ᠨᠥᠬᠥᠷ ᠪᠢ ᠬᠣᠶᠠᠷ - ᠬᠣᠱᠣᠩ ᠰᠢᠯᠦᠭНөхөр би хоёр-хошин шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠥᠬᠥᠷ ᠪᠢ ᠬᠣᠶᠠᠷ - ᠬᠣᠱᠣᠩ ᠰᠢᠯᠦᠭНөхөр би хоёр-хошин шүлэг

ᠨᠥᠬᠥᠷ ᠪᠢ ᠬᠣᠶᠠᠷ - ᠬᠣᠱᠣᠩ ᠰᠢᠯᠦᠭНөхөр би хоёр-хошин шүлэг

2023-09-02

289

ᠨᠥᠬᠥᠷ ᠪᠢ ᠬᠣᠶᠠᠷ

    ᠬᠣᠱᠣᠩ ᠰᠢᠯᠦᠭ
ᠨᠥᠬᠥᠷ ᠭᠠᠳᠠᠭᠤᠷ ᠶᠠᠪᠤᠬᠤ ᠪᠠᠷ ᠠᠵᠢᠯ ᠠᠮᠵᠢᠭᠤᠯᠤᠭᠰᠠᠨ ᠪᠣᠯᠳᠠᠭ 
ᠪᠢ ᠭᠠᠳᠠᠭᠤᠷ ᠭᠠᠷᠬᠤ ᠪᠠᠷ ᠬᠡᠢ ᠳᠡᠮᠡᠢ ᠲᠡᠨᠦᠭᠰᠡᠨ ᠪᠣᠯᠳᠠᠭ 
ᠨᠥᠬᠥᠷ ᠤᠲᠠᠰᠤ ᠪᠠᠷ ᠶᠠᠷᠢᠬᠤ ᠪᠠᠷ ᠠᠵᠢᠯ ᠶᠠᠷᠢᠭᠰᠠᠨ ᠪᠣᠯᠳᠠᠭ 
ᠪᠢ ᠤᠲᠠᠰᠤ ᠪᠠᠷ ᠶᠠᠷᠢᠬᠤ ᠪᠠᠷ ᠵᠦᠭᠡᠷ ᠴᠠᠯᠴᠢᠭᠰᠠᠨ ᠪᠣᠯᠳᠠᠭ 
ᠨᠥᠬᠥᠷ ᠭᠡᠷ ᠴᠡᠪᠡᠷᠯᠡᠬᠦ ᠪᠡᠷ ᠴᠡᠪᠡᠷᠴᠢ ᠬᠥᠮᠦᠨ ᠪᠣᠯᠳᠠᠭ 
ᠪᠢ ᠭᠡᠷ ᠴᠡᠪᠡᠷᠯᠡᠬᠦ ᠪᠡᠷ ᠣᠩᠭᠣᠳ ᠨᠢ ᠣᠷᠣᠭᠰᠠᠨ ᠪᠣᠯᠳᠠᠭ 
ᠨᠥᠬᠥᠷ ᠴᠢᠩᠭ᠎ᠠ ᠳᠤᠤᠭᠠᠷᠪᠠᠯ ᠥᠯᠥᠰᠴᠦ ᠴᠠᠩᠭᠠᠭᠰᠠᠨ ᠪᠣᠯᠳᠠᠭ 
ᠪᠢ ᠴᠢᠩᠭ᠎ᠠ ᠳᠤᠤᠭᠠᠷᠪᠠᠯ ᠬᠡᠷᠡᠭᠦᠯ ᠡᠳᠦᠭᠰᠡᠨ ᠪᠣᠯᠳᠠᠭ
ᠨᠥᠬᠥᠷ ᠮᠥᠩᠭᠥ ᠬᠤᠷᠢᠶᠠᠪᠠᠯ ᠠᠷᠪᠢᠴᠢ ᠬᠢᠮᠠᠭᠠᠴᠢ ᠪᠣᠯᠳᠠᠭ
ᠪᠢ ᠮᠥᠩᠭᠥ ᠬᠤᠷᠢᠶᠠᠪᠠᠯ ᠮᠥᠩᠭᠥ ᠰᠠᠯᠲᠠᠯᠠᠵᠤ᠂ ᠨᠠᠷᠢᠯᠠᠭᠰᠠᠨ ᠪᠣᠯᠳᠠᠭ
ᠨᠥᠬᠥᠷ ᠢᠨᠢᠶᠡᠳᠦ ᠠᠯᠠᠳᠠᠪᠠᠯ ᠬᠥᠭᠡᠷᠦᠬᠦᠨ ᠠᠭᠠᠰᠢ ᠲᠠᠢ ᠵᠠᠯᠠᠭᠤ ᠪᠣᠯᠳᠠᠭ
ᠪᠢ ᠢᠨᠢᠶᠡᠳᠦ ᠠᠯᠠᠳᠠᠪᠠᠯ ᠠᠭᠠᠯᠢ ᠦᠭᠡᠢ ᠬᠡᠦᠬᠡᠨ ᠪᠣᠯᠳᠠᠭ
ᠨᠥᠬᠥᠷ ᠰᠠᠩᠬᠦᠦ ᠪᠡᠨ ᠪᠠᠷᠢᠪᠠᠯ ᠬᠦᠷᠭᠡᠭᠡᠳ ᠠᠮᠢᠳᠤᠷᠠᠯ ᠪᠣᠯᠳᠠᠭ
ᠪᠢ ᠰᠠᠩᠬᠦᠦ ᠪᠡᠨ ᠪᠠᠷᠢᠪᠠᠯ ᠦᠷᠦᠭᠡᠳ ᠠᠮᠢᠰᠬᠤᠭ᠎ᠠ ᠪᠣᠯᠳᠠᠭ
ᠨᠥᠬᠥᠷ ᠬᠡᠦᠬᠡᠳ ᠢ᠋ᠶ᠋ᠡᠨ ᠬᠠᠷᠠᠬᠤ ᠪᠠᠷ ᠬᠡᠦᠬᠡᠳ ᠢ᠋ᠶ᠋ᠡᠨ ᠬᠠᠷᠠᠳᠠᠭ ᠮᠤᠨᠳᠠᠭ ᠵᠠᠯᠠᠭᠤ
ᠪᠢ ᠬᠡᠦᠬᠡᠳ ᠢ᠋ᠶ᠋ᠡᠨ ᠬᠠᠷᠠᠬᠤ ᠪᠠᠷ ᠭᠡᠷ ᠲᠦ᠍ ᠪᠡᠨ ᠵᠦᠭᠡᠷ ᠰᠠᠭᠤᠭᠰᠠᠨ ᠠᠪᠤᠭᠠᠢ ᠪᠣᠯᠳᠠᠭ
ᠨᠥᠬᠥᠷ ᠠᠮᠠᠷᠠᠭᠠᠳ ᠰᠠᠭᠤᠪᠠᠯ ᠠᠯᠵᠢᠶᠠᠯ ᠢ᠋ᠶ᠋ᠠᠨ ᠲᠠᠢᠯᠤᠭᠰᠠᠨ ᠪᠣᠯᠳᠠᠭ
ᠪᠢ ᠠᠮᠠᠷᠠᠭᠠᠳ ᠰᠠᠭᠤᠪᠠᠯ ᠠᠩᠭᠠᠢᠵᠤ ᠬᠡᠪᠲᠡᠭᠰᠡᠨ ᠪᠣᠯᠳᠠᠭ
ᠡᠨᠡ ᠭᠡᠬᠦ ᠳ᠋ᠦ᠍ ᠪᠡᠨ ᠦᠨᠡᠨ ᠲᠡᠢ ᠲᠤᠨᠴᠢᠭ ᠣᠢᠷᠠᠬᠠᠨ ᠰᠢᠯᠦᠭ ᠪᠠᠢᠨ᠎ᠠ.

ᠡᠬᠢ ᠰᠤᠷᠪᠤᠯᠵᠢ ᠄
ᠹᠦᠢᠰᠪᠦᠺ
https://www.facebook.com/100093162789425/videos/pcb.175602478888511/147565585062319