ᠪᠠᠶᠠᠨ ᠰᠥᠩ ᠦ᠋ᠨ ᠢᠷᠥᠭᠡᠯ-ᠬᠣᠱᠤᠳ ᠴᠡᠩᠭᠡᠯбаян сүнгийн ерөөл-хошод цэнгэл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨ ᠰᠥᠩ ᠦ᠋ᠨ ᠢᠷᠥᠭᠡᠯ-ᠬᠣᠱᠤᠳ ᠴᠡᠩᠭᠡᠯбаян сүнгийн ерөөл-хошод цэнгэл

ᠪᠠᠶᠠᠨ ᠰᠥᠩ ᠦ᠋ᠨ ᠢᠷᠥᠭᠡᠯ-ᠬᠣᠱᠤᠳ ᠴᠡᠩᠭᠡᠯбаян сүнгийн ерөөл-хошод цэнгэл

2024-09-03

497

ᠪᠠᠶᠠᠨ ᠰᠥᠩ ᠦ᠋ᠨ ᠢᠷᠥᠭᠡᠯ

ᠠᠷᠢᠭᠤᠳᠬᠠᠨ ᠡᠮᠬᠢᠯᠡᠭᠰᠡᠨ ᠳᠡᠭᠡᠳᠦ ᠮᠣᠩᠭᠣᠯ ᠤ᠋ᠨ《ᠪᠠᠶᠠᠨ ᠰᠥᠩ ᠦ᠋ᠨ ᠢᠷᠦᠭᠡᠯ》
                      ᠬᠣᠱᠤᠳ ᠴᠡᠩᠭᠡᠯ
《ᠰᠥᠩ ᠦ᠋ᠨ ᠢᠷᠦᠭᠡᠯ》 ᠪᠣᠯ ᠳᠡᠭᠡᠳᠦ ᠮᠣᠩᠭᠣᠯ ᠤ᠋ᠨ ᠢᠷᠦᠭᠡᠯ ᠦ᠋ᠨ ᠰᠣᠶᠣᠯ ᠳᠣᠲᠣᠷᠠᠬᠢ ᠣᠷᠣᠢ ᠶ᠋ᠢᠨ ᠴᠢᠮᠡᠭ ᠨᠢ ᠮᠥᠨ᠃ ᠲᠤᠰ ᠢᠷᠦᠭᠡᠯ ᠳᠣᠲᠣᠷ᠎ᠠ ᠰᠠᠩᠭᠠᠷᠵᠠ ᠪᠣᠯᠤᠨ ᠴᠡᠴᠡᠨ ᠳᠠᠢᠴᠢᠩ ᠡᠷᠳᠡᠨᠢ ( ᠣᠮᠪᠣ ) ᠬᠣᠶᠠᠷ ᠨᠣᠶᠠᠨ ᠡᠷᠬᠡᠪᠰᠢ ᠳᠤᠷᠠᠳᠤᠭᠳᠠᠵᠤ ᠪᠠᠢᠳᠠᠭ ᠠ᠋ᠴᠠ ᠦᠵᠡᠬᠦ ᠳ᠋ᠦ᠍ ᠲᠡᠳᠡᠨ ᠦ᠌ ᠬᠣᠢᠴᠢᠰ ᠤ᠋ᠨ ᠤᠭ ᠪᠣᠯᠬᠤ ᠬᠥᠷᠯᠦᠭ ᠪᠠᠢᠰᠠ ᠶ᠋ᠢᠨ ᠬᠣᠰᠢᠭᠤ ᠪᠣᠯᠤᠨ ᠬᠥᠷᠯᠦᠭ ᠵᠠᠰᠠᠭ ᠬᠤᠰᠢᠭᠤᠨ ᠳ᠋ᠤ᠌ ᠢᠯᠡᠭᠦᠦ ᠢᠷᠦᠭᠡᠭᠳᠡᠵᠦ ᠪᠠᠢᠭᠰᠠᠨ ᠰᠦᠪᠡᠭᠴᠢ ᠲᠡᠢ ᠶᠦᠮ᠃《ᠰᠥᠩ ᠦ᠋ᠨ ᠢᠷᠦᠭᠡᠯ》 ᠳ᠋ᠦ᠍ ᠡᠵᠡᠨ ᠪᠣᠭᠳᠠ ᠴᠢᠩᠭᠢᠰ ᠬᠠᠭᠠᠨ ᠢ᠋ ᠳᠡᠭᠡᠳᠦᠯᠡᠨ ᠰᠦᠰᠦᠭᠯᠡᠵᠦ ᠂ ᠰᠥᠩ ᠦ᠋ᠨ ᠳᠡᠭᠡᠵᠢ ᠶ᠋ᠢ ᠬᠤᠷᠤᠢᠯᠠᠨ ᠡᠷᠭᠦᠬᠦ ᠪᠡᠷ ᠢᠷᠦᠭᠡᠯ ᠦ᠋ᠨ ᠬᠠᠨᠳᠤᠯᠭ᠎ᠠ ᠪᠣᠯᠤᠨ ᠶᠣᠰᠣᠯᠠᠯ ᠤ᠋ᠨ ᠭᠣᠣᠯ ᠴᠢᠭᠯᠡᠯ ᠪᠣᠯᠭᠠᠵᠠᠢ ᠃ ᠡᠭᠦᠨ ᠳ᠋ᠦ᠍ ᠳᠡᠭᠡᠳᠦᠰ ᠦ᠋ᠨ ᠭᠠᠷᠤᠯ ᠡᠭᠦᠰᠦᠯ ᠡᠴᠡ ᠭᠡᠭᠡᠨ ᠭᠦᠦᠰᠢ ᠬᠠᠭᠠᠨ ᠬᠦᠷᠲᠡᠯᠡᠬᠢ ᠲᠥᠷᠥ ᠱᠠᠵᠢᠨ ᠤ᠋ ᠴᠢᠬᠤᠯᠠ ᠲᠡᠦᠬᠡᠨ ᠬᠡᠷᠡᠭ ᠶᠠᠪᠤᠳᠠᠯ ᠢ᠋ ᠲᠡᠦᠬᠡ ᠶ᠋ᠢᠨ ᠳᠠᠷᠠᠭᠠᠯᠠᠯ ᠢ᠋ᠶ᠋ᠠᠷ ᠨᠢ ᠲᠣᠭᠠᠴᠢᠭᠰᠠᠨ ᠪᠠᠢᠨ᠎ᠠ ᠃ ᠡᠢᠮᠦᠷᠬᠦ ᠪᠢᠴᠢᠭ ᠦ᠋ᠨ ᠪᠠ ᠠᠮᠠᠨ ᠰᠣᠶᠣᠯ ᠢ᠋ ᠬᠣᠣᠰᠯᠠᠭᠤᠯᠤᠭᠰᠠᠨ ᠠᠷᠠᠳ ᠤ᠋ᠨ ᠢᠷᠦᠭᠡᠯ ᠠᠯᠢ ᠴᠤ᠌ ᠮᠣᠩᠭᠣᠯ ᠨᠤᠲᠤᠭ ᠲᠤ᠌ ᠪᠠᠢᠭ᠎ᠠ ᠦᠭᠡᠢ ᠃ ᠡᠭᠦᠨ ᠢ᠋ ᠨᠠᠷᠢᠨ ᠠᠵᠢᠭᠯᠠᠪᠠᠰᠤ ᠂ ᠬᠠᠭᠠᠨ ᠨᠣᠶᠠᠳ ᠤ᠋ᠨ ᠣᠷᠳᠣᠨ ᠤ᠋ ᠶᠣᠰᠣᠯᠠᠯ ᠤ᠋ᠨ ᠰᠢᠨᠵᠢᠲᠡᠢ ᠪᠠᠢᠳᠠᠭ ᠂ ᠪᠣᠳᠣᠪᠠᠰᠤ ᠡᠨᠡ ᠨᠢ ᠳᠡᠭᠡᠳᠦ ᠮᠣᠩᠭᠣᠯ ᠤ᠋ᠨ ᠭᠡᠭᠡᠨ ᠭᠦᠦᠰᠢ ᠬᠠᠭᠠᠨ ᠤ᠋ ᠬᠣᠱᠤᠳ ᠡᠦᠲᠦᠮ ᠨᠢ ᠠᠯᠲᠠᠨ ᠤᠷᠤᠭ ᠠ᠋ᠴᠠ ᠡᠭᠦᠰᠦᠯᠲᠡᠢ ᠪᠥᠭᠡᠳ ᠡᠷᠲᠡ ᠦᠶ᠎ᠡ ᠡᠴᠡ ᠡᠪᠦᠭᠡ ᠳᠡᠭᠡᠳᠦᠰ᠂ ᠡᠵᠡᠨ ᠴᠢᠩᠭᠢᠰ ᠢ᠋ᠶ᠋ᠡᠨ ᠰᠦᠰᠦᠭᠯᠡᠨ ᠳᠠᠬᠢᠵᠤ ᠪᠠᠢᠭᠰᠠᠨ ᠣᠷᠳᠣᠨ ᠤ᠋ ᠶᠣᠰᠣᠯᠠᠯ ᠤ᠋ᠨ ᠲᠡᠦᠬᠡᠨ ᠤᠯᠠᠮᠵᠢᠯᠠᠯ ᠲᠠᠢ ᠬᠣᠯᠪᠣᠭᠠᠲᠠᠢ ᠭᠡᠵᠦ ᠦᠵᠡᠯᠲᠡᠢ ᠃ ᠭᠠᠭᠴᠠᠬᠦ ᠬᠣᠱᠤᠳ ᠨᠣᠶᠠᠳ ᠤ᠋ᠨ ᠨᠤᠲᠤᠭ ᠰᠡᠯᠭᠦᠭᠰᠡᠨ ᠶᠡᠬᠡ ᠬᠤᠪᠢᠷᠠᠯᠲᠠ᠂ ᠢᠯᠠᠩᠭᠤᠶ᠎ᠠ ᠣᠢᠷ᠎ᠠ ᠶ᠋ᠢᠨ ᠭᠤᠷᠪᠠᠨ ᠵᠠᠭᠤᠨ ᠵᠢᠯ ᠦ᠋ᠨ ᠣᠷᠣᠭ᠎ᠠ ᠪᠣᠰᠤᠭ᠎ᠠ ᠲᠡᠦᠬᠡᠨ ᠶᠠᠪᠤᠴᠠ ᠳ᠋ᠤ᠌ 《ᠰᠥᠩ ᠦ᠋ᠨ ᠢᠷᠦᠭᠡᠯ》 ᠦ᠋ᠨ ᠠᠭᠤᠯᠭ᠎ᠠ ᠬᠡᠯᠪᠡᠷᠢ ᠶᠡᠬᠡᠬᠡᠨ ᠬᠤᠪᠢᠷᠠᠯᠲᠠ ᠭᠠᠷᠤᠭᠰᠠᠨ ᠨᠢ ᠭᠠᠷᠴᠠᠭ᠎ᠠ ᠦᠭᠡᠢ ᠃ ᠡᠳᠦᠭᠡ ᠪᠣᠯᠬᠤ ᠳ᠋ᠤ᠌ ᠠᠷᠠᠳ ᠣᠯᠠᠨ ᠤ᠋ ᠨᠠᠢᠷ ᠴᠤᠭᠯᠠᠭᠠᠨ ᠳ᠋ᠤ᠌ ᠢᠯᠡᠭᠦᠦ ᠬᠡᠷᠡᠭᠯᠡᠭᠳᠡᠬᠦ ᠪᠣᠯᠤᠭᠰᠠᠨ ᠪᠠ ᠨᠠᠢᠷ ᠤ᠋ᠨ ᠬᠦᠨᠳᠦ ᠬᠥᠩᠭᠡᠨ ᠂ ᠶᠡᠬᠡ ᠪᠠᠭ᠎ᠠ ᠶ᠋ᠢᠨ ᠬᠦᠷᠢᠶ᠎ᠡ ᠬᠡᠪᠴᠢᠶᠡᠨ ᠳ᠋ᠦ᠍ ᠵᠣᠬᠢᠴᠠᠭᠤᠯᠤᠨ ᠳᠡᠯᠭᠡᠷᠡᠩᠭᠦᠢ ᠪᠤᠶᠤ ᠬᠤᠷᠢᠶᠠᠩᠭᠤᠢ ᠠᠳᠠᠯᠢ ᠪᠤᠰᠤ ᠬᠡᠮᠵᠢᠶ᠎ᠡ ᠪᠡᠷ ᠢᠷᠦᠭᠡᠭᠳᠡᠬᠦ ᠪᠥᠭᠡᠳ ᠲᠡᠭᠦᠨ ᠢᠶᠠᠨ ᠪᠠᠰᠠ 《ᠶᠡᠬᠡ ᠴᠢᠩᠭᠢᠰ》᠂《ᠪᠠᠭ᠎ᠠ ᠴᠢᠩᠭᠢᠰ》 ᠭᠡᠵᠦ ᠨᠡᠷᠡᠯᠡᠬᠦ ᠪᠣᠯᠵᠠᠢ ᠃ ᠲᠡᠢᠮᠦ ᠡᠴᠡ ᠡᠳᠦᠭᠡ ᠮᠠᠨ ᠤ᠋ ᠳᠡᠭᠡᠳᠦ ᠮᠣᠩᠭᠣᠯ ᠳ᠋ᠤ᠌ ᠨᠡᠯᠢᠶᠡᠳ ᠣᠯᠠᠨ ᠬᠤᠪᠢᠯᠪᠤᠷᠢ ᠲᠠᠢ 《ᠰᠥᠩ ᠦ᠋ᠨ ᠢᠷᠦᠭᠡᠯ》 ᠢᠷᠦᠭᠡᠭᠳᠡᠵᠦ ᠪᠣᠢ ᠃ ᠶᠡᠷᠦᠩᠬᠡᠢᠯᠡᠨ ᠦᠵᠡᠪᠡᠰᠦ᠂《ᠰᠥᠩ ᠦ᠋ᠨ ᠢᠷᠦᠭᠡᠯ》ᠨᠢ ᠤᠯᠠᠮᠵᠢᠯᠠᠵᠤ ᠢᠷᠡᠭᠰᠡᠨ ᠭᠣᠣᠯ ᠭᠣᠣᠯ ᠬᠡᠳᠦᠨ ᠲᠡᠦᠬᠡᠨ ᠬᠥᠮᠦᠨ ᠪᠠ ᠲᠡᠦᠬᠡᠨ ᠬᠡᠷᠡᠭ ᠶᠠᠪᠤᠳᠠᠯ ᠢ᠋ ᠬᠠᠶᠠᠭᠳᠠᠯ ᠦᠭᠡᠢ ᠬᠠᠮᠤᠷᠴᠤ ᠂ ᠮᠥᠨ ᠲᠣᠭᠲᠠᠭᠰᠠᠨ ᠨᠢᠭᠡ ᠪᠦᠯᠦᠭ ᠦᠭᠡᠰ ᠦ᠋ᠨ ᠰᠠᠩ ᠂ ᠬᠡᠯᠡᠴᠡ ᠂ ᠦᠭᠡ ᠥᠭᠦᠯᠡᠪᠦᠷᠢ ᠪᠡᠷ ᠠᠶᠠᠯᠤᠭᠤᠯᠤᠨ ᠬᠡᠯᠡᠳᠡᠭ ᠨᠢᠭᠡᠨ ᠦᠨᠳᠦᠰᠦᠨ ᠬᠡᠪ ᠵᠠᠭᠪᠤᠷ ᠲᠠᠢ ᠪᠠᠢᠨ᠎ᠠ ᠃ ᠭᠡᠬᠦ ᠳ᠋ᠡᠭᠡᠨ ᠵᠠᠷᠢᠮ ᠬᠤᠪᠢᠯᠪᠤᠷᠢ ᠳ᠋ᠤ᠌ ᠲᠡᠦᠬᠡᠨ ᠴᠠᠭ ᠳᠠᠷᠠᠭᠠᠯᠠᠯ ᠢ᠋ ᠬᠣᠯᠢᠯᠳᠤᠭᠤᠯᠤᠭᠰᠠᠨ᠂ ᠲᠡᠦᠬᠡᠨ ᠬᠥᠮᠦᠨ ᠂ ᠲᠡᠦᠬᠡᠨ ᠬᠡᠷᠡᠭ ᠶᠠᠪᠤᠳᠠᠯ ᠢ᠋ ᠬᠤᠳᠬᠤᠭᠰᠠᠨ ᠂ ᠤᠯᠠᠮ ᠢᠶᠠᠷ ᠬᠥᠮᠦᠨ ᠂ ᠠᠢᠮᠠᠭ ᠂ ᠭᠠᠵᠠᠷ ᠤᠰᠤᠨ ᠂ ᠪᠤᠷᠬᠠᠳ ᠤ᠋ᠨ ᠨᠡᠷ᠎ᠡ ᠲᠣᠮᠢᠶ᠎ᠠ ᠶ᠋ᠢ ᠳᠤᠲᠠᠭᠤ ᠵᠡᠷᠡᠮᠳᠡᠭ ᠪᠤᠶᠤ ᠪᠤᠷᠤᠭᠤ ᠬᠡᠯᠡᠬᠦ ᠪᠠᠢᠳᠠᠯ ᠴᠤ᠌ ᠴᠥᠭᠡᠨ ᠪᠤᠰᠤ ᠪᠠᠢᠭ᠎ᠠ ᠃ ᠠᠷᠠᠳ ᠤ᠋ᠨ ᠤᠯᠠᠮᠵᠢᠯᠠᠯ ᠪᠠ ᠵᠠᠩᠰᠢᠯ ᠪᠦᠬᠦᠨ ᠨᠢ ᠠᠮᠠᠨ ᠰᠣᠶᠣᠯ ᠤ᠋ᠨ ᠨᠢᠭᠡᠨ ᠬᠡᠰᠡᠭ ᠪᠣᠯᠬᠣᠷ ᠡᠨᠡ ᠬᠡᠪ ᠢᠶᠠᠷ ᠪᠠᠢᠵᠤ ᠪᠠᠢᠬᠤ ᠳ᠋ᠤ᠌ ᠪᠣᠯᠬᠤ ᠦᠭᠡᠢ ᠶᠠᠭᠤᠮ᠎ᠠ ᠭᠡᠵᠦ ᠦᠭᠡᠢ ᠃ ᠬᠠᠷᠢᠨ ᠰᠤᠳᠤᠯᠭᠠᠨ ᠤ᠋ ᠲᠦᠪᠰᠢᠨ ᠳ᠋ᠦ᠍ ᠠᠯᠢ ᠨᠢ ᠢᠯᠡᠭᠦᠦ ᠵᠦᠢ ᠶᠣᠰᠣᠲᠠᠢ ᠂ ᠠᠯᠢ ᠨᠢ ᠭᠦᠢᠴᠡᠳ ᠪᠤᠰᠤ ᠶ᠋ᠢ ᠨᠢ ᠳᠤᠷᠠᠳᠬᠤ ᠴᠢᠬᠤᠯᠠᠲᠠᠢ ᠂ ᠤᠯᠠᠮ ᠢᠶᠠᠷ ᠠᠷᠢᠭᠤᠳᠬᠠᠵᠤ ᠴᠡᠭᠴᠡᠯᠡᠬᠦ ᠲᠤᠬᠠᠢ ᠰᠠᠨᠠᠭᠠᠴᠢᠯᠠᠭ᠎ᠠ ᠪᠠᠨ ᠳᠡᠪᠰᠢᠭᠦᠯᠬᠦ ᠡᠭᠦᠷᠭᠡ ᠲᠡᠢ ᠭᠡᠵᠦ ᠰᠠᠨᠠᠮᠤᠢ ᠃
ᠲᠡᠢᠮᠦ ᠡᠴᠡ ᠣᠯᠠᠨ ᠬᠤᠪᠢᠯᠪᠤᠷᠢ ᠤ᠋ᠳ ᠢ᠋ ᠬᠠᠷᠢᠴᠠᠭᠤᠯᠤᠨ ᠰᠤᠳᠤᠯᠵᠤ《ᠰᠥᠩ ᠦ᠋ᠨ ᠢᠷᠦᠭᠡᠯ》 ᠦ᠋ᠨ ᠭᠣᠣᠯ ᠪᠦᠲᠦᠴᠡ ᠪᠦᠷᠢᠯᠳᠦᠬᠦᠨ ᠢ᠋ ᠬᠠᠮᠤᠷᠤᠭᠰᠠᠨ ᠪᠥᠭᠡᠳ ᠳᠤᠷᠠᠳᠤᠭᠳᠠᠵᠤ ᠪᠠᠢᠭ᠎ᠠ ᠬᠥᠮᠦᠨ ᠂ ᠬᠡᠷᠡᠭ ᠶᠠᠪᠤᠳᠠᠯ ᠨᠢ ᠲᠡᠦᠬᠡᠨ ᠶᠠᠪᠤᠴᠠ ᠲᠠᠢ ᠪᠠᠨ ᠲᠣᠬᠢᠷᠠᠯᠴᠠᠭᠰᠠᠨ ᠂ ᠤᠭ ᠤᠯᠠᠮᠵᠢᠯᠠᠯ ᠳ᠋ᠤ᠌ ᠣᠢᠷᠠᠯᠴᠠᠭ᠎ᠠ ᠂ ᠬᠠᠷᠢᠴᠠᠩᠭᠤᠢ ᠵᠥᠪ ᠣᠨᠣᠪᠴᠢᠲᠠᠢ ᠂ ᠢᠲᠡᠭᠡᠯ ᠨᠠᠢᠳᠠᠪᠤᠷᠢᠲᠠᠢ ᠂ ᠰᠤᠷᠬᠤ ᠬᠥᠮᠦᠰ ᠲᠦ᠍ ᠪᠠᠷᠢᠮᠵᠢᠶ᠎ᠠ ᠪᠣᠯᠵᠤ ᠬᠡᠷᠡᠭᠯᠡᠭᠳᠡᠵᠦ ᠪᠣᠯᠬᠤ ᠨᠢᠭᠡᠨ ᠡᠬᠡ ᠮᠠᠲ᠋ᠧᠷᠢᠶᠠᠯ ᠢ᠋ ᠡᠮᠬᠢᠯᠡᠵᠦ ᠭᠠᠷᠭᠠᠬᠤ ᠬᠡᠷᠡᠭᠲᠡᠢ ᠪᠠᠢᠨ᠎ᠠ᠃ ᠲᠡᠷᠡ ᠨᠢ ᠡᠯ᠎ᠡ ᠬᠤᠪᠢᠯᠪᠤᠷᠢ ᠨᠤᠭᠤᠳ ᠤ᠋ᠨ ᠰᠢᠯᠢᠳᠡᠭ ᠰᠠᠢᠨ ᠢ᠋ ᠪᠦᠷᠢᠨ ᠰᠢᠩᠭᠡᠭᠡᠭᠰᠡᠨ ᠪᠥᠭᠡᠳ ᠣᠳᠣᠬᠢᠴᠢᠯᠠᠭᠰᠠᠨ ᠰᠡᠳᠬᠢᠬᠦᠢ ᠪᠠ ᠬᠡᠯᠡᠯᠭᠡ ᠪᠡᠷ ᠨᠠᠢᠷᠠᠭᠤᠯᠬᠤ ᠠ᠋ᠴᠠ ᠵᠠᠢᠯᠠᠰᠬᠢᠭᠰᠠᠨ ᠪᠠᠢᠬᠤ ᠶᠣᠰᠣᠲᠠᠢ ᠃ ᠡᠢᠮᠦ ᠲᠠᠨᠢᠯᠲᠠ ᠳ᠋ᠤ᠌ ᠲᠤᠯᠭᠠᠭᠤᠷᠢᠯᠠᠵᠤ ᠂ ᠠᠳᠠ ᠮᠥᠨ ᠬᠠᠮᠤᠭ ᠤ᠋ᠨ ᠰᠠᠢᠨ ᠡᠬᠡ ᠪᠣᠯᠬᠤ ᠯᠠᠯᠠ ᠶ᠋ᠢᠨ《ᠰᠥᠩ ᠦ᠋ᠨ ᠢᠷᠦᠭᠡᠯ》 ᠢᠶᠠᠷ ᠰᠠᠭᠤᠷᠢ ᠪᠣᠯᠭᠠᠨ ᠂ ᠪᠤᠰᠤᠳ ᠪᠠᠰᠠ ᠠᠷᠠᠳ ᠤ᠋ᠨ ᠢᠷᠦᠭᠡᠯᠴᠢ ᠵᠠᠯᠰᠠᠨ ᠂ ᠱᠠᠩᠴᠢᠪ᠂ ᠴᠦᠨᠡᠳ ᠨᠠᠷ ᠪᠣᠯᠤᠨ ᠪᠠᠷᠠᠭᠤᠨ ᠬᠤᠰᠢᠭᠤᠨ ᠤ᠋ ᠪᠢᠴᠢᠮᠡᠯ ᠡᠬᠡ ᠶ᠋ᠢ ᠨᠥᠬᠥᠪᠥᠷᠢ ᠪᠣᠯᠭᠠᠨ ᠨᠢᠭᠡᠨ ᠳᠡᠯᠭᠡᠷᠡᠩᠭᠦᠢ ᠡᠬᠡ ᠶ᠋ᠢ ᠠᠩᠬ᠎ᠠ ᠤᠳᠠᠭ᠎ᠠ ᠡᠮᠬᠢᠯᠡᠵᠦ ᠭᠠᠷᠭᠠᠪᠠ ᠃ ᠡᠨᠡ ᠨᠢ ᠳᠡᠭᠡᠳᠦ ᠮᠣᠩᠭᠣᠯ ᠤ᠋ᠨ《ᠰᠥᠩ ᠦ᠋ᠨ ᠢᠷᠦᠭᠡᠯ》 ᠤᠨ ᠤᠴᠢᠷ ᠤᠳᠬ᠎ᠠ ᠶ᠋ᠢ ᠭᠦᠨᠵᠡᠭᠡᠢᠷᠡᠭᠦᠯᠵᠦ ᠂ ᠤᠯᠠᠮᠵᠢᠯᠠᠯ ᠳᠡᠯᠭᠡᠷᠡᠯ ᠢ᠋ ᠵᠥᠪ ᠲᠡᠰᠢ ᠠᠬᠢᠭᠤᠯᠬᠤ ᠪᠣᠯᠤᠭᠠᠰᠠᠢ ᠭᠡᠵᠦ ᠬᠦᠰᠡᠨᠡᠮ᠃ ᠮᠥᠨ ᠬᠣᠵᠢᠮ ᠨᠡᠩ ᠰᠠᠢᠨ ᠪᠦᠷᠢᠨ ᠡᠬᠡ ᠶ᠋ᠢ ᠡᠮᠬᠢᠯᠡᠵᠦ ᠭᠠᠷᠭᠠᠬᠤ ᠳ᠋ᠤ᠌ ᠰᠠᠭᠤᠷᠢ ᠪᠣᠯᠬᠤ ᠪᠣᠯᠪᠠᠤ ᠭᠡᠵᠦ ᠰᠠᠨᠠᠨᠠᠮ ᠃
ᠲᠤᠰ ᠠᠷᠢᠭᠤᠳᠬᠠᠭᠰᠠᠨ ᠡᠬᠡ ᠳ᠋ᠦ᠍ ᠢᠷᠦᠭᠡᠯ ᠦ᠋ᠨ ᠦᠭᠡ ᠬᠡᠯᠡᠯᠭᠡ ᠶ᠋ᠢᠨ ᠲᠠᠯ᠎ᠠ ᠪᠠᠷ᠂ ᠡᠯ᠎ᠡ ᠬᠤᠪᠢᠯᠪᠤᠷᠢ ᠳ᠋ᠤ᠌ ᠪᠠᠢᠳᠠᠭ ᠦᠭᠡ ᠥᠭᠦᠯᠡᠪᠦᠷᠢ ᠶ᠋ᠢ ᠬᠠᠷᠢᠯᠴᠠᠨ ᠨᠥᠬᠥᠵᠦ ᠰᠡᠯᠪᠢᠭᠰᠡᠨ ᠲᠡᠳᠦᠢ ᠪᠥᠭᠡᠳ ᠰᠢᠨ᠎ᠡ ᠦᠭᠡ ᠬᠡᠯᠡᠯᠭᠡ ᠪᠡᠷ ᠣᠷᠣᠯᠠᠭᠤᠯᠤᠭᠰᠠᠨ ᠵᠦᠢᠯ ᠠᠯᠠᠭ᠎ᠠ ᠃ ᠠᠭᠤᠯᠭ᠎ᠠ ᠶ᠋ᠢᠨ ᠲᠠᠯ᠎ᠠ ᠪᠠᠷ ᠂ ᠨᠡᠢᠲᠡ ᠳᠡᠭᠡᠳᠦ ᠮᠣᠩᠭᠣᠯ ᠤ᠋ᠨ《ᠰᠥᠩ ᠦ᠋ᠨ ᠢᠷᠦᠭᠡᠯ》 ᠤᠨ ᠠᠭᠤᠯᠭ᠎ᠠ ᠶ᠋ᠢᠨ ᠪᠦᠲᠦᠴᠡ ᠶ᠋ᠢ ᠠᠵᠢᠭᠯᠠᠪᠠᠰᠤ ᠂ ᠡᠬᠢᠯᠡᠯᠲᠡ— ᠭᠠᠯ ᠤ᠋ᠨ ᠪᠤᠷᠬᠠᠨ— ᠭᠡᠭᠡᠨ ᠭᠦᠦᠰᠢ ᠬᠠᠭᠠᠨ ᠤ᠋ ᠲᠣᠳᠣᠷᠠᠭᠰᠠᠨ— ᠳᠥᠷᠪᠡᠨ ᠣᠢᠷᠠᠳ ᠤ᠋ᠨ ᠴᠢᠭᠤᠯᠭᠠᠨ— ᠪᠤᠷᠬᠠᠨ ᠪᠠᠭᠰᠢ ᠵᠢᠴᠢ ᠣᠯᠠᠨ ᠪᠤᠷᠬᠠᠳ ᠪᠣᠳᠢ ᠰᠠᠳ᠋ᠸ᠎ᠠ— ᠲᠥᠪᠡᠳ ᠦ᠋ᠨ ᠬᠠᠭᠠᠨ ᠤ᠋ ᠭᠠᠷᠤᠯ— ᠴᠢᠩᠭᠢᠰ ᠬᠠᠭᠠᠨ ᠤ᠋ ᠤᠭᠰᠠᠭ᠎ᠠ— ᠨᠠᠢ᠍ᠮᠠᠨ ᠦᠰᠦᠭ ᠦ᠋ᠨ ᠬᠠᠰ ᠲᠠᠮᠠᠭ᠎ᠠ— ᠠᠯᠲᠠᠨ ᠬᠠᠭᠠᠨ— ᠭᠦᠦᠰᠢ ᠬᠠᠭᠠᠨ ᠤ᠋ ᠬᠥᠬᠡᠨᠠᠭᠤᠷ ᠲᠥᠪᠡᠳ ᠳᠠᠬᠢ ᠦᠢᠯᠡ ᠠᠵᠢᠯᠯᠠᠭ᠎ᠠ— ᠭᠦᠦᠰᠢ ᠬᠠᠭᠠᠨ ᠤ᠋ ᠬᠣᠢᠴᠢᠰ— ᠢᠷᠦᠭᠡᠯ ᠥᠨᠳᠥᠷᠯᠡᠬᠦ ᠵᠡᠷᠭᠡ ᠦᠨᠳᠦᠰᠦᠨ ᠪᠦᠷᠢᠯᠳᠦᠬᠦᠨ ᠲᠡᠢ ᠪᠠᠢᠨ᠎ᠠ ᠃ ᠡᠨᠡᠬᠦ ᠠᠷᠢᠭᠤᠳᠬᠠᠨ ᠡᠮᠬᠢᠯᠡᠭᠰᠡᠨ ᠡᠬᠡ ᠮᠠᠲ᠋ᠧᠷᠢᠶᠠᠯ ᠨᠢ ᠮᠥᠨ ᠡᠨᠡ ᠪᠦᠲᠦᠴᠡ ᠪᠦᠷᠢᠯᠳᠦᠬᠦᠨ ᠪᠣᠯᠤᠨ ᠨᠢᠷᠤᠭᠤ ᠶ᠋ᠢ ᠪᠠᠷᠢᠮᠲᠠᠯᠠᠨ ᠡᠯ᠎ᠡ ᠬᠤᠪᠢᠯᠪᠤᠷᠢ ᠨᠤᠭᠤᠳ ᠢ᠋ ᠬᠠᠷᠢᠯᠴᠠᠨ ᠨᠥᠬᠥᠪᠥᠷᠢᠯᠡᠬᠦ ᠠᠷᠭ᠎ᠠ ᠪᠠᠷ ᠡᠮᠬᠢᠯᠡᠨ ᠴᠡᠭᠴᠡᠯᠡᠪᠡ ᠃ ᠭᠠᠭᠴᠠᠬᠦ 《ᠬᠠᠨᠠᠢ ᠨᠣᠶᠠᠨ ᠬᠣᠩᠭᠣᠷ ᠤ᠋ᠨ ᠲᠠᠢᠵᠢ》 ᠲᠠᠪᠤᠨ ᠪᠠᠷᠰ ᠤ᠋ᠨ ᠭᠤᠷᠪᠠᠳᠤᠭᠠᠷ ᠪᠠᠷᠰ ᠲᠥᠷᠦᠪᠠᠢᠬᠤ ᠭᠦᠦᠰᠢ ᠬᠠᠭᠠᠨ ᠢ᠋ ᠳᠤᠷᠠᠳᠤᠭᠰᠠᠨ ᠪᠣᠯᠬᠣᠷ ᠨᠥᠭᠥᠭᠡ ᠬᠡᠳᠦᠨ ᠪᠠᠷᠰ ᠤ᠋ᠨ ᠨᠡᠷ᠎ᠡ ᠶ᠋ᠢ ᠪᠦᠷᠢᠳᠦᠭᠦᠯᠵᠦ ᠪᠢᠴᠢᠭᠰᠡᠨ ᠪᠠ ᠭᠦᠦᠰᠢ ᠬᠠᠭᠠᠨ ᠤ᠋ ᠬᠣᠢᠴᠢᠰ ᠤ᠋ᠨ ᠲᠤᠬᠠᠢ 《ᠡᠵᠡᠨ ᠠᠷᠪᠠᠨ ᠲᠠᠢᠵᠢ》 ᠭᠡᠳ ᠵᠥᠪᠬᠡᠨ ᠰᠠᠩᠭᠠᠷᠵᠠ ᠪᠣᠯᠤᠨ ᠴᠡᠴᠡᠨ ᠳᠠᠢᠴᠢᠩ ᠢ᠋ ᠳᠤᠷᠠᠳᠤᠭᠰᠠᠨ ᠪᠣᠯᠬᠣᠷ ᠲᠡᠷᠡ ᠠᠷᠪᠠᠨ ᠲᠠᠢᠵᠢ ᠶ᠋ᠢᠨ ᠠᠯᠳᠠᠷ ᠨᠡᠷ᠎ᠡ ᠶ᠋ᠢ ᠮᠥᠨ ᠪᠦᠷᠢᠳᠦᠭᠦᠯᠵᠦ ᠪᠢᠴᠢᠭᠰᠡᠨ ᠨᠢ ᠤᠭᠰᠠᠭ᠎ᠠ ᠣᠪᠣᠭ ᠤ᠋ᠨ ᠤᠯᠠᠮᠵᠢᠯᠠᠯ ᠢ᠋ ᠨᠡᠩ ᠲᠡᠭᠦᠯᠳᠡᠷ ᠪᠣᠯᠭᠠᠬᠤ ᠶ᠋ᠢᠨ ᠲᠤᠰᠠ ᠳ᠋ᠤ᠌ ᠡᠮᠬᠢᠯᠡᠭᠴᠢ ᠮᠢᠨᠦ ᠪᠡᠶ᠎ᠡ ᠪᠡᠷ ᠵᠣᠷᠢᠭᠯᠠᠨ ᠰᠢᠰᠲ᠋ᠧᠮ ᠦ᠋ᠨ ᠰᠢᠨᠵᠢ ᠲᠡᠢ ᠬᠢᠭᠰᠡᠨ ᠵᠢᠵᠢᠭ ᠨᠡᠮᠡᠯᠲᠡ ᠪᠣᠯᠤᠨ᠎ᠠ ᠃ ᠡᠭᠦᠨ ᠡᠴᠡ ᠭᠠᠳᠠᠨ᠎ᠠ ᠳᠡᠭᠡᠳᠦ ᠮᠣᠩᠭᠣᠯ ᠤ᠋ᠨ《ᠰᠥᠩ ᠦ᠋ᠨ ᠢᠷᠦᠭᠡᠯ》 ᠳ᠋ᠦ᠍ ᠲᠦᠮᠡᠳ ᠦ᠋ᠨ ᠠᠯᠲᠠᠨ ᠬᠠᠭᠠᠨ ᠂ ᠴᠣᠭᠲᠤ ᠲᠠᠢᠵᠢ ᠶ᠋ᠢᠨ ᠨᠡᠷ᠎ᠡ ᠠᠯᠳᠠᠷ ᠳᠤᠷᠠᠳᠤᠭᠳᠠᠬᠤ ᠪᠣᠯᠪᠠᠴᠤ ᠤᠭᠰᠠᠭ᠎ᠠ ᠠᠢᠮᠠᠭ ᠂ ᠲᠡᠦᠬᠡᠨ ᠬᠣᠯᠪᠣᠭᠳᠠᠯ ᠤ᠋ᠨ ᠬᠢᠨᠢ ᠲᠠᠯ᠎ᠠ ᠪᠠᠷ ᠪᠠᠯᠠᠷᠬᠠᠢ ᠮᠥᠷᠲᠡᠭᠡᠨ ᠬᠤᠳᠬᠤᠯᠳᠤᠵᠤ ᠪᠠᠢᠨ᠎ᠠ᠂ ᠲᠡᠢᠮᠦ ᠡᠴᠡ ᠲᠡᠳᠡᠨ ᠦ᠌ ᠨᠤᠲᠤᠭ ᠪᠤᠶᠤ ᠠᠢᠮᠠᠭ ᠤᠭᠰᠠᠭ᠎ᠠ ᠶ᠋ᠢ ᠥᠴᠦᠬᠡᠨ ᠲᠣᠳᠣᠳᠬᠠᠭᠰᠠᠨ ᠭᠡᠬᠦ ᠮᠡᠲᠦ ᠮᠠᠰᠢ ᠴᠥᠭᠡᠨ ᠭᠦᠦᠰᠢ ᠬᠠᠭᠠᠨ ᠤ᠋ ᠬᠣᠢᠴᠢᠰ ᠢᠷᠦᠭᠡᠯ ᠥᠨᠳᠥᠷᠯᠡᠬᠦ ᠵᠡᠷᠭᠡ ᠦᠨᠳᠦᠰᠦᠨ ᠪᠦᠷᠢᠯᠳᠦᠬᠦᠨ ᠲᠡᠢ ᠪᠠᠢᠨ᠎ᠠ ᠃ ᠡᠨᠡᠬᠦ ᠠᠷᠢᠭᠤᠳᠬᠠᠨ ᠡᠮᠬᠢᠯᠡᠭᠰᠡᠨ ᠡᠬᠡ ᠮᠠᠲ᠋ᠧᠷᠢᠶᠠᠯ ᠨᠢ ᠮᠥᠨ ᠡᠨᠡ ᠪᠦᠲᠦᠴᠡ ᠪᠦᠷᠢᠯᠳᠦᠬᠦᠨ ᠪᠣᠯᠤᠨ ᠨᠢᠷᠤᠭᠤ ᠶ᠋ᠢ ᠪᠠᠷᠢᠮᠲᠠᠯᠠᠨ ᠡᠯ᠎ᠡ ᠬᠤᠪᠢᠯᠪᠤᠷᠢ ᠣᠳ ᠢ᠋ ᠬᠠᠷᠢᠯᠴᠠᠨ ᠨᠥᠬᠥᠪᠥᠷᠢᠯᠡᠬᠦ ᠠᠷᠭ᠎ᠠ ᠪᠠᠷ ᠡᠮᠬᠢᠯᠡᠨ ᠴᠡᠭᠴᠡᠯᠡᠪᠡ ᠃ ᠭᠠᠭᠴᠠᠬᠦ ᠬᠠᠨᠠᠢ ᠨᠣᠶᠠᠨ ᠬᠣᠩᠭᠣᠷ ᠤ᠋ᠨ ᠲᠠᠢᠵᠢ ᠲᠠᠪᠤᠨ ᠪᠠᠷᠰ ᠤ᠋ᠨ ᠭᠤᠷᠪᠠᠳᠤᠭᠠᠷ ᠪᠠᠷᠰ ᠲᠥᠷᠦᠪᠠᠢᠬᠤ ᠭᠦᠦᠰᠢ ᠬᠠᠭᠠᠨ ᠳᠤᠷᠠᠳᠤᠭᠰᠠᠨ ᠪᠣᠯᠬᠣᠷ ᠨᠥᠭᠥᠭᠡ ᠬᠡᠳᠦᠨ ᠪᠠᠷᠰ ᠤ᠋ᠨ ᠨᠡᠷ᠎ᠡ ᠶ᠋ᠢ ᠪᠦᠷᠢᠳᠦᠭᠦᠯᠵᠦ ᠪᠢᠴᠢᠭᠰᠡᠨ ᠪᠠ ᠭᠦᠦᠰᠢ ᠬᠠᠭᠠᠨ ᠤ᠋ ᠬᠣᠢᠴᠢᠰ ᠤ᠋ᠨ ᠲᠤᠬᠠᠢ ᠡᠵᠡᠨ ᠠᠷᠪᠠᠨ ᠲᠠᠢᠵᠢ ᠭᠡᠳ ᠵᠥᠪᠬᠡᠨ ᠰᠠᠩᠭᠠᠷᠵᠠ ᠪᠣᠯᠤᠨ ᠴᠡᠴᠡᠨ ᠳᠠᠢᠴᠢᠩ ᠢ᠋ ᠳᠤᠷᠠᠳᠤᠭᠰᠠᠨ ᠪᠣᠯᠬᠣᠷ ᠲᠡᠷᠡ ᠠᠷᠪᠠᠨ ᠲᠠᠢᠵᠢ ᠶ᠋ᠢᠨ ᠠᠯᠳᠠᠷ ᠨᠡᠷ᠎ᠡ ᠶ᠋ᠢ ᠮᠥᠨ ᠪᠦᠷᠢᠳᠦᠭᠦᠯᠵᠦ ᠪᠢᠴᠢᠭᠰᠡᠨ ᠨᠢ ᠤᠭᠰᠠᠭ᠎ᠠ ᠣᠪᠣᠭ ᠤ᠋ᠨ ᠤᠯᠠᠮᠵᠢᠯᠠᠯ ᠢ᠋ ᠨᠡᠩ ᠲᠡᠭᠦᠯᠳᠡᠷ ᠪᠣᠯᠭᠠᠬᠤ ᠶ᠋ᠢᠨ ᠲᠤᠰᠠᠳᠠ ᠡᠮᠬᠢᠯᠡᠭᠴᠢ ᠮᠢᠨᠦ ᠪᠡᠶ᠎ᠡ ᠪᠡᠷ ᠵᠣᠷᠢᠭᠯᠠᠨ ᠰᠢᠰᠲ᠋ᠧᠮ ᠦ᠋ᠨ ᠰᠢᠨᠵᠢ ᠲᠡᠢ ᠬᠢᠭᠰᠡᠨ ᠵᠢᠵᠢᠭ ᠨᠡᠮᠡᠯᠲᠡ ᠪᠣᠯᠤᠨ᠎ᠠ ᠃ ᠡᠭᠦᠨ ᠡᠴᠡ ᠭᠠᠳᠠᠨ᠎ᠠ ᠳᠡᠭᠡᠳᠦ ᠮᠣᠩᠭᠣᠯ ᠤ᠋ᠨ《ᠰᠥᠩ ᠦ᠋ᠨ ᠢᠷᠦᠭᠡᠯ》 ᠳ᠋ᠦ᠍ ᠲᠦᠮᠡᠳ ᠦ᠋ᠨ ᠠᠯᠲᠠᠨ ᠬᠠᠭᠠᠨ᠂ ᠴᠣᠭᠲᠤ ᠲᠠᠢᠵᠢ ᠶ᠋ᠢᠨ ᠨᠡᠷ᠎ᠡ ᠠᠯᠳᠠᠷ ᠳᠤᠷᠠᠳᠤᠭᠳᠠᠬᠤ ᠪᠣᠯᠪᠠᠴᠤ ᠤᠭᠰᠠᠭ᠎ᠠ ᠠᠢᠮᠠᠭ ᠂ ᠲᠡᠦᠬᠡᠨ ᠬᠣᠯᠪᠣᠭᠳᠠᠯ ᠤ᠋ᠨ ᠬᠢᠨᠢ ᠲᠠᠯ᠎ᠠ ᠪᠠᠷ ᠪᠠᠯᠠᠷᠬᠠᠢ ᠮᠥᠷᠲᠡᠭᠡᠨ ᠬᠤᠳᠬᠤᠯᠳᠤᠵᠤ ᠪᠠᠢᠨ᠎ᠠ᠃ ᠲᠡᠢᠮᠦ ᠡᠴᠡ ᠲᠡᠳᠡᠨ ᠦ᠌ ᠨᠤᠲᠤᠭ ᠪᠤᠶᠤ ᠠᠢᠮᠠᠭ ᠤᠭᠰᠠᠭ᠎ᠠ ᠶ᠋ᠢ ᠥᠴᠦᠬᠡᠨ ᠲᠣᠳᠣᠳᠬᠠᠭᠰᠠᠨ ᠭᠡᠬᠦ ᠮᠡᠲᠦ ᠮᠠᠰᠢ ᠴᠥᠭᠡᠨ ᠨᠡᠮᠡᠯᠲᠡ ᠬᠢᠭᠰᠡᠨ ᠵᠦᠢᠯ ᠪᠣᠢ ᠃
ᠳᠡᠭᠡᠳᠦ ᠮᠣᠩᠭᠣᠯ ᠤ᠋ᠨ《ᠰᠥᠩ ᠦ᠋ᠨ ᠢᠷᠦᠭᠡᠯ》ᠨᠢ ᠵᠢᠵᠢᠭ ᠬᠡᠮᠵᠢᠶᠡᠨ ᠦ᠌ ᠢᠷᠦᠭᠡᠯ ᠮᠡᠲᠦ ᠲᠣᠯᠣᠭᠠᠢ ᠲᠠᠭᠠᠷᠠᠭᠤᠯᠤᠨ ᠠᠢᠵᠠᠮ ᠬᠥᠭ ᠢ᠋ ᠨᠢᠭᠡᠨ ᠵᠢᠭᠳᠡ ᠪᠠᠢᠯᠭᠠᠳᠠᠭ ᠰᠢᠯᠦᠭᠯᠡᠯ ᠦ᠋ᠨ ᠠᠷᠭ᠎ᠠ ᠪᠠᠷᠢᠯ ᠢᠶᠠᠷ ᠭᠣᠣᠯ ᠪᠣᠯᠭᠠᠬᠤ ᠪᠢᠰᠢ ᠂ ᠬᠠᠷᠢᠨ ᠢᠷᠦᠭᠡᠯ ᠦ᠋ᠨ ᠠᠭᠤᠯᠭ᠎ᠠ ᠳ᠋ᠤ᠌ ᠵᠣᠬᠢᠴᠠᠭᠰᠠᠨ ᠦᠭᠡᠰ ᠦ᠋ᠨ ᠰᠠᠩ ᠤ᠋ᠨ ᠴᠢᠩᠭ᠎ᠠ ᠰᠤᠯᠠ ᠂ ᠦᠰᠦᠭᠴᠢᠯᠡᠭᠰᠡᠨ ᠳᠠᠭᠤᠳᠠᠯᠭ᠎ᠠ ᠪᠣᠯᠤᠨ ᠥᠭᠦᠯᠡᠪᠦᠷᠢ ᠶ᠋ᠢᠨ ᠴᠡᠭᠯᠡᠯᠲᠡ ᠪᠡᠷ ᠠᠶᠠᠩᠭᠠᠯᠠᠨ ᠳᠠᠭᠤᠳᠠᠬᠤ ᠣᠨᠴᠠᠯᠢᠭ ᠲᠠᠢ᠃ ᠡᠨᠡ ᠨᠢ ᠢᠷᠦᠭᠡᠯᠴᠢ ᠬᠥᠮᠦᠨ ᠳ᠋ᠦ᠍ ᠢᠷᠦᠭᠡᠯ ᠦ᠋ᠨ ᠤᠳᠬ᠎ᠠ ᠰᠠᠨᠠᠭᠠᠨ ᠤ᠋ ᠭᠦᠨ ᠮᠡᠳᠡᠷᠡᠮᠵᠢ ᠪᠠ ᠲᠡᠭᠦᠨ ᠢ᠋ ᠤᠯᠠᠮᠵᠢᠯᠠᠯᠲᠤ ᠶᠣᠰᠣᠯᠠᠯ ᠵᠠᠩᠰᠢᠯ ᠢᠶᠠᠷ ᠣᠯᠠᠨ ᠨᠡᠢᠲᠡ ᠶ᠋ᠢᠨ ᠰᠣᠨᠣᠷ ᠲᠤ᠌ ᠬᠦᠷᠭᠡᠬᠦ ᠴᠢᠳᠠᠪᠤᠷᠢ ᠶ᠋ᠢ ᠥᠨᠳᠥᠷ ᠱᠠᠭᠠᠷᠳᠠᠳᠠᠭ᠃ ᠲᠡᠢᠮᠦ ᠡᠴᠡ ᠰᠢᠯᠢᠳᠡᠭ ᠤᠷᠠᠨ ᠰᠠᠢᠬᠠᠨᠴᠢ ᠶ᠋ᠢᠨ ᠠᠮᠠᠨ ᠠ᠋ᠴᠠ ᠰᠣᠨᠣᠰᠳᠠᠬᠤ《ᠰᠥᠩ ᠦ᠋ᠨ ᠢᠷᠦᠭᠡᠯ》ᠨᠢ ᠶᠠᠮᠠᠷᠴᠤ ᠢᠷᠠᠭᠤ ᠮᠠᠭᠲᠠᠭᠠᠯ ᠳᠠᠭᠤᠯᠠᠯ ᠠ᠋ᠴᠠ ᠳᠤᠲᠠᠭᠤ ᠦᠭᠡᠢ ᠤᠶᠠᠩᠭᠠᠯᠢᠭ ᠮᠥᠷᠲᠡᠭᠡᠨ ᠣᠯᠠᠨ ᠠᠷᠪᠢᠨ ᠲᠡᠦᠬᠡ ᠰᠣᠶᠣᠯ ᠤ᠋ᠨ ᠤᠴᠢᠷ ᠶᠠᠪᠤᠳᠠᠯ ᠢ᠋ ᠲᠣᠭᠠᠴᠠᠵᠤ ᠪᠠᠢᠳᠠᠭ ᠢᠶᠠᠷ  ᠢᠶᠠᠨ ᠮᠠᠰᠢ ᠶᠡᠬᠡᠮᠰᠦᠭ ᠰᠦᠷ ᠵᠢᠪᠬᠤᠯᠠᠩᠲᠠᠢ ᠪᠠᠢᠳᠠᠭ ᠠᠮᠤᠢ ᠃ ᠡᠨᠡ ᠵᠢᠱ᠌ᠢᠶ᠎ᠡ ᠶ᠋ᠢ ᠳᠡᠭᠡᠳᠦ ᠮᠣᠩᠭᠣᠯ ᠤ᠋ᠨ ᠬᠥᠷᠯᠦᠭ ᠬᠤᠰᠢᠭᠤᠨ ᠤ᠋ ᠭᠣᠪᠢ ᠲᠣᠬᠣᠢ ᠶ᠋ᠢᠨ ᠠᠷᠠᠳ ᠤᠷᠠᠨ ᠰᠠᠢᠬᠠᠨᠴᠢ ᠠᠭᠰᠠᠨ ᠯᠠᠯᠠ ᠶ᠋ᠢᠨ ᠢᠷᠦᠭᠡᠭᠰᠡᠨ《ᠰᠥᠩ ᠦ᠋ᠨ ᠢᠷᠦᠭᠡᠯ》 ᠢᠶᠠᠷ ᠦᠯᠢᠭᠡᠷ ᠵᠢᠱ᠌ᠢᠶ᠎ᠡ ᠪᠣᠯᠭᠠᠨ ᠠᠪᠴᠤ ᠦᠵᠡᠬᠦ ᠪᠣᠯᠪᠠᠤ᠃