ᠳᠡᠭᠡᠭᠰᠢ ᠪᠡᠨ ᠮᠣᠷᠢᠯᠠ -ᠮᠠᠨᠳᠤᠬᠤ ᠪᠠᠭᠰᠢ ᠶᠢᠨ ᠤᠷᠠᠨ ᠪᠢᠴᠢᠯᠭᠡ
ᠳᠡᠭᠡᠭᠰᠢ ᠪᠡᠨ ᠮᠣᠷᠢᠯᠠ
ᠳᠠᠭᠤᠴᠢᠨ ᠄ ᠴᠢᠯᠠᠭᠤᠨᠴᠢᠮᠡᠭ
ᠬᠣᠯᠠ ᠶ᠋ᠢᠨ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠬᠣᠢᠮᠣᠷ ᠬᠠᠩᠬᠠᠢᠵᠤ ᠬᠠᠭᠤᠴᠢ ᠪᠠᠨ ᠳᠡᠯᠭᠡᠨ᠎ᠡ ᠤᠤ
ᠬᠣᠨᠣᠨ ᠥᠨᠵᠢᠨ ᠦᠯᠢᠭᠡᠷ ᠶᠠᠷᠢᠨ᠎ᠠ ᠤᠤ
ᠬᠣᠲᠠᠯᠠ ᠶ᠋ᠢ ᠬᠥᠭᠵᠢᠭᠡᠵᠦ ᠠᠶ᠎ᠠ ᠪᠠᠷᠢᠨ᠎ᠠ ᠤᠤ᠃
ᠬᠠᠲᠤᠨ ᠲᠤᠩᠭᠠᠯᠠᠭ ᠰᠡᠳᠬᠢᠯ ᠢ᠋ᠶ᠋ᠡᠷ ᠮᠠᠨ ᠤ᠋ ᠳ᠋ᠤ᠌ ᠠᠢᠯᠴᠢᠯᠠᠨ᠎ᠠ ᠤᠤ
ᠬᠠᠭᠠᠨ ᠮᠣᠩᠭᠣᠯ ᠶᠣᠰᠣ ᠪᠠᠷ ᠲᠡᠭᠡᠭᠡᠰᠢ ᠪᠡᠨ ᠮᠣᠷᠢᠯᠠᠨ᠎ᠠ ᠤᠤ
ᠮᠠᠨ ᠤ᠋ ᠨᠤᠲᠤᠭ ᠤ᠋ᠨ ᠠᠢᠷᠠᠭ ᠢ᠋ ᠳᠠᠭᠤᠤ ᠲᠠᠢ ᠲᠣᠭᠲᠠᠭᠠᠨ᠎ᠠ ᠤᠤ
ᠮᠠᠨᠳᠤᠬᠤ ᠨᠠᠷᠠᠨ ᠤ᠋ ᠢᠷᠦᠭᠡᠯ ᠢ᠋ ᠬᠤᠭᠤᠷ ᠲᠠᠢ ᠡᠷᠭᠦᠨ᠎ᠡ ᠤᠤ᠃
ᠠᠶᠠᠨ ᠤ᠋ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠠᠪᠤ ᠲᠠᠢ ᠮᠢᠨᠢ ᠬᠠᠨᠢᠰᠠᠴᠤ ᠬᠠᠭᠤᠴᠢ ᠪᠠᠨ ᠳᠡᠯᠭᠡᠨ᠎ᠡ ᠤᠤ
ᠠᠯᠵᠢᠶᠠᠯ ᠲᠠᠢᠯᠵᠤ ᠳᠥᠷᠥᠭᠡ ᠰᠤᠯᠠᠯᠠᠨ᠎ᠠ ᠤᠤ
ᠠᠮᠤᠭᠤᠯᠠᠩ ᠨᠤᠲᠤᠭ ᠲᠤ᠌ ᠮᠢᠨᠢ ᠪᠠᠭᠤᠵᠤ ᠦᠳᠡᠯᠡᠨᠡ ᠤᠤ᠃
ᠬᠠᠲᠤᠨ ᠲᠤᠩᠭᠠᠯᠠᠭ ᠰᠡᠳᠬᠢᠯ ᠢ᠋ᠶ᠋ᠡᠷ ᠮᠠᠨ ᠤ᠋ ᠳ᠋ᠤ᠌ ᠠᠢᠯᠴᠢᠯᠠᠨ᠎ᠠ ᠤᠤ
ᠬᠠᠭᠠᠨ ᠮᠣᠩᠭᠣᠯ ᠶᠣᠰᠣ ᠪᠠᠷ ᠳᠡᠭᠡᠭᠰᠢ ᠪᠡᠨ ᠮᠣᠷᠢᠯᠠᠨ᠎ᠠ ᠤᠤ
ᠮᠠᠨ ᠤ᠋ ᠨᠤᠲᠤᠭ ᠤ᠋ᠨ ᠠᠢᠷᠠᠭ ᠢ᠋ ᠳᠠᠭᠤᠤ ᠲᠠᠢ ᠲᠣᠭᠲᠠᠭᠠᠨ᠎ᠠ ᠤᠤ
ᠮᠠᠨᠳᠤᠬᠤ ᠨᠠᠷᠠᠨ ᠤ᠋ ᠢᠷᠦᠭᠡᠯ ᠢ᠋ ᠬᠤᠭᠤᠷ ᠲᠠᠢ ᠡᠷᠭᠦᠨ᠎ᠡ ᠤᠤ᠃
ᠶᠠᠪᠤᠭᠤᠯ ᠤ᠋ᠨ ᠬᠥᠮᠦᠨ ᠲᠠ ᠳᠡᠭᠡᠭᠰᠢ ᠪᠡᠨ ᠮᠣᠷᠢᠯᠠᠨ᠎ᠠ ᠤᠤ
ᠶᠠᠪᠤᠳᠠᠯ ᠰᠠᠭᠠᠳᠠᠨ ᠰᠠᠭᠤᠳᠠᠯ ᠳ᠋ᠤ᠌ ᠲᠣᠭᠯᠠᠨ᠎ᠠ ᠤᠤ
ᠢᠷᠠᠭᠤᠬᠠᠨ ᠰᠢᠯᠦᠭ ᠲᠠᠭᠠᠯᠠᠨ ᠰᠣᠨᠣᠰᠤᠨ᠎ᠠ ᠤᠤ
ᠢᠯᠠᠭᠤᠬᠠᠨ ᠠᠶᠠᠯᠭᠤᠨ ᠳ᠋ᠤ᠌ ᠤᠶᠠᠷᠠᠨ ᠬᠥᠭᠵᠢᠯᠳᠦᠨ᠎ᠡ ᠤᠤ᠃
ᠬᠠᠲᠤᠨ ᠲᠤᠩᠭᠠᠯᠠᠭ ᠰᠡᠳᠬᠢᠯ ᠢ᠋ᠶ᠋ᠡᠷ ᠮᠠᠨ ᠤ᠋ ᠳ᠋ᠤ᠌ ᠠᠢᠯᠴᠢᠯᠠᠨ᠎ᠠ ᠤᠤ
ᠬᠠᠭᠠᠨ ᠮᠣᠩᠭᠣᠯ ᠶᠣᠰᠣ ᠪᠠᠷ ᠳᠡᠭᠡᠭᠰᠢ ᠪᠡᠨ ᠮᠣᠷᠢᠯᠠᠨ᠎ᠠ ᠤᠤ
ᠮᠠᠨ ᠤ᠋ ᠨᠤᠲᠤᠭ ᠤ᠋ᠨ ᠠᠢᠷᠠᠭ ᠢ᠋ ᠳᠠᠭᠤᠤ ᠲᠠᠢ ᠲᠣᠭᠲᠠᠭᠠᠨ᠎ᠠ ᠤᠤ
ᠮᠠᠨᠳᠤᠬᠤ ᠨᠠᠷᠠᠨ ᠤ᠋ ᠢᠷᠦᠭᠡᠯ ᠢ᠋ ᠬᠤᠭᠤᠷ ᠲᠠᠢ ᠡᠷᠭᠦᠨ᠎ᠡ ᠤᠤ
ᠬᠠᠲᠤᠨ ᠲᠤᠩᠭᠠᠯᠠᠭ ᠰᠡᠳᠬᠢᠯ ᠢ᠋ᠶ᠋ᠡᠷ ᠮᠠᠨ ᠤ᠋ ᠳ᠋ᠤ᠌ ᠠᠢᠯᠴᠢᠯᠠᠨ᠎ᠠ ᠤᠤ
ᠬᠠᠭᠠᠨ ᠮᠣᠩᠭᠣᠯ ᠶᠣᠰᠣ ᠪᠠᠷ ᠳᠡᠭᠡᠭᠰᠢ ᠪᠡᠨ ᠮᠣᠷᠢᠯᠠᠨ᠎ᠠ ᠤᠤ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
