ᠥᠪᠥᠷ ᠬᠠᠩᠭᠠᠢ ᠶ᠋ᠢᠨ ᠮᠠᠭᠲᠠᠭᠠᠯ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠪᠥᠷ ᠬᠠᠩᠭᠠᠢ ᠶ᠋ᠢᠨ ᠮᠠᠭᠲᠠᠭᠠᠯ-ᠮᠠᠨᠳᠤᠬᠤ ᠪᠠᠭᠰᠢ ᠶᠢᠨ ᠤᠷᠠᠨ ᠪᠢᠴᠢᠯᠭᠡ

ᠥᠪᠥᠷ ᠬᠠᠩᠭᠠᠢ ᠶ᠋ᠢᠨ ᠮᠠᠭᠲᠠᠭᠠᠯ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-09-02

486

ᠥᠪᠥᠷ ᠬᠠᠩᠭᠠᠢ ᠶ᠋ᠢᠨ ᠮᠠᠭᠲᠠᠭᠠᠯ


    ᠦᠭᠡ ᠠᠶ᠎ᠠ᠄ ᠳ· ᠫᠦᠷᠪᠦᠳᠣᠷᠵᠢ  
    ᠳᠠᠭᠤᠴᠢᠨ᠄ ᠳ· ᠪᠥᠵᠢᠨ᠎ᠡ  

ᠰᠠᠢᠬᠠᠨ ᠬᠤᠨ ᠵᠢᠭᠦᠷ ᠠᠮᠠᠷᠠᠭᠠᠨ  
ᠰᠠᠩ ᠤ᠋ᠨ ᠳᠠᠯᠠᠢ ᠳ᠋ᠤ᠌ ᠴᠢᠭᠤᠯᠬᠤ ᠦᠶ᠎ᠡ ᠪᠡᠷ  
ᠲᠠᠩᠭᠢᠰ ᠲᠠᠯ᠎ᠠ ᠶ᠋ᠢᠨ ᠰᠦᠷᠦᠭ ᠪᠡᠯᠴᠢᠨ  
ᠲᠩᠷᠢ ᠶ᠋ᠢᠨ ᠵᠠᠭᠠᠳᠠᠰᠤ ᠰᠢᠭ᠋ ᠲᠣᠭᠣᠰᠣᠷᠠᠨ ᠪᠠᠢᠳᠠᠭ᠃  

ᠬᠥᠪᠴᠢ ᠨᠣᠭᠣᠭᠠᠨ ᠠᠭᠤᠯᠠ ᠶ᠋ᠢᠨ ᠬᠠᠩᠭᠠᠢ
ᠬᠥᠰᠢᠭᠡ ᠨᠣᠮᠢᠨ ᠲᠠᠯ᠎ᠠ ᠶ᠋ᠢᠨ ᠬᠠᠩᠭᠠᠢ
ᠠᠭᠤᠵᠢᠮ ᠴᠡᠩᠬᠡᠷ ᠭᠣᠪᠢ ᠶ᠋ᠢᠨ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ᠃

ᠨᠠᠮᠤᠷ ᠤ᠋ᠨ ᠬᠦᠢᠲᠡᠨ ᠠᠭᠤᠯᠠ ᠳᠤᠮᠳᠠ
ᠨᠠᠢ᠍ᠮᠠᠨ ᠨᠠᠭᠤᠷ ᠤᠢᠳᠬᠤ ᠴᠠᠭ ᠢ᠋ᠶ᠋ᠠᠷ
ᠨᠠᠷᠠᠨ ᠬᠠᠢᠯᠬᠤ ᠬᠣᠩᠭᠣᠷ ᠭᠣᠪᠢ ᠶ᠋ᠢᠨ
ᠨᠠᠷᠢᠨ ᠳᠠᠭᠠᠨ᠎ᠠ ᠨᠢ ᠬᠡᠨᠵᠢᠯᠡᠨ ᠪᠠᠢᠳᠠᠭ᠃

ᠬᠥᠪᠴᠢ ᠨᠣᠭᠣᠭᠠᠨ ᠠᠭᠤᠯᠠ ᠶ᠋ᠢᠨ ᠬᠠᠩᠭᠠᠢ
ᠬᠥᠰᠢᠭᠡ ᠨᠣᠮᠢᠨ ᠲᠠᠯ᠎ᠠ ᠶ᠋ᠢᠨ ᠬᠠᠩᠭᠠᠢ
ᠠᠭᠤᠵᠢᠮ ᠴᠡᠩᠬᠡᠷ ᠭᠣᠪᠢ ᠶ᠋ᠢᠨ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ᠃

ᠣᠷᠬᠣᠨ ᠭᠣᠣᠯ ᠤ᠋ᠨ ᠤᠨᠢᠶᠠᠷᠲᠤ ᠬᠥᠨᠳᠡᠢ ᠳ᠋ᠦ᠍
ᠣᠳᠣᠳ ᠣᠭᠰᠢᠬᠤ ᠬᠠᠪᠤᠷ ᠤ᠋ᠨ ᠦᠦᠷ ᠢ᠋ᠶ᠋ᠡᠷ
ᠠᠯᠲᠠᠨ ᠲᠦᠷᠦᠭᠦᠦ ᠬᠥᠷᠥᠰᠥ ᠪᠡᠨ ᠲᠦᠯᠬᠢᠨ
ᠠᠯᠤᠰ ᠤ᠋ᠨ ᠣᠳᠣ ᠰᠢᠭ᠋ ᠲᠦᠭᠡᠭᠰᠡᠨ ᠪᠠᠢᠳᠠᠭ᠃

ᠬᠥᠪᠴᠢ ᠨᠣᠭᠣᠭᠠᠨ ᠠᠭᠤᠯᠠ ᠶ᠋ᠢᠨ ᠬᠠᠩᠭᠠᠢ
ᠬᠥᠰᠢᠭᠡ ᠨᠣᠮᠢᠨ ᠲᠠᠯ᠎ᠠ ᠶ᠋ᠢᠨ ᠬᠠᠩᠭᠠᠢ
ᠠᠭᠤᠵᠢᠮ ᠴᠡᠩᠬᠡᠷ ᠭᠣᠪᠢ ᠶ᠋ᠢᠨ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ᠃

ᠠᠭᠤᠯᠠᠰ ᠤ᠋ᠨ ᠲᠣᠯᠣᠭᠠᠢ ᠴᠠᠰᠤᠨ ᠳ᠋ᠤ᠌ ᠴᠠᠷᠴᠠᠨ
ᠤᠯᠠᠭᠠᠨ ᠴᠢᠳᠬᠤᠯᠠᠩ ᠴᠠᠷᠴᠠᠬᠤ ᠴᠠᠭ ᠢ᠋ᠶ᠋ᠠᠷ
ᠠᠷᠪᠠᠢ ᠶ᠋ᠢ ᠭᠡᠷ ᠦ᠋ᠨ ᠤᠭᠰᠠᠭᠠᠲᠤ ᠡᠵᠡᠨ
ᠠᠳᠤᠭᠤᠴᠢᠨ ᠤ᠋ ᠦᠷᠭᠦᠭᠡᠨ ᠳ᠋ᠦ᠍ ᠮᠡᠨᠳᠦᠯᠡᠨ ᠪᠠᠢᠳᠠᠭ᠃

ᠬᠥᠪᠴᠢ ᠨᠣᠭᠣᠭᠠᠨ ᠠᠭᠤᠯᠠ ᠶ᠋ᠢᠨ ᠬᠠᠩᠭᠠᠢ
ᠬᠥᠰᠢᠭᠡ ᠨᠣᠮᠢᠨ ᠲᠠᠯ᠎ᠠ ᠶ᠋ᠢᠨ ᠬᠠᠩᠭᠠᠢ
ᠠᠭᠤᠵᠢᠮ ᠴᠡᠩᠬᠡᠷ ᠭᠣᠪᠢ ᠶ᠋ᠢᠨ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ
ᠤᠨᠠᠭᠠᠨ ᠨᠤᠲᠤᠭ ᠮᠢᠨᠢ ᠥᠪᠥᠷ ᠬᠠᠩᠭᠠᠢ᠃

       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ