢᠯ ᠦ᠋ᠨ ᠨᠠᠷᠢᠨ ᠤᠴᠢᠷ ᠢ᠋ ᠳᠠᠩᠴᠤ ᠮᠡᠳᠡᠬᠦ ᠦᠭᠡᠢ ᠶᠦᠮ᠃ ᠶᠡᠷᠦ ᠨᠢ ᠮᠡᠳᠡᠬᠦ ᠶ᠋ᠢ ᠴᠤ᠌ ᠨᠢᠭᠡ ᠶᠡᠬᠡ ᠬᠦᠰᠡᠬᠦ ᠦᠭᠡᠢ ᠪᠠᠢᠬᠤ ᠰᠢᠭ᠋ ᠪᠠᠢᠨ᠎ᠠ᠃ 《 ᠬᠠᠨᠳᠠ 》᠂ 《 ᠬᠠᠨᠳᠠ 》 ᠭᠡᠵᠦ ᠬᠡᠯᠡᠴᠢᠬᠡᠬᠦ ᠭᠡᠳ᠂ ᠲᠡᠭᠡᠬᠦᠯᠡᠷ ᠨᠢ ᠪᠠᠰᠠ ᠰᠢᠨ᠎ᠡ ᠡᠬᠡᠨᠡᠷ ᠦ᠋ᠨ ᠮᠠᠨᠢ ᠰᠡᠳᠬᠢᠯ ᠳ᠋ᠦ᠍ ᠰᠡᠪ ᠣᠷᠣᠴᠢᠬᠠᠬᠤ ᠪᠣᠢ ᠭᠡᠵᠦ ᠮᠢᠨᠦ ᠰᠢᠯᠪᠢᠨ ᠦ᠌ ᠶᠠᠰᠤ ᠬᠦᠷᠲᠡᠯ᠎ᠡ ᠱᠠᠷᠬᠢᠷᠠᠬᠤ ᠶ᠋ᠢ ᠶᠠᠭᠠᠬᠢᠨ᠎ᠠ᠃ ᠤᠩᠰᠢᠭᠴᠢ ᠲᠠ ᠮᠢᠨᠦ ᠣᠷᠣᠨ ᠳ᠋ᠤ᠌ ᠪᠠᠢᠭ᠎ᠠ ᠪᠣᠯ ᠰᠠᠢᠨ ᠮᠡᠳᠡᠨ᠎ᠡ᠂ ᠲᠡᠭᠦᠨ ᠡᠴᠡ ᠨᠠᠭᠠᠰᠢ ᠡᠨᠡ ᠵᠣᠪᠠᠯᠠᠩ ᠢ᠋ ᠶᠠᠭᠠᠬᠢᠭᠰᠠᠨ ᠴᠤ᠌ ᠮᠡᠳᠡᠬᠦ ᠦᠭᠡᠢ ᠳᠡ᠃
ᠠ ᠲᠡᠢᠮᠦ᠂ ᠬᠣᠶᠠᠷ ᠬᠠᠭᠤᠷᠠᠢ ᠬᠡᠦᠬᠡᠳ ᠦ᠋ᠨ ᠢ᠋ᠶ᠋ᠡᠨ ᠲᠤᠬᠠᠢ ᠶᠠᠷᠢᠬᠤ ᠭᠡᠵᠦ ᠪᠠᠢᠭᠰᠠᠨ ᠢ᠋ᠶ᠋ᠠᠨ ᠪᠦᠷ ᠲᠠᠭ ᠮᠠᠷᠲᠠᠬᠤ ᠨᠢ ᠪᠠᠢᠨ᠎ᠠ ᠰᠢᠦ᠃ ᠡᠭᠡᠴᠢᠮᠡᠳ ᠥᠬᠢᠨ ᠨᠢ ᠴᠤ᠌ ᠤᠴᠢᠷ ᠶᠠᠪᠤᠳᠠᠯ ᠢ᠋ ᠣᠢᠯᠠᠭᠠᠭᠠᠳ ᠨᠠᠳᠠ ᠰᠠᠢᠨ ᠭᠡᠵᠦ ᠬᠠᠴᠢᠨ᠂ ᠭᠠᠷᠪᠠᠴᠤ ᠣᠷᠣᠪᠠᠴᠤ 《 ᠠᠪᠤ 》᠂《 ᠰᠢᠨ᠎ᠡ ᠠᠪᠤ 》᠂ 《 ᠵᠠᠯᠠᠭᠤ ᠠᠪᠤ 》 ᠭᠡᠳ ᠰᠠᠯᠬᠤ ᠶᠠᠭᠤᠮ᠎ᠠ ᠪᠢᠰᠢ᠂ ᠬᠠᠷᠢᠨ ᠲᠡᠷᠡ ᠬᠣᠪᠣᠭᠣᠷ ᠪᠠᠨᠳᠢᠳᠠ ᠳ᠋ᠤ᠌ ᠨᠡᠯᠢᠶᠡᠳ ᠶᠠᠪᠤᠳᠠᠯ ᠪᠠᠢᠨ᠎ᠠ ᠠ᠋᠃ ᠨᠠᠳᠠ ᠤᠷᠤᠭᠤ ᠭᠠᠭᠴᠠ ᠠᠶᠠᠲᠠᠢᠬᠠᠨ ᠬᠠᠷᠠᠬᠤ ᠦᠭᠡᠢ ᠰᠢᠦ᠂ ᠪᠢ ᠨᠢᠭᠡ ᠤᠳᠠᠭ᠎ᠠ ᠭᠠᠳᠠᠭᠤᠷ ᠴᠠᠮᠴᠠ ᠶ᠋ᠢ ᠨᠢ ᠲᠠᠢᠯᠬᠤ ᠭᠡᠰᠡᠨ ᠴᠢᠨᠢ ᠵᠣᠯ ᠲᠠᠢ ᠯᠠ ᠪᠠᠢᠰᠢᠩ ᠨᠤᠷᠠᠭᠠᠴᠢᠬᠠᠭᠰᠠᠨ ᠦᠭᠡᠢ᠃
《 ᠵᠠ ᠭᠠᠢᠭᠤᠢ᠂ ᠬᠡᠦᠬᠡ ᠠ᠋ ᠴᠢ ᠥᠨᠥᠳᠥᠷ ᠲᠡᠭᠡᠵᠦ ᠯᠡ ᠪᠠᠢ᠂ ᠮᠠᠷᠭᠠᠰᠢ ᠠ᠋ᠴᠠ ᠢᠩᠭᠢᠵᠦ ᠮᠢᠺᠷᠣᠹᠤᠨ ᠤ᠋ ᠳᠠᠭᠤᠴᠢᠨ ᠰᠢᠭ᠋ ᠳᠤᠷ᠎ᠠ ᠪᠠᠷ ᠢ᠋ᠶ᠋ᠠᠨ ᠬᠠᠰᠬᠢᠴᠢᠵᠤ ᠪᠠᠢᠬ᠎ᠠ ᠪᠣᠢ ᠴᠢ᠂ ᠠᠪᠤ ᠬᠥᠮᠦᠨ ᠶᠠᠮᠠᠷ ᠪᠠᠢᠳᠠᠭ ᠢ᠋ ᠴᠢᠮ᠎ᠠ ᠳ᠋ᠤ᠌ ᠦᠵᠡᠭᠦᠯᠦᠭᠡᠳ ᠥᠭᠭᠦᠨ᠎ᠡ 》 ᠭᠡᠵᠦ ᠰᠢᠳᠦ ᠵᠠᠭᠤᠨ ᠲᠡᠪᠴᠢᠵᠦ ᠪᠠᠢᠯ᠎ᠠ᠃
ᠶᠡᠷᠦ ᠨᠢ ᠳᠠᠷᠢᠮ᠎ᠠ ᠡᠨᠡ ᠬᠦᠦ ᠡᠴᠡ ᠪᠣᠯᠵᠤ ᠬᠠᠭᠤᠴᠢᠨ ᠨᠥᠬᠥᠷ ᠲᠡᠢ ᠪᠡᠨ ᠲᠣᠬᠢᠷᠠᠬᠤ ᠪᠠᠨ ᠪᠠᠢᠭᠰᠠᠨ ᠶᠤᠮ ᠰᠢᠦ ᠳᠡ᠃
ᠶᠠᠭᠠᠬᠢᠵᠤ ᠴᠤ᠌ ᠪᠠᠢᠭᠰᠠᠨ ᠡᠴᠢᠭᠡ ᠨᠢ ᠬᠥᠮᠦᠨ ᠦ᠌ ᠤᠷᠮ᠎ᠠ ᠳ᠋ᠤ᠌ ᠦᠭᠡ ᠬᠡᠯᠡᠬᠦ ᠪᠠᠢᠲᠤᠭᠠᠢ᠂ ᠬᠣᠭᠣᠯᠠᠢ ᠵᠠᠰᠠᠵᠤ ᠦᠵᠡᠭᠡ ᠦᠭᠡᠢ ᠭᠡᠨ᠎ᠡ᠂ ᠬᠠᠷᠢᠨ ᠬᠦᠦ ᠳ᠋ᠡᠭᠡᠨ ᠪᠢᠰᠢ ᠳᠠᠷᠢᠮ᠎ᠠ ᠳ᠋ᠠᠭᠠᠨ᠄
– ᠡᠨᠡ ᠶᠡᠷᠦ ᠨᠢ ᠬᠥᠮᠦᠨ ᠪᠣᠯᠬᠤ ᠦᠭᠡᠢ ᠰᠢᠦ᠂ ᠶᠠᠭᠠᠬᠢᠨ᠎ᠠ ᠳᠠ᠂ ᠬᠡᠦᠬᠡᠳ ᠦ᠋ᠨ ᠵᠠᠩ ᠢ᠋ ᠵᠠᠰᠠᠳᠠᠭ ᠠᠷᠤ ᠶ᠋ᠢᠨ ᠬᠠᠭᠠᠯᠭ᠎ᠠ ᠪᠠᠢᠳᠠᠭ ᠪᠣᠯᠤᠭᠠᠰᠠᠢ ᠭᠡᠵᠦ ᠪᠠᠢᠨ ᠪᠠᠢᠨ ᠥᠭᠦᠯᠡᠳᠡᠭ ᠪᠠᠢᠵᠠᠢ᠃ ᠲᠡᠭᠡᠬᠦᠯᠡᠷ ᠬᠥᠭᠡᠷᠦᠬᠦᠢ ᠡᠬᠡ ᠬᠥᠮᠦᠨ ᠬᠦᠦ ᠳ᠋ᠡᠭᠡᠨ ᠳᠠᠷᠤᠭᠤᠯᠭ᠎ᠠ ᠪᠣᠯᠬᠤ ᠣᠪᠣᠭ᠎ᠠ ᠵᠣᠷᠢᠭᠲᠠᠢ ᠡᠷ᠎ᠡ ᠶ᠋ᠢ ᠮᠥᠷᠥᠭᠡᠳᠬᠦ ᠨᠢ ᠲᠦᠮᠡᠨ ᠵᠥᠪ ᠪᠢᠵᠡ ᠳᠡ ? ᠲᠡᠭᠡᠭᠡᠳ ᠨᠠᠮ᠎ᠠ ᠶ᠋ᠢ ᠲᠡᠭᠡᠭᠡᠳ ᠯᠡ ᠠᠪᠳᠠᠭ ᠪᠠᠢᠨ᠎ᠠ ᠰᠢᠦ᠂ ᠪᠢ ᠳᠠᠷᠢᠮ᠎ᠠ ᠲᠠᠢ ᠰᠠᠭᠤᠬᠤ ᠪᠣᠯᠤᠭᠰᠠᠨ ᠨᠢ ᠪᠠᠰᠠ ᠤᠴᠢᠷ ᠲᠠᠢ᠂ ᠨᠢᠭᠡ ᠮᠠᠭᠤ ᠭᠠᠢ ᠲᠠᠢ ᠨᠣᠭᠣᠭᠠᠨ ᠬᠤᠷᠠᠭᠠᠨ ᠤ᠋ ᠠᠷᠠᠰᠤ ᠠ᠋ᠴᠠ ᠪᠣᠯᠤᠭᠰᠠᠨ ᠶᠤᠮ᠃
ᠬᠡᠦᠬᠡᠨ ᠨᠦ᠍ᠭᠦᠳ ᠦ᠋ᠨ ᠡᠨᠡ ᠣᠨ ᠤ᠋ ᠡᠪᠦᠯ ᠦ᠋ᠨ ᠬᠤᠪᠴᠠᠰᠤᠨ ᠤ᠋ ᠵᠠᠭᠪᠤᠷ ᠨᠣᠭᠣᠭᠠᠨ ᠬᠤᠷᠠᠭᠠᠨ ᠤ᠋ ᠠᠷᠠᠰᠤ ᠪᠠᠷ ᠵᠠᠬᠠᠯᠠᠵᠤ ᠡᠮᠵᠢᠭᠰᠡᠨ ᠤᠭᠲᠤᠷ ᠫᠠᠯᠢᠲ᠋ᠣ᠋ ②᠂ ᠪᠠᠰᠠ ᠨᠣᠭᠣᠭᠠᠨ ᠬᠤᠷᠠᠭᠠᠨ ᠰᠡᠪᠰᠡᠭ ᠲᠠᠢ ᠬᠠᠷ᠎ᠠ ᠬᠢᠯᠢᠩ ᠮᠠᠯᠠᠭᠠᠢ ᠪᠠᠢᠬᠤ ᠶᠤᠮ ᠭᠡᠨ᠎ᠡ᠃ ᠨᠢᠭᠡ ᠰᠡᠳᠬᠦᠯ ᠳᠡᠭᠡᠷ᠎ᠡ ᠲᠡᠭᠡᠭᠡᠳ ᠪᠢᠴᠢᠴᠢᠬᠡᠭᠰᠡᠨ ᠢ᠋ ᠬᠠᠨᠳᠠ ᠦᠵᠡᠭᠡᠳ᠄
– ᠯᠣᠴᠢᠨ ᠮᠢᠨᠢ᠂ ᠨᠣᠭᠣᠭᠠᠨ ᠬᠤᠷᠠᠭᠠᠨ ᠤ᠋ ᠠᠷᠠᠰᠤ ᠶᠢ ᠲᠦᠷᠭᠡᠨ ᠣᠯᠣᠶ᠎ᠠ᠃ ᠲᠡᠭᠡᠬᠦ ᠦᠭᠡᠢ ᠪᠣᠯ ᠨᠠᠮ᠎ᠠ ᠶᠢ ᠡᠮᠡᠭ᠍ᠲᠡᠢ ᠬᠥᠮᠥᠨ ᠭᠡᠵᠦ ᠬᠡᠨ ᠴᠤ᠌ ᠬᠠᠷᠠᠬᠤ ᠦᠭᠡᠢ ᠪᠣᠯᠤᠯ᠎ᠠ ᠰᠢᠦ ᠭᠡᠵᠦ ᠨᠠᠳᠠ ᠬᠡᠯᠡᠪᠡ᠃
– ᠪᠢ ᠳᠡᠷᠡᠨ ᠢ᠋ ᠴᠢᠨᠢ ᠬᠠᠮᠢᠭ᠎ᠠ ᠠ᠋ᠴᠠ ᠣᠯᠬᠤ ᠪᠢᠯᠡ᠂ 《 ᠨᠣᠭᠣᠭᠠᠨ ᠬᠤᠷᠠᠭᠠᠨ ᠤ᠋ ᠠᠷᠠᠰᠤ ᠨᠣᠬᠠᠢ ᠶ᠋ᠢᠨ ᠪᠢᠲᠡᠭᠦᠦ ᠲᠤᠭᠤᠷᠠᠢ 》ᠬᠣᠶᠠᠷ ᠡᠨᠡ ᠳᠡᠯᠡᠬᠡᠢ ᠳ᠋ᠦ᠍ ᠪᠠᠢᠳᠠᠭ ᠦᠭᠡᠢ ᠵᠦᠢᠯ ᠪᠢᠵᠡ ᠳᠡ ? ᠭᠡᠰᠡᠨ ᠴᠢᠨᠢ᠄
– ᠶᠠᠮᠠᠷ ᠪᠠᠢᠬᠤ ᠦᠭᠡᠢ ᠶᠠᠭᠤᠮ᠎ᠠ ᠪᠠᠷ ᠰᠢᠨ᠎ᠡ ᠵᠠᠭᠪᠤᠷ ᠭᠠᠷᠭᠠᠭᠰᠠᠨ ᠪᠠᠢᠬᠤ ᠤᠤ᠂ ᠵᠠᠪᠠᠯ ᠣᠯᠤᠨ᠎ᠠ᠂ ᠲᠡᠢᠮᠦ ᠬᠤᠪᠴᠠᠰᠤ ᠡᠮᠦᠰᠦᠭᠡ ᠦᠭᠡᠢ ᠪᠣᠯ ᠬᠡᠦᠬᠡᠨ ᠪᠢᠰᠢ ᠬᠠᠷᠠᠭᠳᠠᠬᠤ ᠨᠢ ᠪᠠᠢᠨ᠎ᠠ ᠭᠡᠵᠦ ᠠᠶᠠᠭ᠎ᠠ ᠴᠠᠢ ᠤᠤᠭᠤᠬᠤ ᠴᠤ᠌ ᠵᠠᠪ ᠦᠭᠡᠢ ᠦᠭᠡᠯᠡᠭᠡᠳ ᠠᠮᠤᠷ ᠵᠠᠶᠠᠭ᠎ᠠ ᠬᠠᠷᠠᠭᠤᠯᠬᠤ ᠶᠠᠭᠤᠮ᠎ᠠ ᠪᠢᠰᠢ᠃
– ᠨᠣᠭᠣᠭᠠᠨ ᠬᠤᠷᠠᠭᠠᠨ ᠤ᠋ ᠠᠷᠠᠰᠤ ᠡᠮᠦᠰᠦᠭᠡ ᠦᠭᠡᠢ ᠪᠦᠰᠡᠭᠦᠢ ᠬᠥᠮᠦᠨ ᠪᠦᠰᠡᠭᠦᠢ ᠪᠣᠯᠵᠤ ᠬᠠᠷᠠᠭᠳᠠᠭ᠎ᠠ ᠦᠭᠡᠢ ᠶᠦᠮ ᠪᠣᠯ ᠪᠣᠯᠢᠵᠤ ᠯᠠ ᠣᠷᠬᠢᠨ᠎ᠠ ᠪᠢᠵᠡ ᠳᠡ᠃ ᠵᠠᠪᠠᠯ ᠪᠦᠰᠡᠭᠦᠢ ᠬᠠᠷᠠᠭᠳᠠᠬᠤ ᠠᠯᠪᠠ ᠤᠤ? ᠲᠡᠳᠡ ᠴᠢᠮ᠎ᠠ ᠶ᠋ᠢ ᠶᠠᠭᠤ ᠯᠠ ᠭᠡᠵᠦ ᠬᠠᠷᠠᠭᠳᠠᠭᠰᠠᠨ ᠪᠣᠢ᠂ ᠬᠠᠷᠠᠵᠤ ᠯᠠ ᠪᠠᠢᠭ᠃ ᠴᠢ ᠴᠢᠨᠢ ᠨᠥᠬᠥᠷ ᠲᠡᠢ᠂ ᠬᠡᠦᠬᠡᠳ ᠲᠡᠢ᠂ ᠨᠢᠭᠡ ᠶᠣᠰᠣᠨ ᠳ᠋ᠠᠭᠠᠨ ᠮᠠᠨ ᠤ᠋ ᠭᠡᠷ ᠦ᠋ᠨ ᠬᠠᠲᠤᠨ ᠬᠠᠭᠠᠨ ᠭᠡᠳᠡᠭ ᠢ᠋ ᠴᠢᠨᠢ ᠣᠯᠠᠨ ᠲᠦᠮᠡᠨ ᠮᠡᠳᠡᠨ᠎ᠡ᠃ ᠲᠡᠷᠡ ᠪᠠᠢᠲᠤᠭᠠᠢ ᠴᠢᠮ᠎ᠠ ᠶ᠋ᠢ ᠡᠬᠡᠨᠡᠷ ᠨᠢ᠂ ᠨᠠᠮ᠎ᠠ ᠶ᠋ᠢ ᠨᠥᠬᠥᠷ ᠨᠢ ᠭᠡᠳ ᠪᠠᠲᠤᠯᠠᠭᠠᠳ ᠦᠭᠭᠦᠭᠰᠡᠨ ᠭᠡᠷ ᠪᠦᠯᠢ ᠶ᠋ᠢᠨ ᠪᠠᠲᠤᠯᠠᠭ᠎ᠠ ᠪᠣᠢ ᠰᠢᠦ ᠳᠡ ᠭᠡᠵᠦ ᠬᠡᠯᠡᠵᠦ ᠦᠵᠡᠯ᠎ᠡ᠃ ᠪᠠᠲᠤᠯᠠᠭ᠎ᠠ ᠶ᠋ᠢ ᠶᠡᠷᠦ ᠠᠪᠴᠤ ᠬᠡᠯᠡᠯᠴᠡᠬᠦ ᠶᠠᠭᠤᠮ᠎ᠠ ᠪᠢᠰᠢ᠃ ᠨᠣᠭᠣᠭᠠᠨ ᠬᠤᠷᠠᠭᠠᠨ ᠤ᠋ ᠠᠷᠠᠰᠤ ᠯᠠ ᠪᠠᠢᠪᠠᠯ ᠨᠢᠭᠡ ᠵᠢᠯ ᠳ᠋ᠡᠭᠡᠨ ᠭᠡᠷ ᠪᠦᠯᠢ ᠶ᠋ᠢᠨ ᠬᠠᠤᠯᠢ᠂ ᠰᠢᠭᠦᠬᠦ ᠶ᠋ᠢᠨ ᠲᠣᠭᠲᠠᠭᠠᠯ᠂ ᠭᠡᠷᠡᠴᠢᠯᠡᠭᠡ ᠪᠠᠲᠤᠯᠠᠭ᠎ᠠ ᠬᠠᠮᠢᠶ᠎ᠠ ᠦᠭᠡᠢ ᠭᠡᠨ᠎ᠡ᠃ ᠪᠢ ᠨᠥᠭᠥᠭᠡ ᠭᠠᠢ ᠲᠠᠢ ᠬᠤᠷᠠᠭᠠᠨ ᠤ᠋ ᠠᠷᠠᠰᠤ ᠶ᠋ᠢ ᠬᠠᠢᠵᠤ ᠬᠠᠪᠤᠷ ᠠ᠋ᠴᠠ ᠬᠣᠢᠰᠢ ᠬᠤᠳᠠᠯᠳᠤᠭᠠᠨ ᠤ᠋ ᠪᠦᠬᠦ ᠳᠡᠯᠭᠡᠭᠦᠷ᠂ ᠬᠠᠭᠤᠴᠢᠨ ᠰᠢᠨ᠎ᠡ ᠵᠠᠬ᠎ᠠ᠂ ᠶᠡᠷᠦ ᠨᠢ ᠶᠠᠪᠤᠭ᠎ᠠ ᠦᠭᠡᠢ ᠭᠠᠵᠠᠷ ᠦᠭᠡᠢ᠂ ᠬᠠᠢᠭᠠᠳ ᠬᠠᠢᠭᠠᠳ ᠶᠠᠪᠤᠭᠰᠠᠨ ᠬᠥᠯ ᠦ᠋ᠨ ᠭᠠᠷᠤᠵᠠ᠂ ᠰᠤᠷᠤᠭᠰᠠᠨ ᠬᠡᠯᠡᠨ ᠦ᠌ ᠭᠠᠷᠤᠵᠠ ᠶᠤᠮ᠃ ᠠᠳᠠ ᠲᠡᠨᠳᠡ ᠦᠭᠡᠢ ᠯᠡ ᠮᠢᠨᠦ ᠢᠵᠢᠯᠢ ᠪᠣᠯᠤᠭᠰᠠᠨ ᠬᠠᠷᠠᠴᠤᠤᠯ ᠬᠡᠦᠬᠡᠨ ᠨᠦ᠍ᠭᠦᠳ ᠲᠠᠭᠠᠷᠠᠯᠳᠤᠨ᠎ᠠ᠃
ᠠᠷᠭ᠎ᠠ ᠪᠠᠨ ᠪᠠᠷᠠᠬᠤ ᠳ᠋ᠠᠭᠠᠨ ᠨᠥᠬᠥᠭᠡ ᠰᠡᠳᠬᠦᠯ ᠦ᠋ᠨ ᠭᠠᠵᠠᠷ ᠨᠢ ᠣᠴᠢᠵᠤ᠄
– ᠲᠠ ᠨᠠᠷ ᠪᠠᠢᠬᠤ ᠦᠭᠡᠢ ᠡᠳ᠋ ᠢ᠋ᠶ᠋ᠡᠷ ᠶᠠᠭᠠᠬᠢᠵᠤ ᠬᠤᠪᠴᠠᠰᠤᠨ ᠤ᠋ ᠵᠠᠭᠪᠤᠷ ᠭᠠᠷᠭᠠᠳᠠᠭ ᠤᠯᠤᠰ ᠪᠣᠢ ? ᠭᠡᠰᠡᠨ ᠴᠢᠨᠢ᠄
– ᠪᠠᠢᠭ᠎ᠠ ᠯᠠ ᠪᠣᠯᠤᠭᠠᠳ ᠭᠠᠷᠭᠠᠭᠰᠠᠨ ᠪᠠᠢᠯᠭᠦᠢ᠂ ᠦᠢᠯᠡᠳᠪᠦᠷᠢ ᠶ᠋ᠢᠨ ᠵᠢᠷᠤᠭᠠᠴᠢᠳ ᠨᠣᠭᠣᠭᠠᠨ ᠪᠣᠳᠣᠭ ᠪᠠᠢᠵᠤ ᠪᠠᠢᠭᠠᠳ ᠵᠢᠷᠤᠵᠤ ᠪᠣᠯᠤᠭᠰᠠᠨ ᠶᠤᠮ ᠴᠢᠨᠢ ᠪᠠᠢᠵᠤ ᠯᠠ ᠲᠠᠭᠠᠷᠠᠨ᠎ᠠ ᠳᠠ ᠬᠡᠴᠢᠭᠡᠳ ᠥᠭᠡᠷ᠎ᠡ ᠶᠠᠭᠤᠮ᠎ᠠ ᠬᠡᠯᠡᠳᠡᠭ ᠦᠭᠡᠢ ᠰᠢᠦ᠃ ᠲᠡᠭᠡᠭᠡᠳ ᠡᠬᠡᠨᠡᠷ ᠲᠡᠭᠡᠨ ᠢᠷᠡᠵᠦ ᠢᠩᠭᠢᠵᠦ ᠤᠴᠢᠷ ᠶᠠᠪᠤᠳᠠᠯ ᠢ᠋ᠶ᠋ᠠᠨ ᠬᠡᠯᠡᠯ᠎ᠡ᠃
– ᠵᠠ ᠡᠪᠦᠭᠡᠨ ᠴᠢᠨᠢ ᠶᠠᠭᠠᠬᠢᠭᠠᠳ ᠴᠤ᠌ ᠡᠨᠡ ᠵᠢᠯ ᠴᠢᠮ᠎ᠠ ᠶ᠋ᠢ ᠬᠡᠦᠬᠡᠨ ᠰᠢᠭ ᠬᠡᠦᠬᠡᠨ ᠬᠠᠷᠠᠭᠳᠠᠭᠤᠯᠵᠤ ᠴᠢᠳᠠᠬᠤ ᠦᠭᠡᠢ ᠶᠦᠮ ᠪᠠᠢᠨ᠎ᠠ᠃ ᠴᠢ ᠨᠣᠭᠣᠭᠠᠨ ᠬᠤᠷᠠᠭᠠᠨ ᠤ᠋ ᠠᠷᠠᠰᠤ ᠣᠯᠴᠢᠬᠠᠬᠤ ᠪᠠᠷ ᠠᠷᠭ᠎ᠠ ᠰᠠᠮᠪᠠᠭ᠎ᠠ ᠲᠠᠢ ᠡᠷ᠎ᠡ ᠲᠡᠢ ᠭᠠᠭᠴᠠ ᠵᠢᠯ ᠴᠤ᠌ ᠪᠣᠯᠲᠤᠭᠠᠢ᠂ ᠭᠠᠭᠴᠠ ᠰᠠᠷ᠎ᠠ ᠴᠤ᠌ ᠶᠠᠭᠠᠬᠢᠬᠤ ᠪᠣᠢ ᠬᠠᠮᠢᠶ᠎ᠠ ᠦᠭᠡᠢ ᠰᠠᠭᠤᠵᠤ ᠦᠵᠡᠭᠡᠴᠢ᠃ ᠴᠢᠮ᠎ᠠ ᠶ᠋ᠢ ᠨᠣᠭᠣᠭᠠᠨ ᠬᠤᠷᠠᠭᠠᠨ ᠤ᠋ ᠠᠷᠠᠰᠤᠨ ᠬᠤᠪᠴᠠᠰᠤ ᠲᠠᠢ ᠪᠣᠯᠤᠭᠠᠳ ᠣᠷᠬᠢᠪᠠᠯ ᠮᠠᠷᠭᠠᠰᠢ ᠠ᠋ᠴᠠ ᠨᠢ ᠡᠬᠢᠯᠡᠭᠡᠳ ᠯᠡ ᠪᠢ ᠪᠠᠳᠣᠯᠠᠭ᠎ᠠ ᠭᠡᠷᠡᠴᠢᠯᠡᠭᠡ ᠪᠡᠨ ᠦᠵᠡᠭᠦᠯᠵᠦ ᠵᠠᠳᠠ ᠵᠠᠷᠭᠤᠯᠳᠤᠵᠤ ᠶᠠᠪᠤᠭᠠᠳ ᠪᠤᠴᠠᠭᠠᠭᠠᠳ ᠠᠪᠴᠤ ᠴᠢᠳᠠᠨ᠎ᠠ ᠭᠡᠪᠡ᠃ ᠮᠢᠨᠦ ᠪᠦᠳᠦᠭᠦᠯᠢᠭ ᠢ᠋ ᠰᠠᠢᠨ ᠮᠡᠳᠡᠬᠦ ᠠᠪᠠᠭᠠᠢ ᠮᠠᠨᠢ ᠴᠤ᠌ ᠦᠭᠡᠨ ᠳ᠋ᠦ᠍ ᠣᠷᠣᠵᠤ ᠠᠷᠭ᠎ᠠ ᠰᠠᠮᠪᠠᠭ᠎ᠠ ᠲᠠᠢ ᠪᠠᠷ ᠨᠢ ᠲᠣᠭᠮᠢᠳ ᠢ᠋ ᠲᠦᠰᠢᠭᠰᠡᠨ ᠬᠡᠷᠡᠭ᠃ ᠠ ᠬᠠᠷᠢᠨ ᠲᠣᠭᠮᠢᠳ ᠥᠭᠡᠷ᠎ᠡ ᠶᠠᠭᠤᠮ᠎ᠠ ᠪᠣᠳᠣᠵᠤ ᠁ ᠵᠠ ᠪᠣᠯᠢᠶ᠎ᠠ᠂ ᠪᠢᠴᠢᠪᠡᠯ ᠨᠡᠯᠢᠶᠡᠳ ᠶᠠᠭᠤᠮ᠎ᠠ ᠪᠠᠢᠨ᠎ᠠ ᠰᠠᠨᠵᠠᠢ᠃ ᠰᠢᠨᠡᠬᠡᠨ ᠭᠡᠷᠯᠡᠭᠰᠡᠨ ᠬᠥᠮᠦᠨ ᠭᠡᠬᠦ ᠳ᠋ᠦ᠍ ᠡᠬᠡᠨᠡᠷ ᠢ᠋ᠶ᠋ᠡᠨ ᠭᠠᠭᠴᠠᠭᠠᠷ ᠢ᠋ ᠨᠢ ᠤᠨᠲᠠᠯᠭ᠎ᠠ ᠶ᠋ᠢᠨ ᠥᠷᠥᠭᠡᠨ ᠳ᠋ᠦ᠍ ᠣᠷᠬᠢᠴᠢᠬᠠᠭᠠᠳ ᠠᠳᠠ ᠵᠣᠭᠳᠣᠢᠭᠠᠳ ᠰᠠᠭᠤᠬᠤ ᠶ᠋ᠢᠨ ᠬᠡᠷᠡᠭ ᠶᠠᠭᠤ ᠪᠠᠢᠨ᠎ᠠ᠂ ᠬᠥᠬᠡᠷᠦᠬᠦᠢ ᠠᠮᠢᠲᠠᠨ ᠭᠣᠮᠣᠳᠠᠨ᠎ᠠ ᠪᠠᠢᠭ᠎ᠠ ᠳ᠋ᠠ᠃
– – – –
① ᠤᠷᠤᠭ ᠪᠦᠷᠢᠳᠬᠡᠭᠦᠯᠬᠦ
② ᠳᠤᠯᠠᠭᠠᠨ ᠬᠤᠪᠴᠠᠰᠤ ᠂ ᠳ᠋ᠠᠴᠠᠩ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
