ᠥᠨᠥᠴᠢᠨ ᠪᠣᠷᠣᠯᠳᠠᠢ ᠬᠦᠦ-ᠬᠡᠦᠬᠡᠯᠳᠡᠢ ᠶᠢᠨ ᠺᠢᠨᠣ᠋Өнчин Боролдой хүү-хүүхэлдэйн кино
ᠥᠨᠥᠴᠢᠨ ᠪᠣᠷᠣᠯᠳᠠᠢ
ᠮᠣᠩᠭᠣᠯ ᠠᠷᠠᠳ ᠤ᠋ᠨ ᠦᠯᠢᠭᠡᠷ
ᠥᠨᠥᠳᠥᠷ ᠪᠢ ᠲᠠ ᠨᠠᠷ ᠲᠤ᠌ ᠪᠠᠨ ᠮᠣᠩᠭᠣᠯ ᠠᠷᠠᠳ ᠤ᠋ᠨ ᠥᠨᠥᠴᠢᠨ ᠪᠣᠷᠣᠯᠳᠠᠢ ᠶ᠋ᠢᠨ ᠦᠯᠢᠭᠡᠷ ᠢ᠋ ᠶᠠᠷᠢᠵᠤ ᠥᠭᠬᠦᠶ᠎ᠡ᠃ᠡᠨᠡ ᠦᠯᠢᠭᠡᠷ ᠲᠦ᠍ ᠬᠥᠮᠦᠨ ᠥᠪᠡᠷ ᠢ᠋ᠶ᠋ᠡᠷ ᠰᠠᠢᠨ ᠰᠠᠢᠬᠠᠨ ᠠᠮᠢᠳᠤᠷᠠᠬᠤ ᠶ᠋ᠢ ᠬᠦᠰᠡᠪᠡᠯ᠂ ᠨᠥᠬᠥᠷ ᠦ᠋ᠨ ᠲᠤᠰᠠ ᠪᠣᠯᠬᠤ ᠶ᠋ᠢᠨ ᠴᠢᠬᠤᠯᠠ ᠶ᠋ᠢ ᠦᠵᠡᠭᠦᠯᠵᠡᠢ᠃ ᠬᠥᠮᠦᠨ ᠦ᠌ ᠲᠤᠰᠠ ᠶ᠋ᠢ ᠠᠴᠢ ᠪᠠᠷ ᠬᠠᠷᠢᠭᠤᠯᠤᠨ᠎ᠠ
ᠭᠡᠳᠡᠭ ᠬᠥᠮᠦᠨ ᠦ᠌ ᠡᠷᠬᠢᠮᠯᠡᠬᠦ ᠨᠠᠨᠳᠢᠨ ᠴᠢᠨᠠᠷ ᠪᠣᠯᠬᠤ ᠶ᠋ᠢ ᠡᠨᠡ ᠦᠯᠢᠭᠡᠷ ᠲᠦ᠍ ᠬᠡᠯᠡᠵᠦ ᠪᠠᠢᠭ᠎ᠠ ᠶᠤᠮ᠃ ᠵᠠ ᠢᠩᠭᠢᠭᠡᠳ ᠦᠯᠢᠭᠡᠷ ᠢ᠋ᠶ᠋ᠡᠷ ᠡᠬᠢᠯᠡᠶ᠎ᠡ᠃
ᠡᠷᠲᠡ ᠤᠷᠢᠳᠤ ᠶ᠋ᠢᠨ ᠴᠠᠭ ᠲᠤ᠌᠂ ᠨᠢᠭᠡᠨ ᠶᠠᠳᠠᠭᠤ ᠬᠦᠦ ᠠᠢᠯ ᠤ᠋ᠨ ᠬᠣᠨᠢ ᠬᠠᠷᠢᠭᠤᠯᠵᠤ ᠡᠳᠦᠷ ᠦ᠋ᠨ ᠪᠣᠷᠣ ᠬᠣᠨᠣᠭ ᠰᠢᠷ᠎ᠠ ᠨᠠᠷᠠ ᠶ᠋ᠢ ᠥᠩᠭᠡᠷᠡᠭᠡᠳᠡᠭ ᠪᠠᠢᠵᠠᠢ ᠭᠡᠨ᠎ᠡ᠃ ᠨᠢᠭᠡᠨ ᠡᠳᠦᠷ ᠬᠣᠨᠢ ᠪᠠᠨ ᠬᠠᠷᠢᠭᠤᠯᠵᠤ ᠶᠠᠪᠤᠲᠠᠯ᠎ᠠ᠂ ᠭᠡᠨᠡᠳᠲᠡ ᠨᠢᠭᠡᠨ ᠦᠨᠡᠭᠡ ᠳᠠᠪᠬᠢᠵᠤ ᠢᠷᠡᠭᠡᠳ ᠶᠡᠬᠡᠳᠡ ᠰᠠᠨᠳᠤᠷᠤᠩᠭᠤᠢ ᠪᠠᠷ᠄《ᠬᠣᠨᠢᠴᠢᠨ ᠬᠦᠦ᠂ ᠴᠢ ᠠᠮᠢ ᠠᠪᠤᠷᠠᠭᠠᠴᠢ᠂ ᠪᠢ ᠬᠣᠶᠠᠷ ᠭᠥᠷᠥᠭᠡᠴᠢᠨ᠂ ᠨᠠᠮ᠎ᠠ ᠶ᠋ᠢ ᠬᠣᠶᠠᠷ ᠭᠥᠷᠥᠭᠡᠴᠢᠨ ᠡᠯᠳᠡᠵᠦ ᠠᠯᠠᠬᠤ ᠭᠡᠳ ᠪᠠᠢᠨ᠎ᠠ᠃》ᠭᠡᠰᠡᠨ ᠳ᠋ᠦ᠍ ᠬᠦᠦ᠄《ᠦᠨᠡᠭᠡ ᠮᠢᠨᠢ᠂ ᠪᠢ ᠴᠢᠮ᠎ᠠ ᠳ᠋ᠤ᠌ ᠶᠠᠭᠠᠬᠢᠵᠤ ᠲᠤᠰᠠ ᠬᠦᠷᠭᠡᠬᠦ ᠦᠦ?
ᠭᠡᠬᠦ ᠳ᠋ᠦ᠍ ᠦᠨᠡᠭᠡ᠄《ᠦᠭᠡᠢ ᠳᠠ᠂ ᠲᠠ ᠨᠠᠮ᠎ᠠ ᠶ᠋ᠢ ᠤᠭᠤᠲᠠᠨ ᠳ᠋ᠤ᠌ ᠪᠠᠨ ᠣᠷᠣᠭᠤᠯᠵᠤ ᠨᠢᠭᠤᠭᠠᠴᠢ ᠳᠠ᠂ ᠬᠣᠨᠢᠴᠢᠨ ᠬᠦᠦ ᠪᠤᠰᠢᠭᠤᠬᠠᠨ ᠤᠭᠤᠲᠠᠨ ᠤ᠋ ᠪᠠᠨ ᠠᠮᠠ ᠶ᠋ᠢ ᠨᠡᠭᠡᠭᠡᠵᠦ ᠦᠨᠡᠭᠡ ᠶ᠋ᠢ ᠨᠢᠭᠤᠭᠠᠴᠢ ᠳᠠ᠂ ᠨᠠᠮ᠎ᠠ ᠶ᠋ᠢ ᠨᠢᠭᠤᠯ ᠳᠠ》 ᠭᠡᠵᠡᠢ᠃ ᠲᠡᠭᠡᠲᠡᠯ᠎ᠡ ᠴᠦ᠍ᠤᠳᠠᠯ ᠦᠭᠡᠢ ᠬᠣᠶᠠᠷ ᠭᠥᠷᠥᠭᠡᠴᠢᠨ ᠳᠠᠪᠬᠢᠵᠤ ᠢᠷᠡᠵᠡᠢ ᠭᠡᠨ᠎ᠡ᠄《ᠵᠠ᠂ ᠬᠦᠦ ᠂ ᠡᠨᠡᠭᠦᠷ ᠦᠨᠡᠭᠡ ᠬᠠᠷᠠᠭᠳᠠᠪᠠ ᠤᠤ?》《ᠨᠢᠭᠡ ᠦᠨᠡᠭᠡ ᠳᠥᠩᠭᠡᠵᠦ ᠰᠠᠶᠢ ᠡᠨᠡᠭᠦᠷ ᠤᠷᠤᠭᠰᠢ ᠪᠠᠨ ᠳᠠᠪᠬᠢᠭᠠᠳ ᠣᠳᠤᠭᠰᠠᠨ᠂ ᠬᠠᠷᠢᠨ ᠲᠠ ᠬᠣᠶᠠᠷ ᠲᠦᠷᠭᠡᠨ ᠶᠠᠪᠤᠪᠠᠯ ᠲᠡᠭᠦᠨ ᠢ᠋ ᠭᠦᠢᠴᠡᠨ᠎ᠡ ᠳᠡ》᠃
ᠬᠣᠶᠠᠷ ᠭᠥᠷᠥᠭᠡᠴᠢᠨ ᠳᠠᠪᠬᠢᠨ ᠠᠯᠠᠭ᠎ᠠ ᠪᠣᠯᠵᠠᠢ ᠭᠡᠨ᠎ᠡ᠃ ᠲᠡᠷᠡ ᠬᠣᠶᠠᠷ ᠢ᠋ ᠶᠠᠪᠤᠭᠰᠠᠨ ᠤ᠋ ᠳᠠᠷᠠᠭ᠎ᠠ ᠪᠠᠷ ᠬᠦᠦ《ᠵᠠ᠂ ᠦᠨᠡᠭᠡ ᠮᠢᠨᠢ᠂ ᠠᠶᠤᠯ ᠥᠩᠭᠡᠷᠡᠭᠡᠭᠰᠡᠨ ᠰᠢᠦ᠂ ᠤᠭᠤᠲᠠᠨ ᠠ᠋ᠴᠠ ᠪᠠᠨ ᠭᠠᠷᠤᠭᠠᠷᠠᠢ》ᠭᠡᠰᠡᠨ ᠳ᠋ᠦ᠍ ᠦᠨᠡᠭᠡ ᠭᠠᠷᠴᠤ ᠢᠷᠡᠭᠡᠳ᠄《ᠠᠮᠢ ᠶ᠋ᠢ ᠮᠢᠨᠢ ᠠᠪᠤᠷᠠᠭᠰᠠᠨ ᠠᠴᠢᠲᠤ ᠬᠦᠦ ᠳ᠋ᠦ᠍ ᠭᠢᠯᠠᠢᠯ᠎ᠠ᠂ ᠠᠴᠢ ᠶ᠋ᠢ ᠴᠢᠨᠢ ᠪᠢ ᠬᠡᠵᠢᠶᠡᠳᠡ ᠬᠠᠷᠢᠭᠤᠯᠤᠨ᠎ᠠ᠃ ᠬᠣᠨᠢᠴᠢᠨ ᠪᠣᠷᠣ ᠬᠦᠦ ᠴᠢᠮ᠎ᠠ ᠳ᠋ᠤ᠌ ᠬᠤᠷᠮᠤᠰᠲᠠ ᠲᠩᠷᠢ ᠶ᠋ᠢᠨ ᠠᠪᠠᠬᠠᠢ ᠶ᠋ᠢ ᠪᠢ ᠠᠪᠴᠤ ᠥᠭᠭᠦᠨ᠎ᠡ》ᠭᠡᠰᠡᠨ ᠳ᠋ᠦ᠍ ᠪᠣᠷᠣ ᠬᠦᠦ ᠶᠡᠬᠡᠳᠡ ᠰᠠᠨᠳᠤᠷᠴᠤ᠄《ᠶᠠᠳᠠᠭᠤ ᠬᠦᠦ ᠨᠠᠳᠠ ᠳ᠋ᠤ᠌ ᠬᠤᠷᠮᠤᠰᠲᠠ ᠶ᠋ᠢᠨ ᠠᠪᠠᠬᠠᠢ ᠶ᠋ᠢ ᠠᠪᠴᠤ ᠥᠭᠭᠦᠨ᠎ᠡ ᠭᠡᠵᠦ ᠲᠣᠭᠯᠠᠭᠠᠮ ᠬᠢᠬᠦ ᠶ᠋ᠢᠨ ᠣᠷᠣᠨ ᠳ᠋ᠤ᠌ ᠠᠶᠠᠭ᠎ᠠ ᠬᠢᠷᠤᠮᠴᠠᠭ ᠯᠠ ᠪᠠᠢᠪᠠᠯ ᠪᠣᠯᠤᠯ᠎ᠠ ᠳᠠ》
《ᠦᠭᠡᠢ ᠦᠭᠡᠢ ᠦᠭᠡᠢ᠂ ᠪᠢ ᠬᠤᠳᠠᠯ ᠬᠡᠯᠡᠭᠡ ᠦᠭᠡᠢ ᠰᠢᠦ᠂ ᠬᠤᠷᠮᠤᠰᠲᠠ ᠶ᠋ᠢᠨ ᠠᠪᠠᠬᠠᠢ ᠶ᠋ᠢ ᠪᠢ ᠴᠢᠮ᠎ᠠ ᠳᠦ ᠵᠠᠪᠠᠯ ᠠᠪᠴᠤ ᠥᠭᠭᠦᠨ᠎ᠡ》 ᠭᠡᠵᠦ ᠬᠡᠯᠡᠭᠡᠳ ᠦᠨᠡᠭᠡ ᠳᠠᠪᠬᠢᠨ ᠣᠳᠴᠠᠢ᠃
《ᠬᠤᠷᠮᠤᠰᠲᠠ ᠲᠡᠭᠷᠢ ᠶ᠋ᠢᠨ ᠬᠠᠭᠠᠨ ᠤ᠋ ᠠᠮᠤᠭᠤᠯᠠᠩ ᠢ᠋ ᠠᠢᠯᠠᠳᠬᠠᠶ᠎ᠠ᠂ ᠳᠤᠮᠳᠠ ᠲᠢᠪ ᠲᠦ᠍ ᠪᠠᠶᠠᠨ ᠪᠣᠷᠣᠯᠳᠠᠢ ᠭᠡᠵᠦ ᠵᠠᠯᠠᠭᠤ ᠨᠣᠶᠠᠨ ᠳᠤ ᠲᠠᠭᠠᠷᠠᠬᠤ ᠰᠠᠢᠨ ᠠᠪᠠᠬᠠᠢ ᠣᠯᠳᠠᠬᠤ ᠦᠭᠡᠢ᠂ ᠲᠡᠭᠷᠢ ᠶ᠋ᠢᠨ ᠬᠠᠭᠠᠨ ᠤ᠋ ᠥᠬᠢᠨ ᠢ᠋ ᠬᠠᠲᠤᠨ ᠢ᠋ᠶ᠋ᠠᠨ ᠪᠣᠯᠭᠠᠵᠤ ᠠᠪᠬᠤ ᠶ᠋ᠢ ᠭᠤᠶᠤᠵᠤ ᠨᠠᠮ᠎ᠠ ᠶ᠋ᠢ ᠶᠠᠪᠤᠭᠤᠯᠤᠯ᠎ᠠ》ᠭᠡᠵᠦ ᠦᠨᠡᠭᠡ ᠶ᠋ᠢ ᠬᠡᠯᠡᠭᠰᠡᠨ ᠳᠦ ᠲᠡᠭᠷᠢ ᠶ᠋ᠢᠨ ᠬᠠᠭᠠᠨ᠄《ᠳᠤᠮᠳᠠ ᠲᠢᠪ ᠦ᠋ᠨ ᠨᠣᠶᠠᠨ ᠮᠢᠨᠦ ᠥᠬᠢᠨ ᠢ᠋ ᠠᠪᠴᠤ ᠶᠠᠪᠤᠬᠤ ᠰᠠᠨᠠᠭ᠎ᠠ ᠲᠠᠢ ᠪᠣᠯ ᠡᠬᠢᠯᠡᠭᠡᠳ ᠳᠥᠷᠪᠡᠨ ᠬᠦᠴᠦᠲᠡᠨ ᠢ᠋ᠶ᠋ᠡᠷ ᠪᠡᠯᠡᠭ ᠪᠠᠷᠢᠵᠤ ᠢᠷ᠎ᠡ᠂ ᠲᠡᠭᠡᠬᠦ ᠶᠦᠮ ᠪᠣᠯ ᠥᠬᠢᠨ ᠢ᠋ᠶ᠋ᠡᠷ ᠪᠢ ᠥᠭᠭᠦᠨ᠎ᠡ ᠂ ᠢᠩᠭᠢᠵᠦ ᠪᠠᠢᠨ᠎ᠠ ᠭᠡᠵᠦ ᠨᠣᠶᠠᠨ ᠳ᠋ᠤ᠌ ᠬᠡᠯᠡᠭᠡᠷᠡᠢ ᠴᠢ》᠃
ᠦᠨᠡᠭᠡ ᠬᠣᠨᠢᠴᠢᠨ ᠪᠣᠷᠣ ᠬᠦᠦ ᠳᠦ ᠢᠷᠡᠭᠡᠳ ᠡᠨᠡ ᠦᠭᠡ ᠶ᠋ᠢ ᠬᠡᠯᠡᠭᠰᠡᠨ ᠳ᠋ᠦ᠍《ᠴᠢ ᠨᠠᠮ᠎ᠠ ᠶ᠋ᠢ ᠶᠠᠭᠠᠬᠢᠵᠤ ᠠᠯᠠᠬᠤ ᠴᠢᠨᠢ ᠡᠨᠡ ᠪᠣᠢ? ᠬᠥᠮᠦᠨ ᠦ᠌ ᠠᠴᠢ ᠶ᠋ᠢ ᠢᠩᠭᠢᠵᠦ ᠬᠠᠷᠢᠭᠤᠯᠳᠠᠭ ᠶᠤᠮ ᠤᠤ ᠴᠢ᠂ ᠪᠢ ᠴᠢᠨᠢ ᠳᠥᠷᠪᠡᠨ ᠬᠦᠴᠦᠲᠡᠨ ᠪᠢᠲᠡᠭᠡᠢ ᠬᠡᠯᠡ᠂ᠳᠥᠮᠥᠭ ᠰᠡᠩᠬᠢ ᠬᠢᠷᠠᠮ᠎ᠠ ᠴᠤ᠌ ᠣᠯᠵᠤ ᠢᠳᠡᠵᠦ ᠴᠢᠳᠠᠬᠤ ᠦᠭᠡᠢ ᠰᠢᠦ ᠳᠡ᠂ ᠪᠢ ᠲᠡᠢᠮᠦ ᠶᠠᠳᠠᠭᠤ ᠰᠢᠦ ᠳᠡ》 ᠭᠡᠰᠡᠨ ᠳ᠋ᠦ᠍《ᠰᠠᠨᠠᠭ᠎ᠠ ᠵᠣᠪᠠᠭᠰᠠᠨ ᠤ᠋ ᠬᠡᠷᠡᠭ ᠦᠭᠡᠢ᠂ ᠪᠢ ᠪᠦᠭᠦᠳᠡ ᠶ᠋ᠢ ᠬᠢᠨ᠎ᠡ》 ᠭᠡᠵᠡᠢ᠃
ᠠᠷᠭᠠᠲᠤ ᠰᠢᠷ᠎ᠠ ᠦᠨᠡᠭᠡ᠂ ᠠᠷᠰᠯᠠᠨ ᠳᠠᠪᠬᠢᠵᠤ ᠶᠠᠪᠤᠭ᠎ᠠ ᠶ᠋ᠢ ᠬᠠᠷᠠᠭᠠᠳ ᠲᠦᠷᠦᠭᠦᠯᠡᠵᠦ ᠤᠷᠳᠤᠭᠤᠷ ᠨᠢ ᠭᠠᠷᠤᠭᠠᠳ ᠬᠡᠯᠡ ᠪᠡᠨ ᠤᠨᠵᠢᠭᠤᠯᠤᠭᠠᠳ ᠳᠠᠪᠬᠢᠵᠠᠢ ᠭᠡᠨ᠎ᠡ᠃ ᠲᠡᠭᠡᠲᠡᠯ᠎ᠡ ᠠᠷᠰᠯᠠᠨ ᠦᠨᠡᠭᠡᠨ ᠦ᠌ ᠬᠣᠢᠨ᠎ᠠ ᠠ᠋ᠴᠠ᠄《ᠬᠥᠶᠢ᠂ ᠰᠢᠷ᠎ᠠ ᠦᠨᠡᠭᠡ᠂ ᠴᠢ ᠶᠠᠭᠤᠨ ᠳᠦ ᠪᠡᠨ ᠢᠩᠭᠢᠲᠡᠯ᠎ᠡ ᠪᠡᠨ ᠶᠠᠭᠠᠷᠠᠵᠤ ᠶᠠᠪᠤᠨ᠎ᠠ ᠤᠤ?》 《ᠶᠠᠭᠠᠷᠠᠯ ᠦᠭᠡᠢ ᠶᠠᠭᠠᠬᠢᠬᠤᠪ ᠳᠠ᠂ ᠬᠤᠷᠮᠤᠰᠲᠠ ᠲᠩᠷᠢ ᠶ᠋ᠢᠨ ᠬᠠᠭᠠᠨ ᠪᠠᠭ᠎ᠠ ᠠᠪᠠᠬᠠᠢ ᠪᠠᠨ ᠭᠡᠷᠯᠡᠭᠦᠯᠬᠦ ᠳᠦ ᠪᠠᠨ ᠶᠡᠬᠡ ᠨᠠᠢᠷ ᠬᠢᠵᠦ᠂ ᠠᠷᠢᠶᠠᠲᠠᠨ ᠠᠮᠢᠲᠠᠨ ᠳ᠋ᠤ᠌ ᠬᠣᠭᠣᠯᠠᠨ ᠤ᠋ ᠬᠤᠪᠢ ᠲᠠᠷᠬᠠᠭᠠᠵᠤ ᠪᠠᠢᠨ᠎ᠠ ᠰᠢᠦ ᠳᠡ᠂ ᠬᠠᠮᠤᠭ ᠤ᠋ᠨ ᠲᠦᠷᠦᠭᠦᠨ ᠳ᠋ᠦ᠍ ᠣᠴᠢᠭᠠᠳ᠂ ᠬᠠᠮᠤᠭ ᠤ᠋ᠨ ᠨᠣᠮᠣᠬᠠᠨ ᠪᠠᠢᠭᠰᠠᠨ ᠳᠦ ᠨᠢ ᠬᠠᠮᠤᠭ ᠤ᠋ᠨ ᠶᠡᠬᠡ ᠬᠤᠪᠢ ᠣᠨᠣᠭᠳᠠᠨ᠎ᠠ ᠭᠡᠰᠡᠨ ᠰᠢᠦ᠂ ᠲᠡᠭᠡᠭᠡᠳ ᠪᠢ ᠬᠣᠵᠢᠮᠳᠠᠬᠤ ᠠ᠋ᠴᠠ ᠠᠶᠤᠭᠠᠳ ᠯᠠ ᠢᠩᠭᠢᠵᠦ ᠯᠡ ᠶᠠᠭᠠᠷᠠᠵᠤ ᠶᠠᠪᠤᠨ᠎ᠠ ᠰᠢᠦ ᠳᠡ》
《ᠠ ᠲᠡᠢᠮᠦ ᠤᠤ? ᠬᠥᠶᠢ᠂ ᠦᠨᠡᠭᠡ᠂ ᠪᠢ ᠣᠴᠢᠪᠠᠯ ᠨᠠᠳᠠ ᠳ᠋ᠤ᠌ ᠬᠣᠭᠣᠯᠠᠨ ᠤ᠋ ᠬᠤᠪᠢ ᠶᠡᠷᠦ ᠨᠢ ᠥᠭᠬᠦ ᠪᠣᠯᠪᠠ ᠤᠤ? ᠶᠠᠭᠠᠬᠢᠬᠤ ᠪᠣᠯ ᠠ᠋ 》ᠭᠡᠰᠡᠨ ᠳ᠋ᠦ᠍ ᠦᠨᠡᠭᠡ᠄《ᠥᠭᠭᠦᠯ ᠦᠭᠡᠢ ᠶᠠᠭᠠᠬᠢᠳᠠᠭ ᠶᠤᠮ ᠪᠣᠢ᠂ᠥᠭᠭᠦᠯ ᠦᠭᠡᠢ ᠶᠠᠭᠠᠬᠢᠳᠠᠭ ᠶᠤᠮ》᠃
ᠢᠩᠭᠢᠭᠡᠳ ᠠᠷᠰᠯᠠᠨ ᠦᠨᠡᠭᠡ ᠲᠡᠢ ᠬᠠᠮᠲᠤ ᠳᠠᠪᠬᠢᠵᠠᠢ ᠭᠡᠨ᠎ᠡ᠃ ᠲᠡᠷᠡ ᠬᠣᠶᠠᠷ ᠪᠠᠷᠰ ᠤ᠋ᠨ ᠬᠠᠵᠠᠭᠤ ᠪᠠᠷ ᠳᠠᠪᠬᠢᠵᠤ ᠭᠠᠷᠲᠠᠯ᠎ᠠ ᠪᠠᠷᠰ᠄《ᠬᠥᠪ᠂ ᠬᠥᠶᠢ ᠲᠠᠨᠠᠷ ᠬᠠᠮᠢᠭᠠᠰᠢ ᠪᠠᠨ ᠢᠩᠭᠢᠵᠦ ᠶᠠᠭᠠᠷᠠᠵᠤ ᠶᠠᠪᠤᠵᠤ ᠪᠠᠢᠨ᠎ᠠ? ᠬᠥᠶᠢ ᠬᠥᠶᠢ ᠠᠷᠰᠯᠠᠨ ᠦᠨᠡᠭᠡ᠂ ᠬᠥᠶᠢ ᠬᠥᠶᠢ》《ᠴᠠᠭᠠᠨ᠎ᠠ ᠴᠢᠨᠢ ᠂ ᠴᠠᠭᠠᠨ᠎ᠠ ᠴᠢᠨᠢ ᠂ᠬᠤᠷᠮᠤᠰᠲᠠ ᠲᠩᠷᠢ ᠶ᠋ᠢᠨ ᠬᠠᠭᠠᠨ ᠤ᠋ ᠪᠠᠭ᠎ᠠ ᠠᠪᠠᠬᠠᠢ ᠭᠡᠷᠯᠡᠬᠦ ᠭᠡᠳ ᠲᠦᠷᠦᠭᠦᠯᠡᠵᠦ ᠣᠴᠢᠭᠰᠠᠨ ᠠᠷᠢᠶᠠᠲᠠᠨ ᠠᠮᠢᠳᠠᠨ ᠳᠦ ᠬᠣᠭᠣᠯᠠᠨ ᠤ᠋ ᠬᠤᠪᠢ ᠲᠠᠷᠬᠠᠭᠠᠬᠤ ᠭᠡᠳ ᠪᠠᠢᠨ᠎ᠠ ᠰᠢᠲᠠ᠂ ᠲᠡᠭᠡᠭᠡᠳ ᠪᠢᠳᠡ ᠶᠠᠭᠠᠷᠠᠭᠠᠳ ᠶᠠᠪᠤᠵᠤ ᠪᠠᠢᠨ᠎ᠠ》
ᠪᠠᠷᠰ᠄《ᠪᠢ ᠬᠠᠮᠲᠤ ᠶᠠᠪᠤᠶ᠎ᠠ᠂ ᠪᠢ ᠬᠠᠮᠲᠤ ᠶᠠᠪᠤᠶ᠎ᠠ》ᠭᠡᠳ ᠯᠡ ᠪᠦᠭᠦᠳᠡ ᠬᠠᠮᠲᠤ ᠴᠠᠭᠠᠱᠢ ᠪᠠᠨ ᠳᠠᠪᠬᠢᠵᠠᠢ ᠭᠡᠨ᠎ᠡ᠃ ᠢᠩᠭᠢᠭᠡᠳ ᠪᠠᠷᠰ ᠠᠷᠰᠯᠠᠨ ᠦᠨᠡᠭᠡ ᠭᠤᠷᠪᠠ ᠶ᠋ᠢ ᠳᠠᠪᠬᠢᠵᠤ ᠶᠠᠪᠤᠬᠤ ᠳᠦ ᠪᠠᠭᠠᠪᠠᠭᠠᠢ᠂ ᠬᠠᠨ ᠭᠠᠷᠤᠳᠢ ᠬᠣᠶᠠᠷ ᠲᠠᠭᠠᠷᠠᠯᠳᠤᠵᠤ ᠭᠣᠶᠣᠭᠰᠠᠭᠠᠷ ᠪᠠᠢᠭᠠᠳ ᠲᠡᠳᠡ ᠬᠠᠮᠲᠤ ᠳ᠋ᠤ᠌ ᠪᠠᠨ ᠴᠠᠭᠠᠱᠢ ᠳᠠᠪᠬᠢᠵᠠᠢ ᠭᠡᠨ᠎ᠡ᠃ ᠢᠩᠭᠢᠭᠡᠳ ᠲᠡᠳᠡ ᠬᠤᠷᠮᠤᠰᠲᠠ ᠬᠠᠭᠠᠨ ᠤ᠋ ᠭᠠᠳᠠᠭ᠎ᠠ ᠢᠷᠡᠭᠡᠳ ᠦᠨᠡᠭᠡ᠄《ᠵᠠ᠂ ᠲᠠᠨᠠᠷ ᠡᠨᠳᠡ ᠪᠡᠨ ᠪᠠᠢᠵᠤ ᠪᠠᠢ᠂ ᠪᠢ ᠬᠤᠷᠮᠤᠰᠲᠠ ᠬᠠᠭᠠᠨ ᠠ᠋ᠴᠠ ᠬᠣᠭᠣᠯᠠ ᠠᠪᠬᠤ ᠪᠠᠷ ᠢᠷᠡᠭᠰᠡᠨ ᠠᠷᠢᠶᠠᠲᠠᠨ ᠢ᠋ ᠬᠠᠮᠢᠭ᠎ᠠ ᠪᠠᠢᠯᠭᠠᠵᠤ ᠪᠠᠢᠬᠤ ᠶ᠋ᠢ ᠮᠡᠳᠡᠭᠡᠳ ᠢᠷᠡᠶ᠎ᠡ》ᠭᠡᠳ ᠦᠨᠡᠭᠡ ᠬᠠᠭᠠᠨ ᠤ᠋ ᠣᠷᠳᠣᠨ ᠳ᠋ᠤ᠌ ᠶᠠᠪᠤᠭᠠᠳ ᠣᠷᠣᠵᠠᠢ ᠭᠡᠨ᠎ᠡ᠃ ᠲᠡᠭᠡᠭᠡᠳ ᠣᠷᠳᠣᠨ ᠳ᠋ᠤ᠌ ᠣᠷᠣᠭᠠᠳ ᠦᠨᠡᠭᠡ᠄《ᠬᠠᠭᠠᠨᠲᠠᠨ ᠮᠢᠨᠢ᠂ ᠪᠠᠶᠠᠨ ᠪᠣᠷᠣᠯᠳᠠᠢ ᠨᠣᠶᠠᠨ ᠲᠠᠨ ᠤ᠋ ᠪᠠᠭ᠎ᠠ ᠳᠠᠭᠢᠨᠢ ᠶ᠋ᠢ ᠠᠪᠬᠤ ᠪᠠᠷ ᠳᠥᠷᠪᠡᠨ ᠬᠦᠴᠦᠲᠡᠨ ᠢ᠋ᠶ᠋ᠡᠷ ᠰᠦᠢ ᠪᠡᠯᠡᠭ ᠬᠦᠷᠭᠡᠭᠦᠯᠦᠯ᠎ᠡ᠂ ᠲᠡᠭᠦᠨ ᠢ᠋ ᠬᠠᠰᠢᠵᠤ ᠠᠪᠤᠭᠠᠴᠢ》 ᠭᠡᠰᠡᠨ ᠳ᠋ᠦ᠍ ᠬᠠᠭᠠᠨ᠄《ᠳᠥᠷᠪᠡᠨ ᠬᠦᠴᠦᠲᠡᠨ ᠢ᠋ ᠲᠡᠮᠦᠷ ᠰᠢᠷᠡᠮᠦᠨ ᠪᠠᠢᠰᠢᠩ ᠳᠦ ᠣᠷᠣᠭᠤᠯᠤᠭᠠᠳ ᠡᠭᠦᠳᠡ ᠶ᠋ᠢ ᠴᠣᠣᠵᠢᠯᠠ》ᠭᠡᠵᠦ ᠲᠤᠰᠢᠶᠠᠵᠠᠢ᠃
ᠶᠠᠳᠠᠭᠤ ᠪᠣᠷᠣ ᠬᠦᠦ ᠬᠣᠨᠢ ᠪᠠᠨ ᠬᠠᠷᠢᠭᠤᠯᠵᠤ ᠶᠠᠪᠤᠵᠠᠢ᠃ ᠲᠡᠭᠡᠲᠡᠯ᠎ᠡ ᠦᠨᠡᠭᠡ ᠪᠣᠷᠣ ᠬᠦᠦ ᠶ᠋ᠢᠨ ᠳᠡᠷᠭᠡᠳᠡ ᠳᠠᠪᠬᠢᠵᠤ ᠢᠷᠡᠭᠡᠳ᠄《ᠵᠠ᠂ ᠳᠥᠷᠪᠡᠨ ᠬᠦᠴᠦᠲᠡᠨ ᠢ᠋ᠶ᠋ᠡᠷ ᠰᠦᠢ ᠪᠡᠯᠡᠭ ᠬᠦᠷᠭᠡᠭᠦᠯᠦᠯ᠎ᠡ᠂ ᠣᠳᠣ ᠬᠣᠶᠠᠭᠤᠯᠠ ᠪᠠᠨ ᠬᠤᠷᠮᠤᠰᠲᠠ ᠬᠠᠭᠠᠨ ᠤ᠋ ᠪᠠᠭ᠎ᠠ ᠠᠪᠠᠬᠠᠢ ᠶ᠋ᠢ ᠠᠪᠬᠤ ᠪᠠᠷ ᠶᠠᠪᠤᠶ᠎ᠠ》ᠭᠡᠳ ᠬᠣᠶᠠᠭᠤᠯᠠ ᠴᠠᠭᠠᠱᠢ ᠳᠠᠪᠬᠢᠵᠠᠢ᠃ ᠦᠨᠡᠭᠡ ᠬᠦᠦ ᠬᠣᠶᠠᠭᠤᠯᠠ ᠳᠠᠪᠬᠢᠭᠰᠠᠭᠠᠷ ᠪᠠᠢᠲᠠᠯ᠎ᠠ ᠭᠡᠨᠡᠳᠲᠡᠬᠡᠨ ᠦᠨᠡᠭᠡ᠄《ᠵᠠ᠂ ᠴᠢ ᠡᠨᠳᠡ ᠪᠡᠨ ᠪᠠᠢᠵᠤ ᠪᠠᠢ᠂ ᠪᠢ ᠣᠴᠢᠭᠠᠳ ᠬᠠᠭᠠᠨ ᠲᠠᠢ ᠠᠭᠤᠯᠵᠠᠭᠠᠳ ᠢᠷᠡᠶ᠎ᠡ》ᠭᠡᠳ ᠬᠠᠭᠠᠨ ᠤ᠋ ᠣᠷᠳᠣᠨ ᠤᠷᠤᠭᠤ ᠶᠠᠪᠤᠵᠠᠢ᠃ ᠦᠨᠡᠭᠡ ᠬᠠᠭᠠᠨ ᠤ᠋ ᠣᠷᠳᠣᠨ ᠳ᠋ᠤ᠌ ᠣᠷᠣᠭᠠᠳ᠄《ᠬᠠᠭᠠᠨᠲᠠᠨ ᠮᠢᠨᠢ᠂ ᠬᠠᠭᠠᠨᠲᠠᠨ ᠮᠢᠨᠢ᠂ ᠲᠠᠨ ᠤ᠋ ᠠᠪᠠᠬᠠᠢ ᠶ᠋ᠢ ᠭᠤᠶᠤᠬᠤ ᠪᠠᠷ ᠢᠷᠡᠵᠦ ᠶᠠᠪᠤᠭᠰᠠᠨ ᠨᠣᠶᠠᠨᠲᠠᠨ ᠵᠠᠮ ᠵᠠᠭᠤᠷ᠎ᠠ ᠳᠦ ᠪᠠᠨ ᠳᠡᠭᠡᠷᠡᠮᠴᠢᠳ ᠲᠦ᠍ ᠳᠡᠭᠡᠷᠡᠮᠳᠡᠭᠦᠯᠦᠭᠡᠳ ᠬᠠᠮᠤᠭ ᠬᠤᠪᠴᠠᠰᠤ ᠬᠤᠨᠠᠷ ᠨᠢ ᠪᠠᠢᠬᠤ ᠦᠭᠡᠢ᠂ ᠲᠡᠭᠡᠭᠡᠳ ᠨᠠᠭᠠᠰᠢ ᠪᠠᠨ ᠴᠢᠷᠮᠡᠨ ᠨᠢᠴᠦᠭᠦᠨ ᠢᠷᠡᠬᠦ ᠪᠣᠯᠤᠭᠰᠠᠨ ᠪᠣᠯᠬᠣᠷ ᠢᠴᠢᠭᠡᠳ ᠬᠡᠭᠡᠷ᠎ᠡ ᠬᠡᠪᠲᠡᠵᠦ ᠪᠠᠢᠨ᠎ᠠ᠂ ᠶᠠᠭᠠᠬᠢᠬᠤ ᠤᠤ? ᠬᠠᠭᠠᠨᠲᠠᠨ ᠮᠢᠨᠢ》ᠭᠡᠰᠡᠨ ᠳ᠋ᠦ᠍ ᠬᠠᠭᠠᠨ᠄《ᠰᠢᠷ᠎ᠠ ᠲᠣᠷᠭᠠᠨ ᠳᠡᠪᠡᠯ ᠠᠪᠠᠴᠢᠵᠤ ᠥᠭ》ᠭᠡᠵᠦ ᠲᠤᠰᠢᠶᠠᠵᠠᠢ᠃ ᠬᠠᠭᠠᠨ ᠤ᠋ ᠥᠭᠭᠦᠭᠰᠡᠨ ᠳᠡᠪᠡᠯ ᠢ ᠶᠠᠳᠠᠭᠤ ᠪᠣᠷᠣ ᠬᠦᠦ ᠳ᠋ᠡᠭᠡᠨ ᠡᠮᠦᠰᠬᠡᠬᠦ ᠳ᠋ᠦ᠍ ᠬᠦᠦ ᠳᠡᠪᠡᠯ ᠢ᠋ᠶ᠋ᠡᠷ ᠢᠮᠡᠷᠴᠦ᠄《ᠪᠢ ᠡᠨᠡ ᠶᠠᠪᠤᠭ᠎ᠠ ᠨᠠᠰᠤᠨ ᠳ᠋ᠠᠭᠠᠨ ᠡᠢᠮᠦ ᠰᠠᠢᠬᠠᠨ ᠳᠡᠪᠡᠯ ᠡᠮᠦᠰᠴᠦ ᠦᠵᠡᠭᠰᠡᠨ ᠦᠭᠡᠢ》ᠭᠡᠰᠡᠨ ᠳ᠋ᠦ᠍ ᠦᠨᠡᠭᠡ᠄《ᠵᠠ᠂ ᠪᠣᠷᠣ ᠬᠦᠦ ᠮᠢᠨᠢ᠂ ᠪᠠᠶᠠᠨ ᠬᠥᠮᠦᠨ ᠰᠢᠭ ᠪᠠᠢᠨ᠎ᠠ ᠰᠢᠦ》ᠭᠡᠵᠡᠢ᠃ ᠢᠩᠭᠢᠭᠡᠳ ᠨᠠᠢᠷ ᠬᠤᠷᠢᠮ ᠴᠤ᠌ ᠡᠬᠢᠯᠡᠵᠡᠢ ᠭᠡᠨ᠎ᠡ᠂ ᠬᠤᠷᠢᠮ ᠨᠠᠢᠷ ᠡᠬᠢᠯᠡᠵᠦ ᠬᠥᠭᠡᠷᠦᠬᠦᠢ ᠪᠣᠷᠣ ᠬᠦᠦ ᠣᠯᠠᠨ ᠬᠥᠮᠦᠨ ᠦ᠌ ᠳᠤᠮᠳᠠ ᠰᠠᠭᠤᠬᠤ ᠳᠦ ᠪᠡᠨ ᠰᠢᠷ᠎ᠠ ᠲᠣᠷᠭᠠᠨ ᠳᠡᠪᠡᠯ ᠪᠠᠢᠲᠤᠭᠠᠢ᠂ ᠰᠢᠷ᠎ᠠ ᠢᠰᠡᠭᠡᠢ ᠳᠡᠪᠡᠯ ᠡᠮᠦᠰᠴᠦ ᠦᠵᠡᠭᠡ ᠦᠭᠡᠢ ᠪᠣᠯᠬᠣᠷ᠂ ᠳᠡᠪᠡᠯ ᠢ᠋ᠶ᠋ᠡᠷ ᠪᠠᠢᠨ ᠪᠠᠢᠨ ᠬᠠᠷᠠᠵᠤ᠂ ᠢᠮᠡᠷᠴᠦ᠂ ᠴᠢᠮᠬᠢᠵᠦ ᠦᠵᠡᠬᠦ ᠡᠴᠡ ᠡᠬᠡᠨᠡᠷ ᠠᠪᠴᠤ ᠪᠠᠢᠨ᠎ᠠ ᠭᠡᠳᠡᠭ ᠢ᠋ᠶ᠋ᠡᠷ ᠮᠠᠷᠲᠠᠭᠰᠠᠨ ᠰᠢᠨᠵᠢᠲᠡᠢ ᠪᠠᠢᠭ᠎ᠠ ᠶ᠋ᠢ ᠦᠨᠡᠭᠡ ᠠᠵᠢᠵᠤ ᠢᠴᠢᠬᠦ ᠳ᠋ᠦ᠍ ᠪᠡᠨ᠄《ᠨᠣᠶᠠᠨᠲᠠᠨ ᠮᠢᠨᠢ᠂ ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ ᠂ ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ ᠶᠦ᠍ᠮ ᠳᠡ᠃ ᠲᠣᠷᠭ᠎ᠠ ᠲᠣᠭᠣᠵᠤ ᠡᠮᠦᠰᠳᠡᠭ ᠦᠭᠡᠢ ᠪᠠᠢᠭᠰᠠᠨ᠂ ᠲᠣᠷᠭᠠᠨ ᠰᠢᠷ᠎ᠠ ᠳᠡᠪᠡᠯ ᠰᠣᠨᠢᠨ ᠪᠠᠢᠨ᠎ᠠ ᠤᠤ?》ᠭᠡᠰᠡᠨ ᠳ᠋ᠦ᠍ ᠪᠣᠷᠣ ᠬᠦᠦ ᠨᠡᠯᠢᠶᠡᠳ ᠰᠠᠨᠳᠤᠷᠤᠭᠰᠠᠨ ᠰᠢᠨᠵᠢᠲᠡᠢ᠄《ᠦᠭᠡᠢ᠂ ᠨᠡᠭᠡᠷᠡᠨ᠂ ᠨᠡᠭᠡᠷᠡᠨ ᠲᠡᠢᠮᠦ ᠰᠢᠦ》ᠭᠡᠵᠡᠢ᠃ ᠢᠩᠭᠢᠭᠡᠳ ᠬᠤᠷᠢᠮ ᠨᠠᠢᠷ ᠴᠤ᠌ ᠳᠠᠭᠤᠰᠴᠤ᠂ ᠬᠤᠷᠮᠤᠰᠲᠠ ᠲᠩᠷᠢ ᠶ᠋ᠢᠨ ᠬᠠᠭᠠᠨ ᠠᠴᠢᠶ᠎ᠠ ᠪᠠᠷᠠᠭ᠎ᠠ ᠪᠠᠨ ᠲᠡᠭᠡᠭᠡᠵᠦ᠂ ᠥᠬᠢᠨ ᠢ᠋ᠶ᠋ᠡᠷ᠂ ᠬᠦᠷᠭᠡᠨ ᠬᠦᠦ ᠶ᠋ᠢᠨ ᠳ᠋ᠦ᠍ ᠬᠦᠷᠭᠡᠵᠦ ᠥᠭᠬᠦ ᠪᠡᠷ ᠮᠣᠷᠳᠠᠬᠤ ᠳ᠋ᠤ᠌ ᠠᠷᠭᠠᠲᠤ ᠰᠢᠷ᠎ᠠ ᠦᠨᠡᠭᠡ᠄《ᠪᠢ ᠤᠷᠢᠳ ᠢ᠋ᠶ᠋ᠠᠷ ᠣᠴᠢᠵᠤ᠂ ᠠᠶᠠᠭ᠎ᠠ ᠲᠠᠪᠢᠯᠭ᠎ᠠ ᠶ᠋ᠢᠨ ᠵᠦᠢᠯ ᠢ᠋ ᠪᠡᠯᠡᠳᠬᠡᠵᠦ ᠪᠠᠢᠶ᠎ᠠ ᠳᠠ 》ᠭᠡᠳ ᠳᠠᠪᠬᠢᠨ ᠣᠳᠴᠠᠢ᠃ ᠢᠩᠭᠢᠭᠡᠳ ᠦᠨᠡᠭᠡ ᠶ᠋ᠢ ᠳᠠᠪᠬᠢᠵᠤ ᠶᠠᠪᠤᠲᠠᠯ᠎ᠠ ᠨᠢᠭᠡᠨ ᠬᠣᠨᠢᠴᠢᠨ ᠡᠪᠦᠭᠡᠨ ᠲᠠᠭᠠᠷᠠᠯᠳᠤᠭᠠᠳ᠄ 《ᠬᠥᠶᠢ᠂ ᠠᠷᠭᠠᠲᠤ ᠰᠢᠷ᠎ᠠ ᠦᠨᠡᠭᠡ᠂ ᠶᠠᠭᠤᠨ ᠠ᠋ᠴᠠ ᠴᠢ ᠢᠩᠭᠢᠲᠡᠯ᠎ᠡ ᠪᠡᠨ ᠠᠶᠤᠭᠠᠳ ᠬᠤᠷᠳᠤᠯᠠᠵᠤ ᠶᠠᠪᠤᠭ᠎ᠠ ᠶᠤᠮ᠂ ᠠ》《ᠦᠭᠡᠢ᠂ ᠴᠠᠭᠠᠨ᠎ᠠ ᠴᠢᠨᠢ᠂ ᠡᠪᠦᠭᠡᠨ ᠭᠤᠸᠠᠢ᠂ ᠬᠤᠷᠮᠤᠰᠲᠠ ᠲᠩᠷᠢ ᠶ᠋ᠢᠨ ᠬᠠᠭᠠᠨ ᠲᠠᠨ ᠤ᠋ ᠮᠠᠩᠭᠤᠰ ᠢ᠋ ᠪᠠᠰᠠ ᠲᠠ ᠨᠠᠷ ᠢ᠋ ᠨᠢᠷᠭᠡᠬᠦ ᠭᠡᠳ ᠢᠷᠡᠵᠦ ᠶᠠᠪᠤᠨ᠎ᠠ ᠰᠢᠦ ᠳᠡ᠂ ᠲᠡᠭᠡᠭᠡᠳ ᠪᠢ ᠬᠣᠮᠣᠷᠭᠠᠨ ᠳ᠋ᠤ᠌ ᠨᠢ ᠣᠷᠣᠴᠢᠬᠠᠬᠤ ᠪᠣᠢ ᠯᠠ ᠭᠡᠳ ᠰᠠᠨᠳᠤᠷᠴᠤ ᠶᠠᠪᠤᠨ᠎ᠠ》ᠭᠡᠰᠡᠨ ᠳ᠋ᠦ᠍ ᠡᠪᠦᠭᠡᠨ᠄《ᠠᠢ᠂ ᠠᠷᠭᠠᠲᠤ ᠰᠢᠷ᠎ᠠ᠂ ᠠᠷᠭᠠᠲᠤ ᠰᠢᠷ᠎ᠠ ᠮᠢᠨᠢ᠂ ᠴᠢ ᠠᠷᠭ᠎ᠠ ᠵᠢᠭᠠᠵᠤ ᠠᠯᠢ᠂ ᠪᠢ ᠣᠳᠣ ᠂ ᠬᠥᠭᠰᠢᠨ ᠪᠢ ᠶᠠᠭᠠᠬᠢᠪᠠᠯ ᠠᠮᠢᠳᠤ ᠭᠠᠷᠬᠤ ᠪᠣᠢ ᠬᠥ᠋ ᠠ》ᠭᠡᠵᠦ ᠡᠪᠦᠭᠡᠨ ᠢ᠋ ᠬᠡᠯᠡᠲᠡᠯ᠎ᠡ ᠦᠨᠡᠭᠡ᠄《ᠡᠪᠦᠭᠡᠨ ᠭᠤᠸᠠᠢ᠂ ᠭᠠᠭᠴᠠ ᠠᠷᠭ᠎ᠠ ᠪᠠᠢᠨ᠎ᠠ᠂ ᠲᠠ ᠬᠤᠷᠮᠤᠰᠲᠠ ᠲᠩᠷᠢ ᠶ᠋ᠢᠨ ᠬᠠᠭᠠᠨ ᠡᠨᠡ ᠬᠡᠨ ᠦ᠌ ᠬᠣᠨᠢ ᠪᠣᠢ ᠭᠡᠵᠦ ᠠᠰᠠᠭᠤᠪᠠᠯ᠂ ᠡᠨᠡ ᠪᠣᠷᠣᠯᠳᠠᠢ ᠪᠠᠶᠠᠨ ᠤ᠋ ᠬᠣᠨᠢ ᠭᠡᠵᠦ ᠬᠠᠷᠢᠭᠤᠯ᠂ ᠲᠡᠭᠡᠬᠦ ᠶᠦᠮ ᠪᠣᠯ ᠲᠠ ᠠᠮᠢ ᠥᠷᠥᠰᠢᠶᠡᠭᠳᠡᠨᠡ᠂ ᠶᠠᠭᠠᠬᠢᠭᠠᠳ ᠭᠡᠪᠡᠯ ᠪᠣᠷᠣᠯᠳᠠᠢ ᠪᠠᠶᠠᠨ ᠬᠤᠷᠮᠤᠰᠲᠠ ᠲᠩᠷᠢ ᠶ᠋ᠢᠨ ᠬᠦᠷᠭᠡᠨ ᠶᠦᠮ ᠰᠢᠦ ᠳᠡ᠂ ᠬᠡᠷᠪᠡ ᠲᠠ ᠮᠠᠩᠭᠤᠰ ᠤ᠋ᠨ ᠬᠢ ᠭᠡᠵᠦ ᠬᠠᠷᠢᠭᠤᠯᠪᠠᠯ᠂ ᠲᠡᠷᠡ ᠳᠣᠣᠷ᠎ᠠ ᠴᠢᠨᠢ ᠨᠢᠷᠭᠡᠨ᠎ᠡ ᠰᠢᠦ᠂ ᠬᠠᠷᠢᠨ ᠪᠤᠰᠤᠳ ᠮᠠᠯᠴᠢᠳ ᠲᠤ᠌ ᠪᠠᠨ ᠡᠭᠦᠨ ᠢ᠋ ᠰᠠᠢᠨ ᠬᠡᠯᠡᠭᠡᠷᠡᠢ᠃ ᠲᠡᠭᠡᠬᠦ ᠦᠭᠡᠢ ᠪᠣᠯ ᠰᠦᠢᠳ ᠪᠣᠯᠤᠨ᠎ᠠ ᠰᠢᠦ ᠭᠡᠵᠦ ᠬᠡᠯᠡᠭᠡᠳ ᠴᠠᠭᠠᠱᠢ ᠳᠠᠪᠬᠢᠨ ᠣᠳᠴᠠᠢ ᠭᠡᠨ᠎ᠡ᠃ ᠢᠩᠭᠢᠭᠡᠳ ᠦᠨᠡᠭᠡ ᠶ᠋ᠢ ᠴᠠᠭᠠᠱᠢ ᠳᠠᠪᠬᠢᠨ ᠶᠠᠪᠤᠲᠠᠯ᠎ᠠ ᠮᠠᠩᠭᠤᠰ ᠲᠡᠭᠦᠨ ᠲᠡᠢ ᠲᠠᠭᠠᠷᠠᠯᠳᠤᠵᠠᠢ ᠭᠡᠨ᠎ᠡ᠃《ᠦᠭᠡᠢ᠂ ᠠᠷᠭᠠᠲᠤ ᠰᠢᠷ᠎ᠠ᠂ ᠴᠢ ᠶᠠᠭᠤᠨ ᠳ᠋ᠤ᠌ ᠪᠠᠨ ᠢᠩᠭᠢᠵᠦ ᠰᠠᠨᠳᠤᠷᠴᠤ ᠵᠢᠭᠤᠲᠠᠨ᠎ᠠ ᠪᠣᠢ? ᠠ》《ᠠᠢ᠂ ᠮᠠᠩᠭᠤᠰ ᠤ᠋ᠨ ᠬᠠᠭᠠᠨ ᠮᠢᠨᠢ᠂ ᠴᠠᠭᠠᠨ᠎ᠠ ᠴᠢᠨᠢ ᠰᠦᠢᠳ ᠪᠣᠯᠵᠤ ᠪᠠᠢᠨ᠎ᠠ᠂ ᠬᠤᠷᠮᠤᠰᠲᠠ ᠲᠩᠷᠢ ᠴᠢᠮ᠎ᠠ ᠶ᠋ᠢ ᠨᠢᠷᠭᠡᠬᠦ ᠭᠡᠳ ᠨᠠᠭᠠᠰᠢ ᠪᠠᠨ ᠢᠷᠡᠵᠦ ᠶᠠᠪᠤᠨ᠎ᠠ ᠰᠢᠦ ᠳᠡ᠂ ᠲᠡᠭᠡᠭᠡᠳ ᠪᠢ ᠬᠣᠮᠣᠷᠭᠠᠨ ᠳᠤ ᠨᠢ ᠥᠷᠲᠥᠬᠦ ᠦᠭᠡᠢ ᠶ᠋ᠢᠨ ᠲᠤᠯᠠᠳᠠ ᠯᠠ ᠢᠩᠭᠢᠵᠦ ᠵᠢᠭᠤᠲᠠᠵᠤ ᠶᠠᠪᠤᠨ᠎ᠠ》ᠭᠡᠰᠡᠨ ᠳ᠋ᠦ᠍ ᠮᠠᠩᠭᠤᠰ᠄《ᠠᠢ᠂ ᠲᠡᠢᠮᠦ ᠤᠤ᠂ ᠠᠢ ᠴᠢ᠂ ᠠᠢ᠂ ᠠᠷᠭᠠᠲᠠᠢ᠂ ᠤᠬᠠᠭᠠᠨᠲᠠᠢ ᠦᠨᠡᠭᠡ ᠪᠠᠢᠨ᠎ᠠ ᠴᠢ᠂᠂ᠶᠠᠭᠠᠬᠢᠪᠠᠯ ᠳᠡᠭᠡᠷ᠎ᠡ ᠪᠣᠢ?ᠬᠡᠯᠡᠭᠡᠳ ᠥᠭ ᠠ᠋᠂ ᠬᠡᠯᠡᠭᠡᠳ ᠠᠯᠢ᠂ ᠬᠡᠯᠡᠭᠡᠳ ᠠᠯᠢ》 ᠭᠡᠰᠡᠨ ᠳ᠋ᠦ᠍ ᠠᠷᠭᠠᠲᠤ ᠰᠢᠷ᠎ᠠ᠄《ᠲᠠ ᠮᠢᠨᠦ ᠦᠭᠡᠨ ᠳ᠋ᠦ᠍ ᠬᠡᠷᠪᠡ ᠣᠷᠣᠬᠤ ᠶᠤᠮ ᠪᠣᠯ ᠪᠢ ᠲᠠᠨ ᠳ᠋ᠤ᠌ ᠭᠠᠭᠴᠠ ᠠᠷᠭ᠎ᠠ ᠵᠢᠭᠠᠵᠤ ᠦᠭᠬᠦᠶ᠎ᠡ᠂ ᠬᠤᠷᠮᠤᠰᠲᠠ ᠬᠠᠭᠠᠨ ᠢ᠋ ᠢᠷᠡᠬᠦ ᠡᠴᠡ ᠡᠮᠦᠨ᠎ᠡ ᠲᠠ ᠨᠢᠭᠤᠭᠳᠠ》 《ᠦᠭᠡᠢ᠂ ᠪᠢ ᠶᠠᠭᠠᠬᠢᠵᠤ ᠂ ᠬᠠᠮᠢᠭ᠎ᠠ ᠶᠠᠭᠠᠬᠢᠵᠤ ᠨᠢᠭᠤᠭᠳᠠᠬᠤ ᠶᠤᠮ ᠪᠣᠢ?》《ᠠᠯᠢᠪ᠂ ᠪᠤᠰᠢᠭᠤᠯᠠ ᠠ᠋᠂ ᠪᠤᠰᠢᠭᠤᠯᠠ᠂ ᠡᠨᠳᠡ ᠨᠢᠭᠡ ᠲᠣᠮᠣ ᠨᠦᠬᠡ ᠤᠬᠤᠭᠠᠳ ᠪᠤᠰᠢᠭᠤᠬᠠᠨ ᠲᠠᠢᠰᠢ ᠪᠠᠨ ᠣᠷᠣ᠂ ᠲᠡᠭᠡᠭᠡᠳ ᠲᠡᠨᠳᠡ ᠪᠡᠨ ᠳᠣᠯᠣᠭ᠎ᠠ ᠬᠣᠨᠣᠭ ᠴᠢᠮᠡᠭᠡ ᠦᠭᠡᠢ ᠰᠠᠭᠤ᠂ ᠲᠡᠭᠡᠬᠦ ᠶᠦᠮ ᠪᠣᠯ ᠲᠠ᠂ ᠲᠠ ᠠᠮᠢᠳᠤ ᠭᠠᠷᠤᠨ᠎ᠠ ᠰᠢᠦ᠂ ᠲᠡᠷᠡ ᠬᠣᠭᠣᠷᠣᠨᠳᠣ ᠪᠢ ᠨᠢᠭᠡ ᠠᠷᠭ᠎ᠠ ᠪᠣᠳᠣᠶ᠎ᠠ ᠭᠡᠵᠡᠢ᠃ ᠢᠩᠭᠢᠭᠡᠳ ᠮᠠᠩᠭᠤᠰ ᠨᠦᠬᠡᠨ ᠳᠤ ᠣᠷᠣᠵᠤ ᠨᠢᠭᠤᠭᠳᠠᠵᠠᠢ ᠭᠡᠨ᠎ᠡ᠃ ᠬᠤᠷᠮᠤᠰᠲᠠ ᠶ᠋ᠢᠨ ᠬᠠᠭᠠᠨ ᠴᠤ᠌ ᠢᠷᠡᠵᠦ ᠪᠣᠷᠣ ᠬᠦᠦ ᠶ᠋ᠢᠨ ᠭᠡᠷ ᠢ᠋ ᠪᠣᠰᠬᠠᠵᠤ᠂ ᠬᠤᠷᠢᠮ ᠨᠠᠢᠷ ᠬᠢᠵᠦ ᠲᠡᠭᠷᠢ ᠶ᠋ᠢᠨ ᠵᠣᠴᠢᠳ ᠪᠤᠴᠠᠬᠤ ᠶᠠᠭ ᠲᠡᠷᠡ ᠦᠶ᠎ᠡ ᠳ᠋ᠦ᠍ ᠭᠠᠵᠠᠷ ᠳᠣᠣᠷ᠎ᠠ ᠠ᠋ᠴᠠ ᠨᠢᠭᠡᠨ ᠪᠢᠲᠡᠭᠦᠦ ᠴᠢᠮᠡᠭᠡ ᠰᠣᠨᠣᠰᠳᠠᠵᠤ ᠭᠡᠨ᠎ᠡ᠃《ᠦ ᠦ᠂ ᠦ ᠦ᠂ ᠪᠤᠵᠢᠭᠢᠷ ᠬᠦᠦ᠂ ᠥ ᠥ》ᠭᠡᠰᠡᠨ ᠦᠭᠡ ᠨᠢ ᠦᠯᠦ ᠣᠢᠯᠠᠭᠠᠭᠳᠠᠬᠤ ᠪᠢᠲᠡᠭᠦᠦ ᠴᠢᠮᠡᠭᠡ ᠭᠠᠷᠴᠠᠢ᠃ ᠲᠡᠭᠡᠲᠡᠯ᠎ᠡ ᠬᠤᠷᠮᠤᠰᠲᠠ ᠶ᠋ᠢᠨ ᠬᠠᠭᠠᠨ᠄《ᠡᠨᠡ᠂ ᠡᠨᠡ ᠶᠠᠭᠤᠨ ᠴᠢᠮᠡᠭᠡ ᠪᠢᠯᠡ᠂ ᠡᠨᠡ ᠭᠠᠵᠠᠷ ᠳᠣᠣᠷ᠎ᠠ ᠠ᠋ᠴᠠ ᠶᠠᠭᠤᠨ ᠴᠢᠮᠡᠭᠡ ᠭᠠᠷᠤᠭᠠᠳ ᠪᠠᠢᠨ᠎ᠠ》ᠭᠡᠰᠡᠨ ᠳ᠋ᠦ᠍ ᠦᠨᠡᠭᠡ᠄《ᠠ᠋ ᠠ᠋᠂ ᠲᠡᠭᠷᠢ ᠶ᠋ᠢᠨ ᠬᠠᠭᠠᠨ ᠮᠢᠨᠢ᠂ ᠬᠣᠶᠠᠷ ᠬᠡᠦᠬᠡᠳ ᠦ᠋ᠨ ᠮᠢᠨᠢ ᠵᠠᠯᠠᠨ ᠳᠣᠣᠷ᠎ᠠ ᠠᠳᠠ ᠴᠢᠳᠬᠥᠷ ᠲᠡᠢ ᠪᠣᠯᠵᠠᠢ᠃ ᠲᠡᠭᠡᠭᠡᠳ ᠡᠳᠡᠨ ᠦ᠌ ᠡᠳᠡᠨ ᠦ᠌ ᠦᠬᠡᠷ ᠲᠤᠩ ᠥᠰᠴᠦ ᠥᠭᠳᠡᠭ ᠦᠭᠡᠢ ᠶᠦ᠍ᠮ᠃ ᠦᠭᠡᠢ ᠂ᠲᠠ ᠡᠨᠡ ᠨᠢᠭᠡ ᠴᠢᠳᠬᠥᠷ ᠢ᠋ ᠳᠠᠷᠤᠵᠤ ᠥᠭᠭᠦᠭᠡᠴᠢ》ᠭᠡᠵᠦ ᠲᠩᠷᠢ ᠶ᠋ᠢᠨ ᠬᠠᠭᠠᠨ ᠵᠠᠷᠯᠢᠭ ᠪᠠᠭᠤᠯᠭᠠᠵᠤ ᠯᠤᠤ ᠪᠠᠨ ᠳᠠᠭᠤᠳᠠᠭᠠᠳ ᠮᠠᠩᠭᠤᠰ ᠤ᠋ᠨ ᠪᠠᠢᠭ᠎ᠠ ᠭᠠᠵᠠᠷ ᠢ᠋ ᠨᠢᠷᠭᠡᠭᠦᠯᠵᠡᠢ᠃
ᠠᠷᠭᠠᠲᠤ ᠰᠢᠷ᠎ᠠ ᠦᠨᠡᠭᠡ ᠥᠨᠥᠴᠢᠨ ᠪᠣᠷᠣ ᠬᠦᠦ ᠳ᠋ᠦ᠍ ᠠᠮᠢ ᠪᠠᠨ ᠠᠪᠤᠷᠠᠭᠤᠯᠤᠭᠰᠠᠨ ᠤ᠋ ᠠᠴᠢ ᠶ᠋ᠢ ᠢᠩᠭᠢᠵᠦ ᠬᠠᠷᠢᠭᠤᠯᠵᠤ᠂ ᠳᠤᠮᠳᠠ ᠲᠢᠪ ᠦ᠋ᠨ ᠬᠠᠮᠤᠭ ᠤ᠋ᠨ ᠪᠠᠶᠠᠨ᠂ ᠪᠣᠷᠣᠯᠳᠠᠢ ᠪᠠᠶᠠᠨ ᠪᠣᠯᠭᠠᠵᠤ᠂ ᠲᠩᠷᠢ ᠶ᠋ᠢᠨ ᠳᠠᠭᠢᠨᠢ ᠲᠠᠢ ᠲᠡᠭᠦᠨ ᠢ᠋ ᠭᠡᠷᠯᠡᠭᠦᠯᠵᠦ ᠠᠮᠤᠷ ᠰᠠᠢᠬᠠᠨ ᠳᠦ ᠪᠠᠨ ᠵᠢᠷᠭᠠᠭᠰᠠᠨ ᠭᠡᠳᠡᠭ᠃
ᠦᠰᠦᠭ ᠠᠮᠢᠯᠠᠭᠤᠯᠤᠭᠰᠠᠨ ᠨᠢ᠄ᠲᠦᠮᠡᠨᠴᠡᠴᠡᠭ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠰᠠᠨ ᠨᠢ᠄ ᠢᠷᠡᠭᠡᠳᠦᠢ
