ᠮᠢᠨᠦ ᠴᠣᠩᠬᠣ ᠪᠠᠷ- ᠷ ᠴᠣᠢᠨᠣᠮМиний цонхоор-Р Чойном
ᠮᠢᠨᠦ ᠴᠣᠩᠬᠣ ᠪᠠᠷ
ᠷ ᠴᠣᠢᠨᠣᠮ
ᠮᠢᠨᠦ ᠴᠣᠩᠬᠣᠨ ᠤ᠋ ᠡᠮᠦᠨᠡᠭᠦᠷ
ᠬᠥᠮᠦᠨ ᠦ᠌ ᠶᠡᠬᠡ ᠮᠥᠷᠡᠨ ᠤᠷᠤᠰᠤᠨ᠎ᠠ
ᠠᠯᠳᠠᠭ᠎ᠠ ᠤᠨᠤᠭ᠎ᠠ ᠪᠠᠷ ᠳᠠᠪᠠᠯᠭᠠᠯᠠᠩᠬᠠᠨ
ᠠᠮᠢᠳᠤ ᠰᠢᠮᠫᠣᠨᠢ ᠦᠶᠡᠷᠯᠡᠨ᠎ᠡ
ᠣᠯᠠᠨ ᠮᠢᠩᠭᠠᠨ ᠬᠥᠯ ᠢ᠋ᠶ᠋ᠡᠷ
ᠣᠷᠴᠢᠯᠠᠩ ᠤ᠋ᠨ ᠬᠠᠷ᠎ᠠ ᠴᠠᠭᠠᠨ ᠬᠣᠶᠠᠷ ᠨᠢᠷ ᠨᠢᠷ ᠠᠯᠬᠤᠯᠠᠨ᠎ᠠ
ᠠᠶᠤᠵᠤ ᠳᠡᠭᠳᠡᠬᠦ ᠲᠣᠭᠣᠰᠣ ᠪᠠᠷ ᠨᠢ
ᠣᠷᠴᠢᠨ ᠦᠶ᠎ᠡ ᠶ᠋ᠢᠨ ᠮᠢᠨᠢ ᠵᠢᠷᠭᠠᠯ ᠵᠣᠪᠠᠯᠠᠩ ᠬᠣᠶᠠᠷ ᠠᠯᠠᠭᠯᠠᠩᠬᠠᠨ ᠳᠡᠭᠳᠡᠨ᠎ᠡ
ᠳᠤᠷᠠᠨ ᠬᠠᠷ᠎ᠠ ᠨᠢᠳᠦᠨ ᠦ᠌ ᠤᠷᠠᠨ ᠵᠢᠷᠣᠭ᠎ᠠ ᠬᠠᠷᠠᠴᠠᠨ ᠳ᠋ᠤ᠌
ᠳᠤᠷᠠᠯᠠᠵᠤ ᠬᠠᠭᠠᠴᠠᠬᠤ ᠬᠣᠶᠠᠷ ᠭᠡᠷᠡᠯ ᠰᠡᠭᠦᠳᠡᠷ ᠰᠢᠭ ᠡᠭᠡᠯᠵᠢᠯᠡᠨ᠎ᠡ
ᠲᠤᠩ ᠴᠠᠭᠠᠨ ᠰᠢᠳᠦ᠂ ᠭᠦᠨ ᠤᠯᠠᠭᠠᠨ ᠤᠷᠤᠭᠤᠯ
ᠳᠠᠭᠤᠯᠠᠬᠤ ᠤᠬᠢᠯᠠᠬᠤ ᠬᠣᠶᠠᠷ ᠡᠳᠦᠷ ᠰᠥᠨᠢ ᠰᠢᠭ ᠰᠡᠯᠭᠦᠨᠡ
ᠬᠥᠮᠦᠨ ᠬᠡᠮᠡᠬᠦ ᠠᠯᠳᠠᠷ ᠢ᠋ ᠬᠦᠷᠲᠡᠵᠦ ᠶᠠᠪᠤᠬᠤ ᠨᠠᠰᠤᠨ ᠳ᠋ᠤ᠌
ᠬᠦᠰᠡᠵᠦ ᠵᠢᠭᠰᠢᠬᠦ ᠬᠣᠶᠠᠷ ᠴᠠᠭ ᠤ᠋ᠨ ᠵᠡᠭᠦᠦ ᠰᠢᠭ ᠡᠷᠭᠢᠨ᠎ᠡ
ᠡᠨᠡ ᠪᠦᠬᠦᠨ ᠢ᠋ ᠪᠠᠭᠲᠠᠭᠠᠭᠰᠠᠨ ᠬᠥᠮᠦᠨ ᠦ᠌ ᠶᠡᠬᠡ ᠮᠥᠷᠡᠨ
ᠡᠷᠢᠶᠡᠨ ᠨᠢ ᠳᠣᠲᠣᠷ᠎ᠠ ᠪᠠᠨ ᠰᠠᠢᠬᠠᠨ ᠨᠢ ᠭᠠᠳᠠᠨ᠎ᠠ ᠪᠠᠨ ᠴᠣᠩᠬᠣᠨ ᠤ᠋ ᠴᠠᠭᠠᠭᠤᠷ ᠤᠷᠤᠰᠤᠨ᠎ᠠ
ᠡᠭᠡᠯ ᠰᠢᠯᠦᠭᠴᠢ ᠨᠠᠳᠠ ᠲᠠᠢ ᠨᠡᠢᠭᠡᠮ ᠦ᠋ᠨ ᠬᠦᠢ ᠪᠡᠷ ᠢ᠋ᠶ᠋ᠡᠨ ᠬᠣᠯᠪᠣᠭ᠎ᠠ ᠲᠠᠢ
ᠡᠷᠢᠨ ᠴᠠᠭ ᠤ᠋ᠨ ᠮᠢᠨᠢ ᠰᠠᠴᠠᠭᠤᠳᠠᠨ᠂ ᠠᠬᠠᠨ ᠳᠡᠭᠦᠦᠰ ᠥᠩᠭᠡᠷᠡᠨ᠎ᠡ
ᠱ᠌ᠢᠷᠦ ᠰᠤᠪᠤᠳ ᠰᠢᠭ᠋ ᠶᠠᠪᠤᠭᠠᠳ ᠬᠦᠷᠢ ᠬᠣᠷᠣᠬᠠᠢ ᠰᠢᠭ᠋ ᠪᠣᠯᠤᠭᠰᠠᠨ
ᠰᠢᠲᠦ ᠦᠭᠡᠢ ᠪᠤᠭᠤᠷᠤᠯ ᠨᠠᠰᠤᠲᠠᠨ ᠲᠠᠶᠠᠭ ᠲᠦᠰᠢᠨ ᠰᠠᠵᠢᠯᠠᠨ᠎ᠠ
ᠰᠢᠭᠦᠷ ᠦ᠋ᠨ ᠰᠢᠨᠠᠭ᠎ᠠ ᠰᠢᠭ᠋ ᠪᠣᠯᠬᠤ ᠥᠲᠡᠯ᠎ᠡ ᠨᠠᠰᠤᠨ ᠳ᠋ᠠᠭᠠᠨ ᠶᠠᠭᠠᠷᠠᠭᠰᠠᠨ
ᠰᠢᠭᠦᠳᠡᠷᠢ ᠶ᠋ᠢᠨ ᠳᠤᠰᠤᠯ ᠠᠳᠠᠯᠢ ᠴᠡᠯ ᠵᠠᠯᠠᠭᠤᠰ ᠴᠤ᠌ ᠠᠯᠬᠤᠨ᠎ᠠ
ᠮᠥᠩᠭᠥ ᠪᠡᠷ ᠳᠤᠲᠠᠬᠤ ᠶ᠋ᠢᠨ ᠵᠣᠪᠠᠯᠠᠩ ᠢ᠋ ᠦᠵᠡᠭᠡ ᠦᠭᠡᠢ ᠡᠷ᠎ᠡ
ᠮᠥᠷ ᠳᠡᠭᠡᠷᠡᠬᠢ ᠪᠡᠨ ᠲᠣᠭᠣᠬᠤ ᠦᠭᠡᠢ ᠳᠦᠯᠡᠢ ᠬᠥᠮᠦᠨ ᠰᠢᠭ ᠵᠠᠯᠠᠷᠠᠨ᠎ᠠ
ᠥᠩᠭᠡ ᠪᠡᠷ ᠳᠤᠲᠠᠬᠤ ᠶ᠋ᠢᠨ ᠵᠣᠪᠠᠯᠠᠩ ᠢ᠋ ᠦᠵᠡᠭᠡ ᠦᠭᠡᠢ ᠡᠮ᠎ᠡ
ᠥᠪᠡᠷ ᠡᠴᠡ ᠪᠡᠨ ᠪᠤᠰᠤᠳ ᠢ᠋ ᠲᠣᠭᠣᠬᠤ ᠦᠭᠡᠢ ᠰᠣᠬᠣᠷ ᠬᠥᠮᠦᠨ ᠰᠢᠭ ᠮᠣᠷᠢᠯᠠᠨ᠎ᠠ
ᠬᠣᠶᠠᠷ ᠵᠠᠭᠤᠨ ᠬᠣᠷᠢ ᠠ᠋ᠴᠠ ᠢᠯᠡᠭᠦᠦ ᠶ᠋ᠢ ᠲᠣᠭᠠᠯᠠᠵᠤ ᠦᠵᠡᠭᠡ ᠦᠭᠡᠢ
ᠬᠣᠭᠣᠰᠣᠨ ᠶᠠᠳᠠᠭᠤ ᠴᠡᠪᠡᠷᠯᠡᠭᠴᠢ ᠲᠥᠮᠥᠰᠥ ᠨᠣᠭᠣᠭᠠᠨ ᠳ᠋ᠤ᠌ ᠰᠠᠵᠢᠯᠠᠨ᠎ᠠ
ᠪᠤᠰᠤᠳ ᠤ᠋ᠨ ᠨᠢᠳᠦᠨ ᠦ᠌ ᠬᠠᠷᠠᠴᠠ ᠶ᠋ᠢ
ᠪᠤᠯᠢᠶᠠᠬᠤ ᠠᠵᠠ ᠦᠭᠡᠢ ᠲᠥᠷᠥᠭᠰᠡᠨ
ᠪᠠᠭᠤᠷᠠᠢ ᠴᠢᠷᠠᠢ ᠲᠠᠢ ᠬᠡᠦᠬᠡᠨ
ᠪᠤᠯᠲᠠᠨ ᠴᠥᠬᠥᠷᠡᠨ ᠠᠯᠬᠤᠨ᠎ᠠ
ᠠᠭᠤᠷᠬᠠᠢ ᠦᠢᠯᠡᠳᠪᠦᠷᠢ ᠳ᠋ᠦ᠍ ᠠᠵᠢᠯᠯᠠᠳᠠᠭ ᠬᠥᠳᠡᠯᠮᠦᠷᠢ ᠶ᠋ᠢᠨ ᠰᠠᠢᠴᠤᠤᠯ᠂
ᠤᠭᠰᠠᠷᠠᠭ᠎ᠠ ᠣᠯᠠᠨ ᠡᠨᠭᠢ ᠯᠸᠨ᠋ᠲ ᠲᠡᠢ ᠴᠡᠷᠢᠭ ᠴᠤᠤᠬ᠎ᠠ ᠶ᠋ᠢᠨ ᠭᠠᠪᠢᠶᠠᠲᠠᠨ
ᠤᠷᠠᠨ ᠵᠢᠷᠤᠭᠠᠴᠢ᠂ ᠪᠠᠭᠰᠢ᠂ ᠬᠥᠭᠵᠢᠮ ᠦ᠋ᠨ ᠵᠣᠬᠢᠶᠠᠯᠴᠢ᠂ ᠡᠮᠴᠢ
ᠤᠰᠤ ᠴᠠᠭ ᠠᠭᠠᠷ ᠤ᠋ᠨ ᠰᠢᠨᠵᠢᠭᠡᠴᠢ᠂ ᠨᠢᠭᠡᠳᠦᠯ ᠦ᠋ᠨ ᠳᠠᠷᠤᠭ᠎ᠠ ᠨᠠᠷ ᠠᠯᠬᠤᠨ᠎ᠠ
ᠠᠵᠢᠯ ᠬᠥᠳᠡᠯᠮᠦᠷᠢ ᠡᠴᠡ ᠪᠣᠯᠤᠨ ᠲᠡᠮᠡᠴᠡᠯ ᠡᠴᠡ ᠬᠣᠢᠰᠢ ᠰᠠᠭᠤᠵᠤ
ᠠᠮᠠᠷᠠᠭ ᠰᠠᠳᠤᠨ ᠢ᠋ᠶ᠋ᠠᠷ ᠢ᠋ᠶ᠋ᠠᠨ ᠲᠡᠵᠢᠭᠡᠯᠭᠡᠭᠰᠡᠨ ᠦᠬᠦᠮᠡᠯ ᠵᠠᠯᠠᠭᠤᠰ ᠴᠤ᠌ ᠬᠡᠯᠲᠦᠷᠢᠨ᠎ᠡ
ᠠᠷᠢᠬᠢ ᠲᠣᠭᠯᠠᠭᠠᠮ ᠬᠣᠶᠠᠷ ᠲᠤ᠌ ᠰᠡᠳᠬᠢᠯ ᠵᠢᠷᠦᠬᠡ ᠪᠡᠨ ᠥᠭᠭᠦᠭᠰᠡᠨ
ᠠᠳᠠᠭ ᠤ᠋ᠨ ᠭᠡᠶᠦᠷᠡᠭᠴᠢ ᠬᠢᠭᠡᠳ ᠵᠠᠬ᠎ᠠ ᠶ᠋ᠢᠨ ᠯᠤᠢᠪᠠᠷᠴᠢᠨ ᠴᠤ᠌ ᠥᠩᠭᠡᠷᠡᠨ᠎ᠡ
ᠡᠭᠦᠯᠡᠨ ᠳᠡᠭᠡᠷ᠎ᠡ ᠭᠢᠰᠬᠢᠵᠦ ᠶᠠᠪᠤᠳᠠᠭ ᠡᠬᠡ ᠣᠷᠣᠨ ᠤ᠋ ᠨᠢᠰᠦᠭᠴᠢᠳ
ᠦᠨᠡᠰᠦᠨ ᠳᠡᠭᠡᠷ᠎ᠡ ᠬᠥᠷᠪᠡᠭᠡᠵᠦ ᠬᠡᠪᠲᠡᠬᠦ ᠡᠷᠡᠭᠡ ᠴᠡᠭᠡᠷ ᠦᠭᠡᠢ ᠪᠠᠭᠠᠰᠢᠲᠠᠨ
ᠦᠬᠦᠯ ᠡᠴᠡ ᠬᠥᠮᠦᠨ ᠢ᠋ ᠠᠪᠤᠷᠠᠳᠠᠭ ᠡᠮᠴᠢ ᠰᠤᠪᠢᠯᠠᠭᠴᠢ ᠬᠢᠭᠡᠳ
ᠦᠵᠦᠭᠦᠷᠲᠦ ᠮᠡᠰᠡ
ᠲᠦᠷᠡᠢᠯᠡᠭᠰᠡᠨ ᠠᠯᠠᠭᠤᠷᠴᠢ ᠪᠠᠰᠠ ᠠᠯᠬᠤᠨ᠎ᠠ
ᠮᠠᠷᠭᠠᠰᠢ ᠣᠯᠬᠤ ᠠᠯᠳᠠᠷ ᠢ᠋ᠶ᠋ᠠᠨ ᠳᠡᠪᠲᠡᠷ ᠳᠣᠲᠣᠷ᠎ᠠ ᠪᠠᠨ ᠴᠡᠴᠡᠭᠯᠡᠭᠦᠯᠦᠭᠰᠡᠨ
ᠮᠠᠨᠳᠤᠬᠤ ᠨᠠᠷᠠ ᠰᠢᠭ᠋ ᠰᠢᠨᠡᠬᠡᠨ ᠢᠷᠠᠭᠤ ᠨᠠᠢᠷᠠᠭᠴᠢ ᠴᠤ᠌ ᠠᠯᠬᠤᠨ᠎ᠠ
ᠰᠡᠷᠭᠦᠨ ᠮᠠᠨᠳᠤᠯᠲᠠ ᠶ᠋ᠢᠨ ᠲᠩᠷᠢ ᠮᠢᠺᠧᠯ ᠳᠧ ᠢᠽᠸᠳ᠋ᠰᠺᠢ ᠳ᠋ᠠᠸᠢᠳ᠋ ᠰᠢᠭ᠋
ᠰᠡᠪ ᠦᠭᠡᠢ ᠰᠠᠢᠬᠠᠨ ᠪᠡᠶ᠎ᠡ ᠲᠡᠢ ᠵᠠᠯᠠᠭᠤ ᠦᠶ᠎ᠡ ᠮᠢᠨᠢ ᠠᠯᠬᠤᠨ᠎ᠠ
《 ᠰᠢᠺᠧᠱᠺᠧᠨ᠋ᠰᠺᠠᠶᠠ》 ᠮᠠᠨᠳᠤᠯᠢᠶᠠ ᠰᠢᠭ᠋ ᠪᠤᠯᠪᠠᠷᠠᠢ ᠥᠬᠢᠨ ᠢ᠋ ᠵᠢᠷᠤᠭᠯᠠᠭᠰᠠᠨ
《 ᠰᠧᠨᠧᠨ᠋ᠲ᠋ᠷᠤᠨ》 ᠤ᠋ ᠬᠥᠮᠦᠨ ᠰᠢᠭ ᠬᠠᠭᠤᠴᠢᠨ ᠤ᠋ ᠬᠠᠰᠢᠷ ᠴᠤ᠌ ᠠᠯᠬᠤᠨ᠎ᠠ
ᠠᠯᠬᠤᠨ ᠠᠯᠬᠤᠨ ᠥᠩᠭᠡᠷᠡᠬᠦ ᠡᠨᠡ ᠯᠡ ᠣᠯᠠᠨ ᠬᠥᠮᠦᠨ
ᠠᠯᠵᠢᠶᠠᠯ ᠴᠡᠩᠭᠡᠯ ᠢ᠋ ᠳᠠᠭᠤᠯᠠᠬᠤ ᠡᠷᠬᠢᠮ ᠣᠯᠠᠨ ᠢᠷᠭᠡᠳ
ᠮᠥᠩᠬᠡ ᠲᠥᠷᠥᠯ ᠥᠭᠡᠳᠡ ᠪᠡᠨ ᠶᠠᠭᠠᠷᠠᠬᠤ ᠪᠤᠳᠠᠩ ᠳᠤᠮᠳᠠᠬᠢ ᠪᠠᠭᠠᠲᠤᠷ ᠤ᠋ᠳ
ᠮᠥᠷ ᠦ᠋ᠨ ᠨᠣᠮ ᠢ᠋ᠶ᠋ᠠᠨ ᠤᠩᠰᠢᠭᠤᠯᠬᠤ ᠪᠤᠷᠬᠠᠨ ᠤ᠋ ᠣᠯᠠᠨ ᠱᠠᠪᠢ
ᠲᠠ ᠪᠦᠬᠦᠨ ᠦ᠌ ᠳᠤᠮᠳᠠ ᠠᠬᠠᠨ ᠳᠡᠭᠦᠦᠰ ᠮᠢᠨᠢ ᠶᠠᠪᠤᠭ᠎ᠠ
ᠲᠠᠭᠠᠰᠢᠶᠠᠨ ᠤᠴᠠᠷᠠᠬᠤ ᠨᠥᠬᠥᠳ ᠮᠠᠭᠤᠰᠢᠶᠠᠨ ᠬᠣᠯᠠᠳᠬᠤ ᠳᠠᠢᠰᠤᠨ
ᠲᠠᠪᠢᠨ ᠳᠣᠯᠣᠭᠠᠨ ᠣᠨ ᠤ᠋ ᠠᠷᠪᠠᠨ ᠨᠠᠢ᠍ᠮᠠᠲᠠᠢ ᠷᠤᠽᠠ
ᠲᠠᠩᠰᠤᠭ ᠰᠠᠢᠬᠠᠨ ᠰᠡᠳᠬᠢᠯᠳᠦ ᠯᠣᠪᠰᠠᠩᠵᠤᠩᠳᠤᠢ ᠮᠢᠨᠢ ᠶᠠᠪᠤᠭ᠎ᠠ
ᠪᠠᠢᠭᠠᠯᠢ ᠶ᠋ᠢᠨ ᠳᠣᠭᠰᠢᠨ ᠠᠶᠤᠯ ᠮᠥᠩᠬᠡ ᠶ᠋ᠢᠨ ᠶᠠᠳᠠᠭᠤᠷᠠᠯ ᠬᠣᠶᠠᠷ ᠲᠠᠢ
ᠪᠠᠢᠯᠳᠤᠵᠤ ᠢᠷᠡᠭᠰᠡᠨ ᠪᠠᠭᠠᠲᠤᠷ ᠬᠥᠳᠡᠭᠡ ᠶ᠋ᠢᠨ ᠮᠠᠯᠴᠢᠳ ᠶᠠᠪᠤᠭ᠎ᠠ
ᠪᠠᠷᠲᠠᠭ᠎ᠠ ᠶᠡᠬᠡᠲᠡᠢ ᠵᠠᠮ ᠢ᠋ᠶ᠋ᠠᠷ ᠠᠯᠢ ᠴᠤ᠌ ᠬᠢᠵᠠᠭᠠᠷ ᠤ᠋ᠨ ᠠᠷᠠᠳ ᠲᠤ᠌
ᠪᠠᠷᠠᠭ᠎ᠠ ᠲᠡᠭᠡᠭᠡᠵᠦ ᠬᠦᠷᠭᠡᠳᠡᠭ ᠠᠥ᠋ᠲ᠋ᠥ᠌ ᠶ᠋ᠢᠨ ᠵᠢᠯᠣᠭᠣᠴᠢ ᠨᠠᠷ ᠶᠠᠪᠤᠭ᠎ᠠ
ᠠᠷᠪᠠᠨ ᠳᠣᠯᠣᠭᠠᠨ ᠨᠠᠰᠤᠨ ᠳ᠋ᠤ᠌ ᠮᠢᠨᠢ ᠰᠠᠢᠨ ᠰᠠᠭᠠᠷᠠᠤ ᠬᠣᠶᠠᠷ ᠢ᠋
ᠠᠳᠠᠯᠢᠬᠠᠨ ᠵᠢᠭᠠᠵᠤ ᠥᠭᠭᠦᠭᠰᠡᠨ ᠭᠣᠮᠪᠤᠰᠦ᠋ᠷᠦᠩ ᠮᠢᠨᠢ ᠶᠠᠪᠤᠭ᠎ᠠ
ᠠᠮᠠ ᠪᠦᠯᠢ ᠳ᠋ᠡᠭᠡᠨ ᠪᠠᠭᠲᠠᠭᠠᠵᠤ ᠨᠠᠮᠠᠢ ᠲᠡᠵᠢᠭᠡᠵᠦ ᠶᠠᠪᠤᠭᠰᠠᠨ
ᠠᠪᠤ ᠠ᠋ᠴᠠ ᠴᠤ᠌ ᠥᠭᠡᠷ᠎ᠡ ᠴᠦ᠍ ᠦᠭᠡᠢ ᠠᠴᠢᠲᠠᠨ ᠢᠰᠢᠵᠠᠮᠰᠤ ᠮᠢᠨᠢ ᠶᠠᠪᠤᠭ᠎ᠠ
ᠬᠦᠴᠦ ᠲᠤᠰᠢᠶᠠᠯ ᠬᠣᠶᠠᠷ ᠢ᠋ᠶ᠋ᠠᠷ ᠵᠠᠬᠢᠷᠴᠤ ᠲᠤᠰᠢᠶᠠᠵᠤ ᠪᠣᠯᠳᠠᠭ ᠦᠭᠡᠢ
ᠬᠦᠢᠲᠡᠨ ᠬᠠᠯᠠᠭᠤᠨ ᠵᠡᠪᠰᠡᠭ ᠢ᠋ᠶ᠋ᠡᠷ ᠰᠦᠬᠦᠷᠡᠭᠡᠵᠦ ᠤᠬᠤᠷᠢᠭᠠᠵᠤ ᠪᠣᠯᠳᠠᠭ ᠦᠭᠡᠢ
ᠬᠥᠮᠦᠨ ᠲᠥᠷᠥᠯᠬᠢᠲᠡᠨ ᠦ᠌ ᠲᠡᠦᠬᠡ ᠶ᠋ᠢᠨ
ᠬᠦᠨᠳᠦ ᠴᠤᠪᠤᠭᠠᠨ ᠤ᠋ ᠨᠢᠭᠡᠨ ᠳ᠋ᠦ᠍
ᠡᠭᠡᠯ ᠮᠢᠨᠦ ᠦᠶ᠎ᠡ ᠶ᠋ᠢᠨ
ᠰᠠᠢᠨ ᠰᠠᠭᠠᠷᠠᠤ ᠪᠦᠬᠦᠨ
ᠤᠶᠠᠩᠭ᠎ᠠ ᠳᠤᠯᠢᠬᠠᠨ ᠨᠠᠢᠷᠠᠭ ᠢ᠋ᠶ᠋ᠠᠷ ᠢ᠋ᠶ᠋ᠠᠨ
ᠬᠠᠢᠷᠠᠯᠠᠵᠤ ᠶᠠᠪᠤᠭᠰᠠᠨ ᠪᠠᠭᠠᠲᠤᠷ ᠤ᠋ᠳ ᠮᠢᠨᠢ
ᠤᠳᠤᠮ ᠬᠣᠢᠴᠢ ᠶ᠋ᠢᠨ ᠰᠢᠯᠦᠭᠴᠢ ᠨᠦ᠍ᠭᠦᠳ
ᠬᠠᠢᠯᠠᠨ ᠳᠠᠭᠤᠯᠠᠬᠤ ᠭᠠᠪᠢᠶᠠᠲᠠᠨ ᠨᠤᠭᠤᠳ ᠮᠢᠨᠢ
ᠪᠠᠶᠠᠨ— ᠪᠠᠷᠠᠭᠠᠲᠤ ᠶ᠋ᠢᠨ ᠲᠡᠮᠦᠷ ᠡᠴᠡ
ᠣᠶᠤᠨᠴᠢᠮᠡᠭ ᠢ᠋ ᠬᠦᠷᠲᠡᠯ᠎ᠡ
ᠪᠠᠶᠠᠷ ᠭᠤᠨᠢᠭ ᠢ᠋ ᠳᠠᠭᠤᠯᠠᠭᠰᠠᠨ
ᠣᠯᠠᠨ ᠣᠯᠠᠨ ᠳᠠᠭᠤᠴᠢᠳ ᠮᠢᠨᠢ
ᠠᠪᠤᠷᠭᠤ ᠲᠦᠪᠳᠡᠨᠳᠣᠷᠵᠢ ᠠ᠋ᠴᠠ ᠴᠡᠷᠡᠨᠲᠣᠭᠲᠠᠬᠤ ᠶ᠋ᠢ ᠬᠦᠷᠲᠡᠯ᠎ᠡ
ᠠᠰᠠᠷ ᠤ᠋ᠨ ᠡᠮᠦᠨ᠎ᠡ ᠳᠠᠪᠠᠭᠰᠠᠨ
ᠠᠷᠤ ᠬᠠᠯᠬ᠎ᠠ ᠶ᠋ᠢᠨ ᠬᠡᠦᠬᠡᠳ ᠦ᠋ᠳ ᠮᠢᠨᠢ ᠤᠨᠤᠵᠤ
ᠠᠯᠳᠠᠵᠤ ᠶᠠᠪᠤᠭᠰᠠᠨ ᠢᠳᠡᠷ ᠪᠡᠶ᠎ᠡ ᠶ᠋ᠢᠨ ᠮᠢᠨᠢ ᠲᠠᠰᠤᠷᠬᠠᠢ
ᠣᠯᠠᠨ ᠣᠯᠠᠨ ᠰᠥᠨᠢ ᠨᠣᠢᠷ ᠦᠭᠡᠢ ᠰᠠᠭᠤᠭᠰᠠᠨ ᠤ᠋ ᠮᠢᠨᠢ ᠦᠷ᠎ᠡ
ᠣᠷᠴᠢᠨ ᠦᠶ᠎ᠡ ᠮᠢᠨᠢ᠂ ᠣᠩᠭᠣᠨ ᠰᠢᠯᠦᠭ ᠮᠢᠨᠢ
ᠮᠢᠨᠦ ᠴᠣᠩᠬᠣᠨ ᠤ᠋ ᠡᠮᠦᠨᠡᠭᠦᠷ ᠬᠥᠮᠦᠨ ᠦ᠌ ᠶᠡᠬᠡ ᠮᠥᠷᠡᠨ ᠪᠣᠯᠵᠤ
ᠠᠯᠳᠠᠷ ᠦᠬᠦᠯ ᠤᠷᠤᠭᠤ
ᠠᠯᠬᠤᠯᠠᠩᠬᠠᠨ ᠤᠷᠤᠰᠴᠤ ᠪᠠᠢᠨ᠎ᠠ
ᠥᠪᠡᠷ ᠢ᠋ ᠪᠡᠨ ᠬᠠᠢᠷᠠᠯᠠᠭᠴᠢ ᠶ᠋ᠢᠨ ᠦᠬᠦᠯ
ᠥᠷᠥᠭᠡᠯ ᠢ᠋ ᠬᠠᠢᠷᠠᠯᠠᠭᠴᠢ ᠶ᠋ᠢᠨ ᠠᠯᠳᠠᠷ ᠬᠣᠶᠠᠷ
ᠨᠠᠷᠢᠨ ᠵᠢᠩᠨᠡᠭᠦᠷ ᠦ᠋ᠨ ᠬᠣᠶᠠᠷ ᠲᠠᠪᠠᠭ ᠰᠢᠭ᠋
ᠨᠠᠰᠤᠨ ᠤ᠋ ᠦᠵᠦᠭᠦᠷ ᠲᠦ᠍ ᠬᠦᠯᠢᠶᠡᠵᠦ ᠪᠠᠢᠨ᠎ᠠ
ᠦᠰᠦᠭ ᠠᠮᠢᠯᠠᠭᠤᠯᠤᠭᠴᠢ᠄ ᠣᠳᠬᠠᠨᠰᠣ ᠠ᠋
ᠬᠢᠨᠠᠭᠴᠢ᠄ ᠰᠡᠷᠭᠦᠯᠡᠩ᠂ ᠰᠡᠬᠡᠭᠡᠷᠡᠯ᠂ ᠭᠠᠷᠮ᠎ᠠ
