ᠲᠡᠮᠦᠷ ᠬᠥᠮᠦᠨ – ᠮ ᠂ ᠬᠦᠷᠰᠡᠳ Төмөр хүн – М ᠂ Хүрсэд
ᠲᠡᠮᠦᠷ ᠬᠥᠮᠥᠨ
( ᠬᠣᠱᠣᠩ ᠥᠭᠦᠯᠡᠯᠭᠡ )
ᠮᠠᠨ ᠤ᠋ ᠭᠠᠷᠠᠭ ᠤ᠋ᠨ ᠳᠡᠯᠡᠬᠡᠢ ᠶ᠋ᠢᠨ ᠡᠷᠳᠡᠮᠲᠡᠨ ᠵᠣᠬᠢᠶᠠᠨ ᠪᠦᠲᠦᠭᠡᠭᠴᠢᠳ ᠦ᠋ᠨ 20 ᠳ᠋ᠤᠭᠠᠷ ᠵᠠᠭᠤᠨ ᠤ᠋ ᠭᠠᠢᠬᠠᠮᠰᠢᠭᠲᠤ ᠪᠦᠲᠦᠭᠡᠯ ᠦ᠋ᠨ ᠨᠢᠭᠡ ᠪᠣᠯᠤᠭᠰᠠᠨ ᠲᠡᠮᠦᠷ ᠬᠥᠮᠦᠨ ᠦ᠌ ᠦᠵᠡᠰᠬᠦᠯᠡᠩ ᠤᠯᠠᠭᠠᠨᠪᠠᠭᠠᠲᠤᠷ ᠬᠣᠲᠠ ᠳ᠋ᠤ᠌ ᠰᠠᠢᠬᠠᠨ ᠨᠡᠭᠡᠭᠡᠭᠳᠡᠯ᠎ᠡ᠃ ᠥᠪᠡᠷᠰᠡᠳ ᠦ᠋ᠨ ᠲᠡᠮᠦᠷ《 ᠬᠠᠮᠢᠶᠠᠲᠠᠨ ᠰᠠᠳᠤᠨ ᠲᠠᠢ》 ᠲᠠᠨᠢᠯᠴᠠᠬᠤ ᠬᠦᠰᠡᠯᠲᠡ ᠨᠦ᠍ᠭᠦᠳ ᠦᠵᠡᠰᠬᠦᠯᠡᠩ ᠦ᠋ᠨ ᠰᠢᠯᠦᠨ ᠠᠰᠠᠷ ᠲᠤ᠌ ᠥᠷᠯᠥᠭᠡᠨ ᠡᠴᠡ ᠦᠳᠡᠰᠢ ᠬᠦᠷᠲᠡᠯ᠎ᠡ ᠲᠠᠰᠤᠷᠠᠯ ᠦᠭᠡᠢ ᠴᠤᠪᠤᠨ᠎ᠠ᠃
ᠪᠢᠳᠡᠨ ᠦ᠌ ᠲᠡᠮᠦᠷ ᠳᠠᠭᠤᠷᠢᠶᠠᠮᠠᠯ ᠤ᠋ᠳ ᠪᠥᠭᠡᠷᠡᠩᠬᠡᠢ᠂ ᠳᠥᠷᠪᠡᠯᠵᠢᠨ᠂ ᠭᠣᠩᠵᠣᠭᠣᠢ ᠶᠠᠩᠵᠤ ᠶᠠᠩᠵᠤ ᠶ᠋ᠢᠨ ᠲᠣᠯᠣᠭᠠᠢ ᠲᠠᠢ᠂ ᠳᠥᠷᠪᠡᠨ ᠮᠥᠴᠢ ᠲᠡᠢ᠂ ᠪᠠᠰᠠ ᠶᠡᠬᠡ ᠪᠡᠶ᠎ᠡ ᠲᠡᠢ᠂ ᠲᠣᠯᠣᠭᠠᠢ ᠳ᠋ᠠᠭᠠᠨ ᠲᠣᠬᠢᠷᠠᠭᠰᠠᠨ ᠨᠢᠳᠦ ᠠᠮᠠ᠂ ᠬᠠᠮᠠᠷ ᠴᠢᠬᠢ ᠲᠡᠢ᠃ ᠨᠢᠭᠡ ᠦᠭᠡ ᠪᠡᠷ ᠬᠡᠯᠡᠬᠦ ᠳ᠋ᠦ᠍ ᠬᠥᠮᠦᠨ ᠦ᠌ ᠮᠡᠳᠡᠷᠡᠬᠦᠢ ᠶ᠋ᠢᠨ ᠲᠠᠪᠤᠨ ᠡᠷᠬᠡᠲᠡᠨ ᠲᠡᠢ᠂ ᠪᠡᠶ᠎ᠡ ᠶ᠋ᠢᠨ ᠭᠠᠯᠪᠢᠷ ᠲᠥᠷᠬᠦ ᠲᠣᠮᠣ ᠵᠢᠵᠢᠭ ᠢ᠋ᠶ᠋ᠡᠷ ᠴᠦ᠍ ᠮᠠᠨ ᠤ᠋ ᠭᠠᠷᠠᠭ ᠤ᠋ᠨ ᠬᠥᠮᠦᠰ ᠰᠢᠭ ᠯᠡ ᠥᠨᠳᠥᠷ ᠨᠠᠮ ᠲᠣᠮᠣ ᠪᠠᠭ᠎ᠠ ᠶᠠᠩᠵᠤ ᠶᠠᠩᠵᠤ ᠠᠵᠢ᠃ ᠲᠡᠳᠡ ᠶᠠᠷᠢᠵᠤ᠂ ᠲᠣᠭ᠎ᠠ ᠪᠣᠳᠣᠵᠤ᠂ ᠳᠠᠭᠤᠤ ᠳᠠᠭᠤᠯᠠᠵᠤ᠂ ᠰᠢᠯᠦᠭ ᠤᠩᠰᠢᠵᠤ᠂ ᠰᠢᠲᠠᠷ᠎ᠠ ᠶ᠋ᠢᠨ ᠨᠡᠭᠦᠳᠡᠯ ᠬᠢᠵᠦ᠂ ᠬᠠᠢᠯᠤᠮᠠᠯ ᠭᠠᠩ ᠤᠲᠠᠰᠤ ᠪᠠᠷ ᠤᠷᠠᠨ ᠨᠠᠷᠢᠨ ᠡᠳ᠋ᠯᠡᠯ ᠤᠷᠠᠯᠠᠵᠤ ᠠᠪᠢᠶᠠᠰ ᠪᠢᠯᠢᠭ ᠢ᠋ᠶ᠋ᠡᠷ ᠭᠠᠢᠬᠠᠭᠤᠯᠤᠨ᠎ᠠ᠃ ᠵᠠᠷᠢᠮ ᠨᠢ ᠠᠯᠢ ᠳ᠋ᠢᠸᠠᠩᠭᠠᠷ( ᠭᠠᠯᠠᠪ) ᠤ᠋ᠨ ᠦᠦᠬᠡ ᠲᠡᠦᠬᠡ ᠶ᠋ᠢᠨ ᠲᠠᠢᠯᠤᠭᠳᠠᠭᠠ ᠦᠭᠡᠢ ᠨᠢᠭᠤᠴᠠ ᠶ᠋ᠢ ᠨᠡᠬᠡᠭᠰᠡᠨ ᠢ᠋ᠶ᠋ᠡᠷ ᠶᠠᠷᠢᠵᠤ ᠪᠠᠢᠬᠤ ᠳ᠋ᠤ᠌ ᠨᠢᠭᠡ ᠬᠡᠰᠡᠭ ᠨᠢ ᠬᠣᠶᠠᠷ ᠭᠤᠷᠪᠠᠨ ᠵᠠᠭᠤᠨ ᠤ᠋ ᠳᠠᠷᠠᠭᠠᠬᠢ ᠮᠠᠨ ᠤ᠋ ᠳᠡᠯᠡᠬᠡᠢ ᠶ᠋ᠢᠨ ᠠᠮᠢᠳᠤᠷᠠᠯ ᠤ᠋ᠨ ᠲᠣᠭᠠᠴᠠᠭ᠎ᠠ ᠶ᠋ᠢ ᠭᠠᠷᠭᠠᠨ ᠬᠥᠮᠦᠨ ᠠᠮᠠ᠂ ᠰᠣᠶᠣᠯ ᠢᠷᠭᠡᠨᠰᠢᠯ᠂ ᠬᠠᠢᠷ᠎ᠠ ᠳᠤᠷᠠᠯᠠᠯ ᠤ᠋ᠨ ᠲᠤᠬᠠᠢ ᠴᠤ᠌ ᠶᠠᠷᠢᠵᠤ ᠪᠠᠢᠨ᠎ᠠ᠃
《 ᠸᠸᠨ᠋ᠸᠷᠠ》( ᠸᠢᠨᠠᠰ) ᠨᠡᠷᠡᠲᠦ ᠲᠡᠮᠦᠷ ᠳᠠᠭᠢᠨᠢ 22 ᠳ᠋ᠤᠭᠠᠷ ᠵᠠᠭᠤᠨ ᠤ᠋ ᠬᠡᠦᠬᠡᠨ ᠨᠦ᠍ᠭᠦᠳ ᠶᠠᠭᠠᠬᠢᠵᠤ ᠬᠤᠪᠴᠠᠰᠤᠯᠠᠭᠠᠳ ᠭᠤᠳᠤᠮᠵᠢ ᠲᠠᠯᠠᠪᠠᠢ ᠳ᠋ᠤ᠌ ᠶᠠᠮᠠᠷ ᠮᠠᠶᠢᠬᠲᠠᠢ ᠶᠠᠪᠤᠬᠤ᠂ ᠬᠠᠢᠷ᠎ᠠ ᠰᠡᠳᠬᠢᠯᠲᠦ ᠵᠠᠯᠠᠭᠤ ᠲᠠᠢ ᠪᠠᠨ ᠪᠤᠶᠤ ᠨᠢᠭᠤᠴᠠ ᠠᠮᠠᠷᠠᠭ ᠲᠠᠢ ᠪᠠᠨ ᠪᠣᠯᠵᠣᠭ᠎ᠠ ᠲᠠᠯᠪᠢᠬᠤ᠂ ᠠᠭᠤᠯᠵᠠᠭᠠᠳ ᠬᠠᠢᠷ᠎ᠠ ᠳᠤᠷᠠᠯᠠᠯ ᠢ᠋ᠶ᠋ᠠᠨ ᠢᠯᠡᠷᠬᠡᠢᠯᠡᠬᠦ ᠪᠠᠢᠳᠠᠯ ᠢ᠋ ᠦᠵᠡᠭᠦᠯᠵᠦ ᠪᠠᠢᠪᠠ᠃ ᠦᠵᠡᠭᠴᠢᠳ ᠬᠥᠭᠡᠷᠦᠯᠳᠦᠵᠦ ᠪᠦᠰᠡᠭᠦᠢᠴᠦᠳ ᠪᠡᠶ᠎ᠡ ᠪᠡᠶ᠎ᠡ ᠪᠡᠨ ᠨᠢᠳᠤᠷᠤᠯᠴᠠᠨᠠ᠃
– ᠡᠷᠬᠢᠮᠰᠦᠭ ᠰᠣᠨᠢᠷᠬᠠᠭᠴᠢ ᠲᠠ ᠨᠠᠳᠠ ᠠ᠋ᠴᠠ ᠠᠰᠠᠭᠤᠬᠤ ᠵᠦᠢᠯ ᠪᠠᠢᠪᠠᠯ ᠮᠢᠨᠦ ᠵᠡᠭᠦᠨ ᠭᠠᠷ ᠲᠠᠯ᠎ᠠ ᠶ᠋ᠢᠨ《 ᠰᠣᠨᠣᠰᠬᠤ ᠳᠣᠬᠢᠶᠠᠨ》 ᠤ᠋ ᠳᠡᠷᠭᠡᠳᠡ ᠣᠴᠢᠭᠠᠳ ᠳᠤᠷᠠᠲᠠᠢ ᠬᠡᠯᠡ ᠪᠡᠷ ᠢ᠋ᠶ᠋ᠡᠷ ᠠᠰᠠᠭᠤᠭᠲᠤᠨ᠃
ᠲᠠᠨ ᠤ᠋ ᠬᠦᠰᠡᠭᠰᠡᠨ ᠬᠠᠷᠢᠭᠤ ᠶ᠋ᠢ ᠬᠡᠳᠦᠬᠡᠨ ᠰᠧᠺᠦ᠋ᠨ᠋ᠳ᠋ ᠦ᠋ᠨ ᠳᠠᠷᠠᠭ᠎ᠠ ᠥᠭᠭᠦᠨ᠎ᠡ ᠭᠡᠵᠦ ᠸᠸᠨᠧᠷᠠ ᠠᠮᠠᠯᠠᠬᠤ ᠳ᠋ᠤ᠌ ᠬᠥᠮᠦᠰ《 ᠶᠠᠭᠤ ᠠᠰᠠᠭᠤᠬᠤ ᠪᠣᠢ》 ᠭᠡᠰᠡᠨ ᠰᠢᠭ ᠪᠡᠶ᠎ᠡ ᠪᠡᠶ᠎ᠡ ᠪᠡᠨ ᠬᠠᠷᠠᠪᠠ᠃ ᠦᠵᠡᠭᠴᠢᠳ ᠦ᠋ᠨ ᠳᠤᠮᠳᠠ ᠠ᠋ᠴᠠ ᠵᠠᠯᠠᠭᠤᠬᠠᠨ ᠡᠷ᠎ᠡ ᠰᠣᠨᠣᠰᠬᠤ ᠳᠣᠬᠢᠶᠠᠨ ᠤ᠋ ᠳᠡᠷᠭᠡᠳᠡ ᠣᠴᠢᠭᠠᠳ᠄
– ᠲᠡᠷᠡ ᠦᠶ᠎ᠡ ᠳ᠋ᠦ᠍ ᠬᠡᠦᠬᠡᠨ ᠨᠦ᠍ᠭᠦᠳ ᠶᠠᠭᠠᠬᠢᠵᠤ ᠢᠨᠢᠶᠡᠬᠦ ᠪᠣᠢ? ᠭᠡᠵᠦ ᠬᠡᠨ ᠦ᠌ ᠴᠦ᠍ ᠰᠠᠨᠠᠭᠠᠨ ᠳ᠋ᠤ᠌ ᠣᠷᠣᠮ᠎ᠠ ᠦᠭᠡᠢ ᠠᠰᠠᠭᠤᠯᠲᠠ ᠠᠰᠠᠭᠤᠪᠠ᠃ ᠭᠡᠷᠡᠯ ᠳᠣᠬᠢᠶ᠎ᠠ ᠠᠨᠢᠪᠴᠢᠨ ᠠᠰᠠᠭᠤᠯᠲᠠ ᠶ᠋ᠢ ᠲᠡᠮᠦᠷ ᠳᠠᠭᠢᠨᠢ ᠳ᠋ᠤ᠌ ᠳᠠᠮᠵᠢᠭᠤᠯᠤᠯ᠎ᠠ᠂ ᠲᠦᠳᠡᠬᠡᠨ ᠨᠡᠪᠲᠡᠷᠡᠬᠦ ᠳᠣᠬᠢᠶ᠎ᠠ ᠤᠯᠠᠯᠵᠠᠨ᠄
– ᠲᠠᠨ ᠤ᠋ ᠠᠰᠠᠭᠤᠭᠰᠠᠨ ᠵᠦᠢᠯ ᠮᠢᠨᠢ ᠫᠷᠣᠭᠷᠠᠮ ᠳ᠋ᠤ᠌ ᠣᠷᠣᠭ᠎ᠠ ᠦᠭᠡᠢ᠂ ᠭᠡᠬᠦ ᠳ᠋ᠡᠭᠡᠨ ᠬᠡᠦᠬᠡᠨ ᠨᠦ᠍ᠭᠦᠳ ᠣᠳᠣ ᠶ᠋ᠢᠨ ᠡᠴᠡ ᠡᠩᠬᠦᠷᠡᠢ ᠤᠶᠠᠩᠭᠠᠯᠢᠭ ᠡᠶᠡᠯᠳᠡᠭ ᠵᠥᠭᠡᠯᠡᠨ ᠢᠨᠢᠶᠡᠳᠡᠭ ᠪᠣᠯᠤᠨ᠎ᠠ ᠭᠡᠵᠦ ᠳᠠᠭᠢᠨᠢ ᠬᠠᠷᠢᠭᠤᠯᠪᠠ᠃
– ᠤᠶᠠᠩᠭᠠᠯᠢᠭ ᠨᠠᠭᠠᠯᠢᠩᠬᠠᠢ ᠢᠨᠢᠶᠡᠳᠦ ᠵᠠᠷᠢᠮ ᠳ᠋ᠠᠭᠠᠨ ᠬᠤᠳᠠᠯ ᠪᠠᠢᠳᠠᠭ ᠰᠢᠦ ᠳᠡ᠃
– ᠬᠤᠳᠠᠯ ᠭᠡᠳᠡᠭ ᠦᠭᠡ ᠵᠥᠪᠬᠡᠨ ᠬᠠᠭᠤᠴᠢᠷᠠᠭᠰᠠᠨ ᠦᠭᠡ ᠶ᠋ᠢᠨ ᠲᠣᠯᠢ ᠪᠢᠴᠢᠭ ᠲᠦ᠍ ᠦᠯᠡᠳᠡᠨ᠎ᠡ᠃ ᠲᠠᠩᠬᠢᠮ ᠳᠦᠭᠦᠷᠡᠩ ᠳᠥᠩᠭᠡᠨᠡᠯᠳᠥᠨ《 ᠰᠣᠨᠣᠰᠬᠤ ᠳᠣᠬᠢᠶ᠎ᠠ》 ᠮᠠᠨᠠᠯᠵᠠᠨ ᠲᠣᠬᠢᠷᠠᠭᠤᠯᠬᠤ ᠰᠠᠮᠪᠠᠷ᠎ᠠ ᠶ᠋ᠢᠨ ᠭᠡᠷᠡᠯ ᠦ᠋ᠳ ᠠᠰᠠᠯᠠ᠃ ᠱᠤᠤᠭᠢᠶ᠎ᠠ ᠨᠠᠮᠳᠠᠮᠠᠭᠴᠠ ᠨᠢᠭᠤᠷᠮᠠᠭ ᠤ᠋ᠨ ᠪᠠᠢᠷᠢ ᠶ᠋ᠢᠨ ᠨᠢᠭᠡ ᠬᠡᠦᠬᠡᠨ《 ᠰᠣᠨᠣᠰᠬᠤ ᠳᠣᠬᠢᠶᠠᠨ》 ᠳ᠋ᠤ᠌ ᠣᠢᠷᠠᠲᠤᠨ᠄
– 22 ᠳ᠋ᠤᠭᠠᠷ ᠵᠠᠭᠤᠨ ᠳ᠋ᠤ᠌ ᠳᠠᠷᠤᠭ᠎ᠠ ᠪᠣᠯᠭᠠᠨ ᠢᠨᠢᠶᠡᠳᠡᠭ ᠪᠣᠯᠬᠤ ᠪᠣᠯᠪᠠ ᠤᠤ? ᠭᠡᠬᠦ ᠳ᠋ᠦ᠍᠂
– ᠢᠨᠢᠶᠡᠳᠡᠭ ᠦᠭᠡᠢ ᠳᠠᠷᠤᠭ᠎ᠠ ᠣᠳᠣ ᠪᠣᠢ ᠭᠡᠵᠢ ᠦᠦ? ᠲᠡᠷᠡ ᠴᠢᠨᠢ ᠠᠯᠪᠠᠨ ᠠᠵᠢᠯ ᠳᠡᠭᠡᠷ᠎ᠡ ᠪᠡᠨ ᠢᠨᠢᠶᠡᠬᠦ ᠵᠠᠪ ᠦᠭᠡᠢ ᠪᠠᠢᠯ᠎ᠠ ᠴᠤ᠌ ᠭᠡᠰᠡᠨ ᠭᠡᠷ ᠣᠷᠣᠨ ᠳ᠋ᠠᠭᠠᠨ ᠪᠠᠰᠠ ᠰᠡᠳᠬᠢᠯ ᠨᠢ ᠬᠥᠳᠡᠯᠦᠭᠰᠡᠨ ᠦᠶ᠎ᠡ ᠳ᠋ᠡᠭᠡᠨ ᠢᠨᠢᠶᠡᠨ᠎ᠡ ᠰᠢᠦ ᠳᠡ᠃
– ᠦᠵᠡᠭᠴᠢᠳ ᠦ᠋ᠨ ᠳᠤᠮᠳᠠ ᠠ᠋ᠴᠠ ᠠᠪᠠᠭᠠᠢ ᠬᠥᠮᠦᠨ ᠦ᠌ ᠠᠭᠤᠷᠲᠠᠢ ᠳᠠᠭᠤᠨ ᠭᠠᠷᠴᠤ᠄
– ᠭᠡᠷ ᠲᠡᠭᠡᠨ ᠴᠦ᠍ ᠢᠨᠢᠶᠡᠵᠦ ᠦᠵᠡᠭᠡ ᠦᠭᠡᠢ ᠬᠠᠷᠠᠴᠤᠤᠯ ᠪᠠᠰᠠ ᠪᠣᠢ ᠭᠡᠵᠦ ᠬᠠᠰᠬᠢᠷᠬᠤ ᠰᠣᠨᠣᠰᠳᠠᠪᠠ᠃
– ᠲᠡᠷᠡ ᠦᠶ᠎ᠡ ᠳ᠋ᠦ᠍ ᠬᠥᠮᠦᠨ ᠪᠦᠬᠦᠨ ᠦ᠌ ᠵᠠᠩ ᠠᠷᠠᠨᠰᠢᠨ ᠭᠦᠢᠴᠡᠳ ᠲᠥᠯᠥᠪᠰᠢᠨ ᠲᠣᠭᠲᠠᠬᠤ ᠤᠴᠢᠷ ᠠ᠋ᠴᠠ ᠴᠥᠮ ᠢᠨᠢᠶᠡᠳᠡᠭ᠂ ᠬᠥᠮᠦᠨ ᠲᠥᠷᠥᠯᠬᠢᠲᠡᠨ ᠳ᠋ᠦ᠍ ᠢᠨᠢᠶᠡᠳᠦ ᠣᠳᠣ ᠶ᠋ᠢᠨ ᠡᠴᠡ ᠴᠦ᠍ ᠢᠯᠡᠭᠦᠦ ᠠᠮᠢᠨ ᠴᠢᠬᠤᠯᠠ ᠵᠦᠢᠯ ᠪᠣᠯᠤᠨ᠎ᠠ ᠭᠡᠵᠦ ᠸᠸᠨ᠋ᠸᠷᠠ ᠬᠡᠯᠡᠯ᠎ᠡ᠃ ᠲᠠᠩᠬᠢᠮ ᠳ᠋ᠤ᠌ ᠢᠨᠢᠶᠡᠳᠦ ᠱᠤᠤᠭᠢᠶᠠᠨ ᠬᠣᠣᠰᠯᠠᠪᠠ᠄
– ᠴᠢ ᠶᠠᠭᠠᠬᠢᠵᠤ ᠢᠨᠢᠶᠡᠳᠡᠭ ᠪᠣᠢ ᠭᠡᠵᠦ ᠲᠦᠷᠦᠭᠦᠴᠢ ᠶ᠋ᠢᠨ ᠵᠠᠯᠠᠭᠤ ᠡᠷ᠎ᠡ ᠲᠣᠭᠯᠠᠭᠠᠮ ᠪᠣᠯᠭᠠᠨ ᠠᠰᠠᠭᠤᠬᠤ ᠳ᠋ᠤ᠌᠂ ᠤᠴᠢᠷ ᠵᠦᠭ ᠦᠭᠡᠢ ᠣᠯᠠᠨ ᠭᠡᠷᠡᠯ ᠳᠣᠬᠢᠶ᠎ᠠ ᠠᠰᠠᠵᠤ ᠤᠨᠲᠠᠷᠠᠵᠤ ᠲᠡᠮᠦᠷ ᠬᠥᠮᠦᠨ ᠰᠠᠨᠳᠤᠷᠪᠠ᠃ ᠲᠡᠭᠡᠭᠡᠳ᠄
– ᠢᠨᠢᠶᠡᠳᠦ ᠮᠢᠨᠦ ᠫᠷᠣᠭ᠌ᠷᠠᠮ ᠳ᠋ᠤ᠌ ᠪᠠᠢᠬᠤ ᠦᠭᠡᠢ᠂ ᠵᠣᠬᠢᠶᠠᠨ ᠪᠦᠲᠦᠭᠡᠭᠴᠢᠳ ᠨᠠᠮ᠎ᠠ ᠶ᠋ᠢ ᠢᠨᠢᠶᠡᠳᠡᠭ ᠪᠣᠯᠭᠠᠬᠤ ᠡᠰᠡᠬᠦ ᠲᠤᠬᠠᠢ ᠶᠡᠬᠡ ᠮᠠᠷᠭᠤᠭᠰᠠᠨ ᠶᠤᠮ᠃ ᠨᠢᠭᠡ ᠬᠡᠰᠡᠭ ᠨᠢ ᠢᠨᠢᠶᠡᠳᠡᠭ ᠪᠣᠯᠭᠠᠬᠤ ᠭᠡᠵᠦ ᠣᠷᠣᠯᠳᠣᠭᠠᠳ ᠴᠢᠳᠠᠭ᠎ᠠ ᠦᠭᠡᠢ᠂ ᠠᠷᠭ᠎ᠠ ᠶᠠᠳᠠᠬᠤ ᠳ᠋ᠠᠭᠠᠨ ᠳᠡᠯᠡᠬᠡᠢ ᠳ᠋ᠦ᠍ ᠠᠯᠳᠠᠷᠰᠢᠭᠰᠠᠨ ᠳ᠋ᠷᠠᠮ( ᠤᠷᠠᠨ ᠰᠠᠢᠬᠠᠨ ᠤ᠋) ᠶ᠋ᠢᠨ ᠵᠥᠴᠦᠭᠡᠴᠢᠳ ᠨᠡᠷᠡᠲᠦ ᠳ᠋ᠢᠫᠯᠣᠮᠠᠲ ① ᠤ᠋ᠳ ᠤ᠋ᠨ ᠤᠭᠤᠷᠠᠭ ᠲᠠᠷᠢᠬᠢ ᠶ᠋ᠢ ᠰᠢᠨᠵᠢᠯᠡᠨ ᠰᠤᠳᠤᠯᠤᠭᠠᠳ ᠪᠦᠲᠦᠭᠡ ᠦᠭᠡᠢ ᠭᠡᠪᠡ᠃
ᠦᠵᠡᠭᠴᠢᠳ ᠨᠢᠷᠬᠢᠲᠡᠯ᠎ᠡ ᠬᠥᠭᠡᠷᠦᠯᠳᠦᠪᠡ᠃ ᠢᠨᠢᠶᠡᠵᠦ ᠰᠤᠷᠤᠭ᠎ᠠ ᠦᠭᠡᠢ ᠦᠵᠡᠰᠬᠦᠯᠡᠩ ᠦ᠋ᠨ ᠪᠠᠭᠠᠲᠤᠷ ᠤ᠋ᠳ ᠮᠠᠨᠢ ᠵᠥᠪᠬᠡᠨ ᠮᠡᠳᠡᠷᠡᠬᠦ ᠳᠣᠬᠢᠶᠠᠨ ᠤ᠋ ᠪᠠᠨ ᠭᠡᠷᠡᠯ ᠢ᠋ ᠠᠨᠢᠪᠴᠢᠭᠤᠯᠤᠨ ᠦᠷᠦ ᠡᠪᠡᠳᠦᠮᠡᠷ ᠪᠠᠢᠵᠤ ᠪᠢᠯᠡ᠃
– – – –
① ᠭᠠᠳᠠᠭᠠᠳᠤ ᠬᠠᠷᠢᠯᠴᠠᠭᠠᠨ ᠤ᠋ ᠠᠵᠢᠯᠲᠠᠨ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠤ
ᠬᠢᠨᠠᠭ᠍ᠴᠢ : ᠴᠣᠯᠮᠣᠨᠲᠤᠶᠠᠭ᠎ᠠ
