ᠵᠥᠪᠬᠡᠨ ᠮᠣᠩᠭᠣᠯ ᠳ᠋ᠠᠭᠠᠨ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠪᠬᠡᠨ ᠮᠣᠩᠭᠣᠯ ᠳ᠋ᠠᠭᠠᠨ -ᠮᠠᠨᠳᠤᠬᠤ ᠪᠠᠭᠰᠢ ᠶᠢᠨ ᠤᠷᠠᠨ ᠪᠢᠴᠢᠯᠭᠡ

ᠵᠥᠪᠬᠡᠨ ᠮᠣᠩᠭᠣᠯ ᠳ᠋ᠠᠭᠠᠨ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-09-04

824

ᠵᠥᠪᠬᠡᠨ ᠮᠣᠩᠭᠣᠯ ᠳ᠋ᠠᠭᠠᠨ


     ᠦᠭᠡ ᠄ ᠶᠠᠪᠤᠭᠤᠬᠤᠯᠠᠩ  
     ᠠᠶ᠎ᠠ ᠄ᠴᠢᠯᠠᠭᠤᠨᠪᠠᠲᠤ  
     ᠳᠠᠭᠤᠴᠢᠨ ᠄ ᠬᠠᠷᠠᠩᠭ᠎ᠠ ᠬᠠᠮᠲᠤᠯᠢᠭ   

ᠴᠡᠴᠡᠭ ᠦ᠋ᠨ ᠰᠠᠢᠬᠠᠨ ᠢ᠋ ᠪᠢ ᠵᠥᠪᠬᠡᠨ ᠨᠤᠭᠤ ᠠ᠋ᠴᠠ ᠪᠠᠨ ᠲᠡᠭᠦᠯ᠎ᠡ   
ᠴᠡᠩᠭᠡᠯ ᠦ᠋ᠨ ᠳᠠᠭᠤᠨ ᠢ᠋ ᠪᠢ ᠵᠥᠪᠬᠡᠨ ᠲᠠᠯ᠎ᠠ ᠠ᠋ᠴᠠ ᠪᠠᠨ ᠰᠣᠨᠣᠰᠤᠯ᠎ᠠ  
ᠬᠦᠯᠦᠭ ᠦ᠋ᠨ ᠬᠤᠷᠳᠤᠨ ᠢ᠋ ᠪᠢ ᠵᠥᠪᠬᠡᠨ ᠰᠦᠷᠦᠭ ᠡᠴᠡ ᠪᠡᠨ ᠪᠠᠷᠢᠯ᠎ᠠ  
ᠬᠡᠦᠬᠡᠨ ᠦ᠌ ᠴᠢᠷᠠᠢᠯᠠᠭ ᠢ᠋ ᠪᠢ ᠵᠥᠪᠬᠡᠨ ᠮᠣᠩᠭᠣᠯ ᠳ᠋ᠠᠭᠠᠨ ᠬᠠᠷᠠᠯ᠎ᠠ  

ᠬᠦᠯᠦᠭ ᠦ᠋ᠨ ᠬᠤᠷᠳᠤᠨ ᠢ᠋ ᠪᠢ ᠵᠥᠪᠬᠡᠨ ᠰᠦᠷᠦᠭ ᠡᠴᠡ ᠪᠡᠨ ᠪᠠᠷᠢᠯ᠎ᠠ
ᠬᠡᠦᠬᠡᠨ ᠦ᠌ ᠴᠢᠷᠠᠢᠯᠠᠭ ᠢ᠋ ᠪᠢ ᠵᠥᠪᠬᠡᠨ ᠮᠣᠩᠭᠣᠯ ᠳ᠋ᠠᠭᠠᠨ ᠬᠠᠷᠠᠯ᠎ᠠ᠃

ᠤᠰᠤᠨ ᠤ᠋ ᠲᠤᠩᠭᠠᠯᠠᠭ ᠢ᠋ ᠪᠢ ᠵᠥᠪᠬᠡᠨ ᠲᠤᠤᠯᠠ ᠠ᠋ᠴᠠ ᠪᠠᠨ ᠠᠮᠰᠠᠯ᠎ᠠ
ᠤᠬᠠᠭᠠᠨ ᠤ᠋ ᠰᠠᠷᠠᠭᠤᠯ ᠢ᠋ ᠪᠢ ᠵᠥᠪᠬᠡᠨ ᠡᠪᠦᠭᠡᠳ ᠡᠴᠡ ᠪᠡᠨ ᠥᠪᠯᠡᠯ᠎ᠡ
ᠠᠨᠳᠠ ᠶ᠋ᠢᠨ ᠵᠢᠷᠤᠮ ᠢ᠋ ᠪᠢ ᠵᠥᠪᠬᠡᠨ ᠠᠷᠠᠳ ᠠ᠋ᠴᠠ ᠪᠠᠨ ᠰᠤᠷᠤᠯ᠎ᠠ
ᠠᠮᠢᠳᠤ ᠶ᠋ᠢᠨ ᠵᠢᠷᠭᠠᠯ ᠢ᠋ ᠪᠢ ᠵᠥᠪᠬᠡᠨ ᠮᠣᠩᠭᠣᠯ ᠳ᠋ᠠᠭᠠᠨ ᠡᠳ᠋ᠯᠡᠯ᠎ᠡ

ᠠᠨᠳᠠ ᠶ᠋ᠢᠨ ᠵᠢᠷᠤᠮ ᠢ᠋ ᠪᠢ ᠵᠥᠪᠬᠡᠨ ᠠᠷᠠᠳ ᠠ᠋ᠴᠠ ᠪᠠᠨ ᠰᠤᠷᠤᠯ᠎ᠠ
ᠠᠮᠢᠳᠤ ᠶ᠋ᠢᠨ ᠵᠢᠷᠭᠠᠯ ᠢ᠋ ᠪᠢ ᠵᠥᠪᠬᠡᠨ ᠮᠣᠩᠭᠣᠯ ᠳ᠋ᠠᠭᠠᠨ ᠡᠳ᠋ᠯᠡᠯ᠎ᠡ᠃

       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ