ᠬᠠᠭᠤᠴᠢᠨ ᠬᠥᠮᠦᠨ – ᠢ ᠂ ᠭᠦᠷᠦᠷᠢᠨᠴᠢᠨ Хуучин хүн – И ᠂ Гүрринчин
ᠬᠠᠭᠤᠴᠢᠨ ᠬᠥᠮᠥᠨ
( ᠬᠣᠱᠣᠩ ᠥᠭᠦᠯᠡᠯᠭᠡ )
ᠰᠢᠨ᠎ᠡ ᠳᠠᠷᠤᠭ᠎ᠠ ᠢᠷᠡᠬᠦ ᠪᠡᠷ ᠬᠠᠮᠢᠭ᠎ᠠ ᠭᠠᠵᠠᠷ ᠤ᠋ᠨ ᠬᠢᠨ ᠬᠠᠷᠠᠴᠠ ᠶᠠᠪᠤᠳᠠᠯ ᠢᠶᠡᠨ ᠵᠥᠭᠡᠯᠡᠰᠬᠢᠵᠦ ᠳᠠᠭᠤ ᠴᠢᠮᠡᠭᠡ ᠪᠡᠨ ᠨᠠᠮᠰᠠᠭᠠᠬᠤ ᠰᠢᠭ᠋ ᠪᠣᠯᠳᠠᠭ᠃ ᠡᠨᠳᠡ ᠶᠠᠭ ᠲᠡᠢᠮᠦ ᠪᠠᠢᠯ᠎ᠠ᠃ ᠬᠥᠮᠦᠨ ᠪᠦᠷᠢ ᠥᠪᠡᠷ ᠥᠪᠡᠷ ᠦ᠋ᠨ ᠳ᠋ᠦ᠍ ᠪᠢᠲᠡᠭᠦᠦ ᠬᠠᠲᠠᠭᠤ ᠳᠠᠭᠠᠪᠤᠷᠢ ᠠᠪᠢᠶ᠎ᠠ ᠰᠢᠪᠡᠷ ᠠᠪᠢᠷ ᠶᠠᠷᠢᠯᠴᠠᠨ᠎ᠠ᠃
– ᠰᠢᠷᠦᠭᠦᠨ ᠭᠡᠵᠦ ᠪᠠᠢᠭ᠎ᠠ ᠶᠤᠮ ᠳᠠ ᠭᠡᠵᠦ ᠨᠢᠪᠤ ( ᠨᠢᠭᠲᠠᠯᠠᠨ ᠪᠣᠳᠣᠭᠴᠢ ) ᠵᠠᠯᠠᠭᠤ ᠶ᠋ᠢ ᠲᠠᠮᠰᠢᠶᠠᠬᠤ ᠳ᠋ᠤ᠌᠄
– ᠬᠥᠮᠥᠨ ᠦ ᠥ ᠰᠡᠪ ᠢ᠋ ᠠᠨᠳᠠᠳᠠᠭ ᠦᠭᠡᠢ ᠭᠡᠨ᠎ᠡ ᠯᠡ ᠰᠢᠦ ᠭᠡᠮᠡᠨ ᠪᠢᠴᠢᠭᠡᠴᠢ ᠬᠡᠦᠬᠡᠨ ᠭᠠᠢᠬᠠᠰᠢᠷᠠᠨᠠ᠃
– ᠬᠠᠷᠠᠪᠠᠴᠤ ᠶᠠᠭ ᠦᠭᠡᠢ ᠲᠣᠯᠣᠭᠠᠢ ᠪᠠᠢᠨ᠎ᠠ ᠪᠢᠯᠡ ᠭᠡᠵᠦ ᠠᠵᠤ ᠠᠬᠤᠢ ᠶ᠋ᠢᠨ ᠳᠠᠷᠤᠭ᠎ᠠ ᠶ᠋ᠢ ᠳ᠋ᠦᠩᠨᠡᠬᠦ ᠳ᠋ᠦ᠍
– ᠰᠢᠳᠤᠷᠭᠤ ᠬᠥᠮᠦᠨ ᠳ᠋ᠦ᠍ ᠰᠦᠵᠢᠭᠲᠡᠢ ᠭᠡᠵᠦ ᠪᠠᠢᠭ᠎ᠠ ᠶᠤᠮ ᠳᠠ ᠭᠡᠵᠦ ᠵᠢᠯᠣᠭᠣᠴᠢ ᠠᠢᠯᠠᠳᠤᠯ᠎ᠠ᠃
ᠨᠢᠲᠠᠭᠠ ᠣᠷᠣᠯᠴᠠᠭ᠎ᠠ ᠦᠭᠡᠢ ᠴᠤ᠌ ᠭᠡᠰᠡᠨ ᠬᠥᠮᠦᠰ ᠦ᠋ᠨ ᠶᠠᠷᠢᠶ᠎ᠠ ᠶ᠋ᠢ ᠲᠠᠯ᠎ᠠ ᠪᠦᠷᠢ ᠡᠴᠡ ᠨᠢ ᠰᠢᠨᠵᠢᠨ ᠳ᠋ᠦᠩᠨᠡᠵᠦ ᠵᠣᠭᠰᠣᠪᠠ ᠃ ᠣᠯᠠᠨ ᠤ᠋ ᠶᠠᠷᠢᠶ᠎ᠠ ᠣᠷᠣ ᠲᠠᠢ᠂ ᠰᠢᠷᠦᠭᠦᠨ ᠮᠥᠷᠲᠡᠭᠡᠨ ᠬᠥᠮᠥᠨ ᠦ ᠥ ᠰᠡᠪ ᠠᠨᠳᠠᠳᠠᠭ ᠦᠭᠡᠢ᠂ ᠰᠢᠳᠤᠷᠭᠤ ᠬᠥᠮᠦᠨ ᠳ᠋ᠦ᠍ ᠰᠦᠵᠢᠭᠲᠡᠢ᠂ ᠶᠠᠭ ᠦᠭᠡᠢ ᠲᠣᠯᠣᠭᠠᠢ ᠶᠤᠮ ᠳᠠ ᠭᠡᠵᠦ ᠪᠣᠳᠣᠯ᠎ᠠ᠃ ᠲᠡᠷᠡ ᠬᠡᠵᠢᠶᠡᠨ ᠦ ᠱᠠᠯᠳᠠᠷ ᠪᠤᠯᠳᠠᠷ ᠶᠠᠷᠢᠶᠠᠨ ᠳ᠋ᠤ᠌ ᠬᠤᠳᠬᠤᠯᠳᠤᠬᠤ ᠪᠠᠨ ᠴᠡᠭᠡᠷᠯᠡᠳᠡᠭ ᠬᠥᠮᠦᠨ᠃ 《 ᠶᠠᠭᠠᠬᠢᠵᠤ ᠮᠡᠳᠡᠬᠦ ᠪᠣᠢ ᠳᠠᠷᠠᠭ᠎ᠠ ᠨᠢ ᠲᠣᠯᠣᠭᠠᠢ ᠣᠷᠢᠶᠠᠵᠤ ᠮᠡᠳᠡᠨ᠎ᠡ ᠰᠢᠦ ᠳᠡ 》 ᠭᠡᠵᠦ ᠬᠠᠮᠤᠭ ᠤ᠋ᠨ ᠢᠲᠡᠭᠡᠯ ᠲᠡᠢ ᠬᠥᠮᠦᠨ ᠳ᠋ᠡᠭᠡᠨ ᠨᠠᠮ ᠳᠠᠭᠤ ᠪᠠᠷ ᠰᠤᠷᠭᠠᠮᠵᠢᠯᠠᠳᠠᠭ ᠨᠢ ᠲᠡᠭᠦᠨ ᠦ᠌ ᠠᠮᠠᠨ ᠤ᠋ ᠤᠩᠰᠢᠯᠭ᠎ᠠ ᠪᠣᠯᠣᠭᠰᠠᠨ ᠭᠠᠭᠴᠠ ᠨᠣᠮᠯᠠᠯ ᠪᠠᠢᠯ᠎ᠠ᠃ ᠰᠢᠨ᠎ᠡ ᠳᠠᠷᠤᠭ᠎ᠠ ᠬᠥᠮᠦᠨ ᠪᠦᠬᠦᠨ ᠲᠡᠢ ᠪᠡᠶᠡᠴᠢᠯᠡᠨ ᠠᠭᠤᠯᠵᠠᠵᠤ ᠪᠠᠢᠭ᠎ᠠ ᠰᠤᠷᠠᠭ ᠳᠤᠭᠤᠯᠤᠭᠠᠳ ᠮᠠᠨ ᠤ᠋ ᠬᠥᠮᠦᠨ ᠦᠰᠦᠴᠢᠨ ᠤᠷᠤᠭᠤ ᠭᠦᠶᠦᠪᠡ᠃ ᠦᠰᠦᠴᠢᠨ ᠳ᠋ᠦ᠍ ᠰᠤᠯᠠ ᠰᠠᠭᠤᠳᠠᠯ ᠪᠠᠢᠭᠰᠠᠨ ᠦᠭᠡᠢ ᠬᠦᠯᠢᠶᠡᠬᠦ ᠬᠡᠷᠡᠭ ᠭᠠᠷᠪᠠ ᠃
– ᠡᠵᠡᠭᠦᠢ ᠬᠣᠢᠭᠤᠷ ᠨᠠᠮ᠎ᠠ ᠶ᠋ᠢ ᠳᠠᠭᠤᠳᠠᠪᠠᠯ ᠪᠠᠯᠠᠷᠠᠬᠤ ᠨᠢ ᠲᠡᠷᠡ᠃ ᠠᠵᠢᠯ ᠳ᠋ᠠᠭᠠᠨ ᠬᠠᠷᠢᠭᠤᠴᠠᠯᠭ᠎ᠠ ᠦᠭᠡᠢ᠂ ᠭᠠᠳᠠᠭᠤᠷ ᠳᠡᠮᠡᠢ ᠰᠡᠯᠡᠭᠦᠴᠡᠭᠴᠢ ᠡᠲᠡᠭᠡᠳ ᠭᠡᠳᠡᠭ ᠳ᠋ᠦᠩᠨᠡᠯᠲᠡ ᠳ᠋ᠦ᠍ ᠣᠷᠣᠨ᠎ᠠ᠃ ᠠ᠋ ᠪᠣᠯᠢᠶ᠎ᠠ ᠴᠢ ᠮᠢᠨᠢ᠂ ᠶᠡᠷᠦ ᠨᠢ ᠲᠣᠯᠣᠭᠠᠢ ᠣᠷᠢᠶᠠᠵᠤ ᠮᠡᠳᠡᠬᠦ ᠬᠡᠷᠡᠭ ᠭᠡᠳ ᠡᠷᠭᠢᠭᠡᠳ ᠭᠦᠶᠦᠯ᠎ᠡ᠃
ᠦᠳᠡ ᠡᠴᠡ ᠬᠣᠢᠰᠢ ᠨᠢᠲᠠᠭᠠ ᠶ᠋ᠢ ᠲᠠᠭᠤᠲᠠᠯ᠎ᠠ᠂ ᠳᠡᠭᠦᠦ ᠶ᠋ᠢᠨ ᠢ᠋ᠶ᠋ᠡᠨ ᠠᠪᠴᠢᠷᠠᠵᠤ ᠦᠭᠭᠦᠭᠰᠡᠨ ᠴᠣ ᠰᠢᠨ᠎ᠡ ᠬᠠᠷ᠎ᠠ ᠳᠡᠪᠲᠡᠷ ᠢ᠋ ᠳᠣᠯᠣᠭ᠎ᠠ ᠬᠣᠨᠣᠭ ᠤ᠋ᠨ ᠡᠮᠦᠨᠡᠬᠢ ᠰᠣᠨᠢᠨ ᠤ᠋ ᠳ᠋ᠤᠭᠠᠷ᠂ ᠪᠠᠰᠠ ᠨᠢᠭᠡ ᠵᠤᠵᠠᠭᠠᠨ ᠨᠣᠮ ᠤ᠋ᠨ ᠬᠠᠮᠲᠤ ᠰᠤᠭᠤᠪᠴᠢᠯᠠᠵᠤ ᠣᠷᠣᠯ᠎ᠠ᠃
ᠳᠠᠷᠤᠭ᠎ᠠ ᠤᠲᠠᠰᠤ ᠪᠠᠷ ᠶᠠᠷᠢᠵᠤ ᠰᠠᠭᠤᠯ᠎ᠠ᠃ ᠣᠷᠣᠩᠭᠤᠲᠠ ᠨᠢᠳᠦᠨ ᠳ᠋ᠦ᠍ ᠥᠷᠳᠡᠭᠰᠡᠨ ᠬᠢᠮᠤᠰᠤᠨ ᠤ᠋ ᠴᠢᠨᠡᠭᠡ ᠴᠠᠭᠠᠰᠤ ᠶ᠋ᠢ ᠠᠪᠴᠤ ᠬᠣᠭ ᠤ᠋ᠨ ᠰᠠᠪᠠ ᠤᠷᠤᠭᠤ ᠬᠢᠪᠡ᠃ ᠰᠢᠨ᠎ᠡ ᠳᠠᠷᠤᠭ᠎ᠠ ᠬᠥᠯ ᠡᠴᠡ ᠨᠢ ᠲᠣᠯᠣᠭᠠᠢ ᠶ᠋ᠢ ᠨᠢ ᠳᠠᠪᠠᠲᠠᠯ᠎ᠠ ᠰᠢᠷᠳᠡᠬᠦ ᠰᠢᠭ ᠪᠣᠯᠤᠭᠰᠠᠨ ᠢ᠋ᠶ᠋ᠠᠨ᠄
– ᠲᠠ ᠰᠠᠭᠤᠴᠢᠬ᠎ᠠ ᠭᠡᠳ ᠭᠠᠷ ᠢ᠋ᠶ᠋ᠠᠨ ᠭᠣᠵᠣᠭᠠᠨᠠᠭᠤᠯᠤᠨ ᠰᠠᠨᠳᠠᠯᠢ ᠤᠷᠤᠭᠤ ᠵᠢᠭᠠᠵᠤ᠄
– ᠨᠡᠷ᠎ᠡ ᠬᠡᠨ ᠰᠠᠨ ᠪᠢᠯᠡ ᠭᠡᠪᠡ ᠃
– ᠨᠢᠭᠡ ᠯᠡ ᠪᠢᠰᠢ ᠳᠡ᠂ ᠣᠷᠣᠵᠤ ᠢᠷᠡᠬᠦ ᠳ᠋ᠦ᠍ ᠰᠦᠷᠡᠬᠡᠢ ᠠᠵᠢᠭᠰᠠᠨ᠃ ᠳᠠᠷᠠᠭ᠎ᠠ ᠨᠢ ᠭᠠᠷ ᠢ᠋ᠶ᠋ᠠᠷ ᠢ᠋ᠶ᠋ᠠᠨ ᠵᠠᠩᠭᠠᠭᠰᠠᠨ ( ᠳᠣᠬᠢᠶᠠᠯᠠᠬᠤ ) ᠃ ᠨᠡᠷ᠎ᠡ ᠬᠡᠨ ᠰᠠᠨ ᠪᠢᠯᠡ ᠭᠡᠵᠦ ᠰᠢᠷᠦᠭᠦᠨ ᠠᠰᠠᠭᠤᠵᠤ ᠪᠠᠢᠨ᠎ᠠ ᠰᠢᠦ᠂ ᠰᠢᠷᠦᠭᠦᠨ ᠭᠡᠳᠡᠭ ᠨᠢ ᠦᠨᠡᠨ ᠪᠣᠯᠬᠤ ᠨᠢ ᠭᠡᠵᠦ ᠁ ᠮᠠᠨ ᠤ᠋ ᠬᠢᠨ ᠮᠢᠨᠦ ᠲᠤᠬᠠᠢ ᠠᠯᠲᠠᠨ ᠬᠣᠰᠢᠭᠤ ᠡᠷᠭᠦᠭᠡᠳ ᠣᠷᠭᠢᠪᠠ ᠦᠦ ᠳᠡ ᠭᠡᠬᠦ ᠡᠴᠡ ᠬᠠᠮᠠᠷ ᠤ᠋ᠨ ᠬᠢᠨ ᠬᠥᠯᠥᠰᠥ ᠪᠤᠷᠵᠠᠢᠨ ᠳᠠᠭᠠᠭᠠᠪᠤᠷᠢᠯᠠᠪᠠ᠃
– ᠠᠵᠢᠯ ᠶᠠᠮᠠᠷ ᠪᠠᠢᠨ᠎ᠠ ? ᠠᠵᠢᠯ ᠳ᠋ᠠᠭᠠᠨ ᠳᠤᠷ᠎ᠠ ᠰᠣᠨᠢᠷᠬᠠᠯᠲᠠᠢ ᠪᠢᠵᠡ ᠳᠡ᠃
ᠪᠦᠷ ᠪᠢᠰᠢᠳᠡᠯᠡ᠃ ᠥ ᠰᠡᠪ ᠠᠨᠳᠠᠳᠠᠭ ᠦᠭᠡᠢ ᠶᠠᠭ ᠦᠭᠡᠢ ᠲᠣᠯᠣᠭᠠᠢ ᠨᠢ ᠦᠨᠡᠨ ᠶᠦᠮ ᠠ᠋ ᠭᠡᠵᠦ ᠨᠢᠲᠠᠭᠠ ᠲᠡᠪᠡᠳᠡᠭᠰᠡᠨ ( ᠠᠷᠭ᠎ᠠ ᠠᠯᠳᠠᠷᠠᠬᠤ ) ᠳ᠋ᠠᠭᠡᠨ ᠬᠡᠯᠡᠬᠦ ᠦᠭᠡ ᠨᠢ ᠬᠣᠭᠣᠯᠠᠢ ᠳᠡᠭᠡᠷ᠎ᠡ ᠨᠢ ᠵᠠᠩᠭᠢᠷᠠᠵᠤ ᠶᠧᠯᠸᠢᠴᠢᠨ ᠬᠥᠮᠦᠨ ᠰᠢᠭ ᠲᠣᠩᠭᠣᠰ ᠲᠣᠩᠭᠣᠰ ᠨᠠᠬᠢᠯᠵᠠᠪᠠ᠃
– ᠶᠠᠷᠢᠵᠤ ᠬᠡᠯᠡᠬᠦ ᠶᠠᠭᠤᠮ᠎ᠠ ᠪᠠᠢᠨ᠎ᠠ ᠤᠤ ?
ᠠᠵᠢᠯᠲᠠᠨ ᠲᠠᠢ ᠪᠠᠨ ᠲᠠᠨᠢᠯᠴᠠᠬᠤ ᠳᠠᠷᠤᠭ᠎ᠠ ᠶ᠋ᠢᠨ ᠶᠡᠷᠦᠳᠡ ᠶ᠋ᠢᠨ ᠶᠠᠷᠢᠶ᠎ᠠ ᠡᠢᠨᠬᠦ ᠶᠠᠪᠤᠭᠳᠠᠵᠤ ᠪᠠᠢᠨ᠎ᠠ᠃
– ᠦᠭᠡᠢ ᠳᠠᠷᠤᠭ᠎ᠠ ᠡ᠂ ᠶᠠᠭᠤ ᠪᠠᠢᠬᠤ ᠪᠣᠢ ᠳ᠋ᠠ᠂ ᠲᠡᠭᠡᠬᠦᠯᠡᠷ ᠡᠢᠮᠦ ᠶᠦᠮ ᠠ᠋᠂ ᠲᠠ ᠰᠢᠨ᠎ᠡ ᠢᠷᠡᠭᠰᠡᠨ ᠪᠣᠯᠬᠣᠷ ᠮᠡᠳᠡᠬᠦ ᠦᠭᠡᠢ ᠪᠠᠢᠬᠤ ᠨᠢ ᠠᠷᠭ᠎ᠠ ᠦᠭᠡᠢ᠂ ᠵᠠᠢᠯᠠᠭᠤᠯ ᠶᠠᠭᠠᠬᠢᠵᠤ ᠮᠡᠳᠡᠬᠦ ᠪᠣᠢ᠂ ᠮᠠᠨ ᠤ ᠬᠢᠨ ᠶᠠᠭᠤ ᠶᠤᠮ ᠡ᠂ ᠰᠢᠳᠤᠷᠭᠤ ᠪᠠᠷ ᠬᠡᠯᠡᠬᠦ ᠶᠦᠮ ᠪᠣᠯᠪᠠᠯ ᠰᠢᠳᠤᠷᠭᠤ ᠪᠤᠰᠤ ᠰᠢᠭ᠋ ᠰᠠᠨᠠᠭᠳᠠᠳᠠᠭ ᠶᠤᠮ᠃ ᠵᠢᠱᠢᠶᠡᠯᠡᠬᠦ ᠶᠤᠮ ᠪᠣᠯᠪᠠᠯ ᠲᠡᠷᠢᠭᠦᠨ ᠦ ᠳᠣᠯᠣᠭ᠎ᠠ ᠬᠣᠨᠣᠭ ᠲᠦ᠍ ᠮᠠᠨ ᠤ ᠬᠢᠨ ᠬᠡᠳᠦᠨ ᠯᠢᠲ᠋ᠷ ᠰᠦ ᠬᠥᠳᠡᠭᠡᠨ ᠡᠴᠡ ᠠᠪᠴᠢᠷᠠᠭᠰᠠᠨ ᠯᠠ ᠳ᠋ᠠ᠂ ᠵᠠᠭᠤᠨ ᠲᠠᠪᠢᠨ ᠯᠢᠲ᠋ᠷ ᠭᠡᠵᠦ ᠪᠠᠢᠭ᠎ᠠ ᠶᠤᠮ ᠡ᠃
ᠨᠥᠬᠥᠷ ᠭᠠᠵᠢᠳᠮᠠ ᠳ᠋ᠤ᠌ ᠲᠣᠩᠲᠣᠭ ᠬᠡᠯᠡᠭᠰᠡᠨ ᠢ ᠨᠢ ᠴᠡᠪᠡᠷᠯᠡᠭᠴᠢ ᠠᠪᠠᠭᠠᠢ ᠳᠤᠭᠤᠯᠤᠭᠠᠳ ᠨᠠᠳᠠ ᠳ᠋ᠤ᠌ ᠮᠡᠳᠡᠭᠳᠡᠭᠰᠡᠨ ᠶᠦᠮ᠃ ᠲᠡᠭᠡᠬᠦ ᠳ᠋ᠦ᠍ ᠪᠢ ᠰᠢᠨ᠎ᠡ ᠳᠠᠷᠤᠭ᠎ᠠ ᠶᠢᠨ ᠬᠤᠪᠢ ᠶᠢ ᠲᠠᠯᠪᠢᠴᠢᠬ᠎ᠠ ᠂ ᠪᠢᠳᠠᠨ ᠰᠢᠭ᠋ ᠬᠥᠭ᠍ᠰᠢᠨ ᠬᠥᠪᠡᠭᠡ᠂ ᠬᠦᠷᠦᠪᠡ ᠨᠢᠯᠬ᠎ᠠ ᠲᠠᠢ ᠬᠥᠮᠦᠨ ᠪᠠᠢᠯᠭᠦᠢ ᠭᠡᠳᠡᠭ ᠰᠠᠨᠠᠯ ᠳᠡᠪᠰᠢᠭᠦᠯᠦᠭᠰᠡᠨ᠃ ᠭᠡᠲᠡᠯ᠎ᠡ ᠡᠨᠡ ᠠᠵᠤ ᠠᠬᠤᠢ ᠶᠢᠨ ᠳᠠᠷᠤᠭ᠎ᠠ ᠭᠣᠴᠣᠣ ᠪᠠᠢᠨ᠎ᠠ ᠰᠢᠦ ᠳᠡ᠂ ᠬᠡᠨ ᠭᠡᠳᠡᠭ ᠠᠮᠢᠲᠠᠨ ᠬᠡᠳᠦᠢ ᠳ᠋ᠦ᠍ ᠴᠤ᠌ ᠢᠷᠡᠬᠦ ᠶᠦᠮ ᠪᠢᠯᠡ ᠭᠡᠳ ᠬᠠᠯᠭᠠᠳᠠᠭ ᠦᠭᠡᠢ᠃ ᠶᠠᠮᠠᠷ ᠬᠡᠷᠡᠭ ᠪᠠᠢᠬᠤ ᠪᠣᠢ ᠳᠠ᠂ ᠣᠯᠠᠨ ᠤ᠋ ᠶᠠᠭᠤᠮ᠎ᠠ ᠶ᠋ᠢ ᠣᠯᠠᠨ ᠳ᠋ᠤᠨᠢ ᠬᠦᠷᠲᠡᠭᠡᠵᠦ ᠣᠷᠬᠢᠪᠠᠯ ᠪᠠᠷᠠᠭ᠎ᠠ ᠪᠢᠵᠡ᠃
ᠡᠭᠦᠨ ᠢ᠋ ᠪᠢ ᠰᠢᠭᠤᠳ ᠰᠢᠳᠤᠷᠭᠤ ᠪᠢᠰᠢ ᠶᠠᠪᠤᠳᠠᠯ ᠭᠡᠵᠦ ᠦᠵᠡᠵᠦ ᠪᠠᠢᠨ᠎ᠠ᠃ ᠲᠡᠭᠡᠭᠡᠳ ᠶᠠᠭᠤ ᠳᠠ ᠁ ᠶᠡᠷᠦ ᠨᠢ ᠁ ᠪᠢ ᠬᠠᠭᠤᠴᠢᠨ ᠬᠥᠮᠦᠨ ᠪᠣᠯᠬᠤ ᠪᠠᠷ ᠰᠠᠢᠨ ᠮᠡᠳᠡᠬᠦ ᠦᠭᠡᠢ ᠶᠠᠭᠠᠬᠢᠬᠤ ᠪᠣᠢ᠃ ᠮᠠᠨ ᠤ᠋ ᠬᠠᠭᠤᠴᠢᠨ ᠳᠠᠷᠤᠭ᠎ᠠ ᠳᠤᠲᠠᠭᠳᠠᠯ ᠲᠠᠢ ᠡᠲᠡᠭᠡᠳ ᠪᠠᠢᠭᠰᠠᠨ ᠃ ᠬᠠᠷᠢᠭᠤᠴᠠᠯᠭ᠎ᠠ ᠲᠠᠶᠠ ᠠᠵᠢᠯ ᠲᠠᠢ ᠪᠢᠳᠠ ᠪᠣᠯᠪᠠᠯ ᠶᠠᠭᠤᠮ᠎ᠠ ᠶ᠋ᠢ ᠰᠢᠳᠤᠷᠭᠤ ᠪᠠᠷ ᠰᠢᠭᠦᠮᠵᠢᠯᠡᠬᠦ ᠬᠡᠷᠡᠭᠲᠡᠢ᠃ ᠲᠡᠷᠡ ᠨᠥᠬᠥᠷ ᠳᠤᠲᠠᠭᠳᠠᠯ ᠲᠠᠢ ᠂ ᠮᠠᠰᠢ ᠡᠪᠯᠡᠷᠡᠩᠭᠦᠢ ᠰᠢᠳᠤᠷᠭᠤ ᠪᠤᠰᠤ ᠡᠲᠡᠭᠡᠳ ᠮᠥᠨ ᠡᠴᠡ ᠮᠥᠨ ᠪᠠᠢᠯ᠎ᠠ᠃
ᠲᠠ ᠶᠡᠷᠦ ᠨᠢ ᠡᠳᠡᠨ ᠲᠡᠢ ᠪᠠᠢᠨ᠎ᠠ ᠰᠢᠦ ᠳᠡ᠂ ᠡᠬᠢᠨ ᠡᠴᠡ ᠨᠢ ᠰᠢᠳᠤᠷᠭᠤ ᠦᠵᠡᠯᠴᠡᠬᠦ ᠬᠡᠷᠡᠭᠲᠡᠢ᠃ ᠬᠠᠭᠤᠴᠢᠨ ᠬᠥᠮᠦᠨ ᠦ᠌ ᠬᠤᠪᠢ ᠳ᠋ᠤ᠌ ᠪᠢ ᠬᠠᠯᠠᠭᠤᠨ ᠲᠤᠰᠠᠯᠠᠯᠴᠠᠭ᠎ᠠ ᠴᠠᠭ ᠢᠮᠠᠭᠲᠠ ᠦᠵᠡᠭᠦᠯᠵᠦ ᠳᠡᠮᠵᠢᠨ᠎ᠡ᠃ ᠲᠠ ᠪᠣᠯ ᠰᠢᠯᠢᠵᠦ ᠰᠣᠩᠭᠣᠭᠳᠠᠭᠰᠠᠨ ᠰᠢᠯᠢᠳᠡᠭ ᠺᠠᠳ᠋ᠷ᠂ ᠬᠠᠷᠠᠪᠠᠴᠤ ᠶᠡᠷᠦ ᠨᠢ ᠶᠠᠭ ᠦᠭᠡᠢ ᠲᠤᠯᠠ ᠁ ᠶᠠᠭᠤ ᠯᠠ ᠳᠠ ᠶᠡᠷᠦ ᠨᠢ ᠁ ᠬᠥᠮᠦᠨ ᠦ᠌ ᠥ ᠰᠡᠪ ᠢ᠋ ᠠᠨᠳᠠᠳᠠᠭ ᠦᠭᠡᠢ ᠬᠥᠮᠦᠨ ᠪᠣᠯ ᠮᠠᠰᠢ ᠰᠠᠢᠨ ᠭᠡᠵᠦ ᠪᠢ ᠬᠤᠪᠢ ᠳ᠋ᠠᠭᠠᠨ ᠪᠣᠳᠣᠳᠠᠭ ᠭᠡᠵᠦ ᠭᠥᠯᠲᠥᠯᠵᠡᠨ ᠰᠢᠯᠦᠰᠦ ᠪᠡᠨ ᠵᠠᠯᠭᠢᠯᠠᠪᠠ᠃ ᠶᠡᠷᠦ ᠪᠤᠰᠤ ᠶ᠋ᠢᠨ ᠬᠥᠮᠦᠨ ᠲᠡᠢ ᠤᠴᠠᠷᠠᠭᠰᠠᠨ ᠳ᠋ᠠᠭᠠᠨ ᠰᠢᠨ᠎ᠡ ᠳᠠᠷᠤᠭ᠎ᠠ ᠶ᠋ᠢᠨ ᠢᠨᠢᠶᠡᠳᠦ ᠬᠦᠷᠴᠦ ᠵᠤᠮᠠᠯᠵᠠᠪᠠ᠃
ᠵᠠ ᠲᠡᠷᠡ ᠰᠢᠳᠤᠷᠭᠤ ᠬᠥᠮᠦᠨ ᠳ᠋ᠦ᠍ ᠳᠤᠷᠠᠲᠠᠢ ᠭᠡᠭᠴᠢ ᠨᠢ ᠶᠠᠷᠢᠶᠠᠨ ᠦᠭᠡᠢ ᠦᠨᠡᠨ ᠪᠣᠯᠬᠤ ᠨᠢ ᠃ ᠣᠯᠠᠨ ᠤ᠋ ᠦᠭᠡ ᠣᠷᠣ ᠲᠠᠢ ᠁ ᠭᠡᠵᠦ ᠰᠡᠳᠬᠢᠯ ᠨᠢ ᠠᠭᠤᠵᠢᠷᠠᠭᠰᠠᠨ ᠨᠢᠲᠠᠭᠠ᠄
– ᠶᠠᠭᠤ ᠳᠠᠷᠤᠭ᠎ᠠ ᠠ᠋᠂ ᠪᠢ ᠪᠣᠯᠪᠠᠯ ᠰᠢᠳᠤᠷᠭᠤ ᠪᠤᠰᠤ ᠶᠠᠪᠤᠳᠠᠯ ᠢ᠋ ᠦᠵᠡᠬᠦ ᠨᠢ ᠪᠠᠢᠲᠤᠭᠠᠢ ᠬᠠᠷᠠᠵᠤ ᠴᠢᠳᠠᠳᠠᠭ ᠦᠭᠡᠢ ᠬᠥᠮᠦᠨ ᠪᠠᠢᠭ᠎ᠠ ᠶᠤᠮ ᠭᠡᠳ ᠥᠨᠳᠡᠯᠵᠡᠬᠦ ᠳ᠋ᠦ᠍ᠨᠢ᠄
– ᠵᠠ ᠥᠭᠡᠷ᠎ᠡ ᠣᠨᠴᠠ ᠠᠰᠠᠭᠤᠳᠠᠯ ᠪᠠᠢᠬᠤ ᠦᠭᠡᠢ ᠪᠣᠯ ᠠᠵᠢᠯ ᠳᠡᠭᠡᠷ᠎ᠡ ᠪᠡᠨ ᠣᠴᠢᠵᠤ ᠪᠠᠢ ᠭᠡᠵᠦ ᠰᠢᠨ᠎ᠡ ᠳᠠᠷᠤᠭ᠎ᠠ ᠬᠡᠯᠡᠯ᠎ᠡ᠃
ᠥᠷᠥᠭᠡᠨ ᠦ᠌ ᠪᠡᠨ ᠬᠦᠢᠲᠡᠨ ᠰᠠᠯᠬᠢ ᠶ᠋ᠢ ᠵᠠᠯᠭᠢᠯᠠᠵᠤ ᠠᠮᠢᠰᠬᠤᠭ᠎ᠠ ᠠᠪᠤᠭᠰᠠᠨ ᠨᠢᠳᠠᠭᠠ ᠶ᠋ᠢᠨ ᠤᠬᠠᠭᠠᠨ ᠳ᠋ᠤ᠌ ᠰᠠᠶᠢ ᠯᠠ ᠶᠣᠰᠣᠲᠠᠢ ᠬᠥᠮᠦᠨ ᠦ᠌ ᠣᠢ ᠲᠣᠢ ᠶ᠋ᠢᠨ ᠣᠩᠭᠣᠳ ᠬᠤᠷ᠎ᠠ ᠶ᠋ᠢᠨ ᠤᠰᠤ ᠰᠢᠭ᠋ ᠰᠠᠳᠠᠷᠠᠨ ᠣᠷᠣᠵᠤ ᠢᠷᠡᠬᠦ ᠨᠢ ᠲᠡᠷᠡ᠃
– ᠲᠡᠨᠡᠭ ᠲᠠᠷᠢᠬᠢ ᠭᠡᠵᠦ ᠲᠣᠯᠣᠭᠠᠢ ᠤᠷᠤᠭᠤ ᠪᠠᠨ ᠲᠦᠩᠰᠢᠮᠠᠷ ᠰᠠᠨᠠᠭᠳᠠᠯ᠎ᠠ᠃ ᠠᠵᠢᠯ ᠳ᠋ᠠᠭᠠᠨ ᠰᠣᠨᠢᠷᠬᠠᠯᠲᠠᠢ ᠤᠤ ᠭᠡᠵᠦ ᠠᠰᠠᠭᠤᠵᠤ ᠪᠠᠢᠬᠤ ᠳ᠋ᠤ᠌ ᠶᠠᠭᠤ ᠴᠤ᠌ ᠬᠠᠷᠢᠭᠤᠯᠤᠭ᠎ᠠ ᠦᠭᠡᠢ ᠣᠷᠬᠢᠭᠰᠠᠨ ᠪᠠᠢᠨ᠎ᠠ ᠰᠢᠦ ᠳᠡ ᠭᠡᠳ ᠠᠮᠠ ᠪᠠᠨ ᠪᠠᠷᠢᠨ ᠭᠠᠰᠠᠯᠪᠠ᠃ ᠲᠡᠭᠡᠭᠰᠡᠨ ᠢ᠋ᠶ᠋ᠡᠨ᠄
– ᠦᠭᠡᠢ ᠶᠡᠷᠦ ᠨᠢ ᠶᠠᠭᠤᠨ ᠳ᠋ᠤ᠌ ᠲᠡᠭᠡᠵᠦ ᠠᠰᠠᠭᠤᠭᠰᠠᠨ ᠶᠤᠮ ᠪᠣᠯ ᠠ᠋᠂ ᠠᠵᠢᠯ ᠳ᠋ᠠᠭᠠᠨ ᠰᠣᠨᠢᠷᠬᠠᠯ ᠦᠭᠡᠢ ᠡᠲᠡᠭᠡᠳ ᠭᠡᠵᠦ ᠬᠡᠨ ᠨᠢᠭᠡ ᠬᠥᠮᠦᠨ ᠬᠣᠪᠯᠠᠪᠠ ᠤᠤ᠂ ᠰᠦᠷᠡᠬᠡᠢ ᠬᠠᠷᠠᠭᠠᠳ ᠪᠠᠢᠭᠰᠠᠨ ᠰᠢᠦ᠂ ᠶᠠᠭᠠᠬᠢᠬᠤ ᠪᠠᠷ ᠢ᠋ᠶ᠋ᠠᠨ ᠲᠡᠭᠡᠭᠰᠡᠨ ᠶᠦᠮ ᠪᠣᠯ᠂ ᠮᠢᠨᠦ ᠳᠤᠲᠠᠭᠳᠠᠯ ᠢ᠋ ᠣᠯᠵᠤ ᠮᠡᠳᠡᠪᠡ ᠤᠤ᠃ ᠶᠠᠮᠠᠷ ᠴᠤ᠌ ᠳᠤᠲᠠᠭᠳᠠᠯ ᠪᠠᠢᠬᠤ ᠪᠣᠢ ᠳᠠ᠂ ᠵᠠ ᠪᠠᠢᠵᠠ᠂ ᠠᠷᠢᠬᠢ ᠤᠤᠭᠤᠭᠰᠠᠨ ᠤᠳᠠᠭ᠎ᠠ ᠦᠭᠡᠢ᠂ ᠤᠷᠵᠢᠨᠤᠨ ᠠᠬ᠎ᠠ ᠶ᠋ᠢᠨ ᠬᠡᠦᠬᠡᠳ ᠦ᠋ᠨ ᠤᠬᠢᠶᠠᠯᠭ᠎ᠠ ᠳᠡᠭᠡᠷ᠎ᠡ ᠭᠠᠭᠴᠠ ᠬᠤᠨᠳᠠᠭ᠎ᠠ ᠠᠮᠰᠠᠭᠰᠠᠨ᠂ ᠥᠭᠡᠷ᠎ᠡ ᠶᠠᠭᠤ ᠰᠠᠨ ᠪᠢᠯᠡ᠃ ᠲᠠᠢᠯᠦᠨ(ᠠᠵᠢᠯ ᠤᠨ ᠲᠣᠳᠣᠷᠬᠠᠢᠯᠠᠯᠲᠠ ) ᠮᠡᠳᠡᠭᠡᠯᠡᠯ ᠢᠶᠡᠨ ᠴᠠᠭ ᠬᠤᠭᠤᠴᠠᠭᠠᠨ ᠳ᠋ᠤᠨᠢ ᠶᠠᠭ ᠭᠠᠷᠭᠠᠵᠤ ᠪᠠᠢᠭᠰᠠᠨ᠃ ᠨᠢᠳᠤᠨᠤᠨ ᠠᠴᠠ ᠬᠣᠢᠰᠢ ᠰᠢᠭᠦᠮᠵᠢᠯᠡᠭᠦᠯᠦᠭᠰᠡᠨ ᠤᠳᠠᠭ᠎ᠠ ᠦᠭᠡᠢ᠃ ᠬᠠᠷᠢᠨ ᠬᠠᠭᠤᠴᠢᠨ ᠳᠠᠷᠤᠭ᠎ᠠ ᠨᠠᠮ᠎ᠠ ᠶᠢ ᠵᠢᠰᠦᠷᠴᠢ ᠠᠮᠢᠳᠠᠨ ᠭᠡᠵᠦ ᠳ᠋ᠦᠩᠨᠠᠭᠡᠳ ᠪᠠᠢᠳᠠᠭ ᠶᠤᠮ᠃
ᠲᠡᠷᠡ ᠨᠥᠬᠥᠷ ᠲᠡᠭᠡᠵᠦ ᠲᠠᠨᠢᠯᠴᠠᠭᠤᠯᠤᠭᠰᠠᠨ ᠶᠤᠮ ᠪᠣᠯᠪᠠ ᠤᠤ᠃ ᠮᠢᠨᠦ ᠶᠠᠷᠢᠶᠠᠨ ᠠᠴᠠ ᠪᠠᠭᠴᠠᠭ᠎ᠠ ᠠᠪᠤᠭᠰᠠᠨ ᠪᠠᠢᠬᠤ ᠤᠴᠢᠷᠲᠠᠢ᠃ ᠪᠢ ᠰᠢᠳᠤᠷᠭᠤ ᠭᠡᠳᠡᠭ ᠢᠶᠡᠨ ᠦᠵᠡᠭᠦᠯᠵᠦ ᠲᠠᠢᠯᠪᠤᠷᠢᠯᠠᠭᠰᠠᠨ᠂ ᠢᠨᠢᠶᠡᠭᠰᠡᠨ ᠁ ᠥᠭᠡᠷ᠎ᠡ ᠶᠠᠭᠤᠮ᠎ᠠ ᠪᠠᠢᠨ᠎ᠠ ᠳ᠋ᠠ᠃ ᠵᠠ ᠶᠠᠭᠤ ᠰᠠᠨ ᠪᠢᠯᠡ ᠁ ᠠ ᠁ ᠤᠷᠵᠢᠳᠤᠷ ᠲᠡᠷᠡ ᠨᠢᠭᠡ ᠭᠠᠩᠭᠠᠩ ᠬᠡᠦᠬᠡᠨ ᠴᠢᠨᠢ ᠳᠠᠷᠤᠭ᠎ᠠ ᠶᠢᠨ ᠠᠪᠠᠭᠠᠢ ᠪᠠᠢᠭᠰᠠᠨ ᠶᠤᠮ ᠪᠢᠰᠢ ᠪᠠᠢᠭ᠎ᠠ᠃ ᠭᠣᠳᠣᠯ ᠴᠣᠬᠢᠵᠤ ᠥᠭᠭᠦᠭᠡᠴᠢ ᠭᠡᠬᠦ ᠳ᠋ᠤᠨᠢ ᠪᠢ ᠥᠭᠭᠦᠭᠡ ᠦᠭᠡᠢ ᠶᠤᠮ ᠰᠢᠦ᠃ ᠲᠡᠭᠡᠵᠦ ᠲᠠᠭᠠᠷᠠᠯ᠎ᠠ᠂ ᠶᠡᠷᠦᠨᠢ ᠦᠵᠡᠭᠳᠡᠭᠡ ᠦᠭᠡᠢ ᠬᠡᠦᠬᠡᠨ ᠪᠠᠢᠭᠰᠠᠨ ᠶᠤᠮ᠃ ᠥᠨᠥ᠍ ᠮᠠᠭᠤ ᠰᠡᠯᠡᠩᠭᠡ ᠡᠴᠡ ᠪᠣᠯᠵᠤ ᠪᠠᠢᠬᠤ ᠦᠭᠡᠢ ᠤᠤ᠂ ᠲᠡᠷᠡ ᠨᠢᠭᠡ ᠶ᠋ᠢ ᠵᠠᠬᠢᠭᠠᠳ ᠪᠠᠢᠬᠤ ᠪᠠᠷ ᠨᠢ ᠬᠠᠳᠠᠭᠠᠯᠠᠭᠤᠯᠤᠭᠰᠠᠨ ᠶᠤᠮ᠃ ᠤᠤᠯ ᠨᠢ ᠽᠠᠫᠠᠰ ( ᠨᠥᠭᠡᠴᠡ ᠰᠡᠯᠪᠢᠭ ) ᠪᠠᠢᠭᠰᠠᠨ ᠳ᠋ᠠ᠃ ᠭᠠᠢ ᠭᠠᠵᠠᠷ ᠳᠣᠣᠷ᠎ᠠ ᠠᠴᠠ ᠦᠨᠡᠨ ᠰᠢᠦ᠂ ᠲᠣᠯᠣᠭᠠᠢ ᠣᠷᠢᠶᠠᠬᠤ ᠬᠡᠷᠡᠭ ᠪᠣᠯᠵᠤ᠂ ᠵᠠ ᠪᠠᠢᠵᠠ᠂ ᠶᠠᠭᠠᠬᠢᠬᠤ ᠪᠣᠢ᠂ ᠳᠠᠷᠤᠭ᠎ᠠ ᠶ᠋ᠢᠨ ᠢ᠋ᠶ᠋ᠡᠨ ᠬᠠᠭᠤᠴᠢᠨ ᠳᠠᠷᠤᠭ᠎ᠠ ᠶᠢᠨ ᠪᠠᠢᠰᠢᠩ ᠳ᠋ᠦ᠍ ᠣᠷᠣᠭᠰᠠᠨ ᠪᠣᠯᠪᠠ ᠤᠤ᠂ ᠭᠡᠷ ᠤᠷᠤᠭᠤ ᠨᠢ ᠠᠪᠠᠭᠠᠢ ᠲᠠᠢ ᠨᠢ ᠶᠠᠷᠢᠬᠤ ᠤᠤ᠂ ᠳᠠᠷᠤᠭ᠎ᠠ ᠳᠡᠭᠡᠷ᠎ᠡ ᠳᠠᠬᠢᠭᠠᠳ ᠣᠷᠣᠳᠠᠭ ᠬᠡᠷᠡᠭ᠃ ᠳᠤᠲᠠᠭᠳᠠᠯ ᠢᠶᠠᠨ ᠰᠢᠳᠤᠷᠭᠤ ᠪᠠᠷ ᠬᠦᠯᠢᠶᠡᠭᠰᠡᠨ ᠬᠥᠮᠥᠨ ᠪᠣᠯᠣᠶ᠎ᠠ ᠭᠡᠵᠦ ᠬᠣᠯᠬᠢᠭᠰᠠᠨ ᠢ᠋ᠶ᠋ᠠᠨ ᠳᠠᠷᠤᠭ᠎ᠠ ᠶ᠋ᠢᠨ ᠢ᠋ᠶ᠋ᠡᠨ ᠥᠷᠥᠭᠡ ᠤᠷᠤᠭᠤ ᠠᠯᠬᠤᠯ᠎ᠠ᠂ ᠬᠠᠭᠠᠯᠠᠭ᠎ᠠ ᠶᠢ ᠨᠢ ᠬᠤᠯᠤᠭᠠᠨ᠎ᠠ ᠰᠢᠭ᠋ ᠲᠣᠷᠵᠢᠭᠢᠨᠠᠭᠤᠯᠤᠭᠰᠠᠨ ᠢ᠋ᠶ᠋ᠠᠨ᠄
– ᠵᠠ ᠭᠡᠬᠦ ᠳ᠋ᠦ᠍ᠨᠢ ᠵᠣᠷᠢᠭᠵᠢᠩᠭᠤᠢ ᠢᠨᠢᠶᠡᠮᠰᠦᠭᠯᠡᠪᠡ ᠃
– ᠶᠠᠭᠤ ᠳᠠᠷᠤᠭ᠎ᠠ ᠠ᠋᠂ ᠪᠢ ᠪᠠᠰᠠ ᠮᠠᠷᠲᠠᠵᠤ ᠣᠷᠬᠢᠵᠠᠢ ᠃ ᠶᠡᠷᠦ ᠨᠢ ᠲᠠᠨ ᠤ᠋ ᠡᠮᠦᠨ᠎ᠡ ᠳᠤᠲᠠᠭᠳᠠᠯ ᠢ᠋ᠶ᠋ᠠᠨ ᠰᠢᠳᠤᠷᠭᠤ ᠪᠠᠷ ᠬᠦᠯᠢᠶᠡᠬᠦ ᠭᠡᠵᠦ ᠢᠷᠡᠯ᠎ᠡ ᠂ ᠠᠭᠤᠴᠢᠯᠠᠭᠠᠷᠠᠢ᠂ ᠪᠢ ᠳᠤᠲᠠᠭᠳᠠᠯ ᠢ᠋ ᠲᠡᠪᠴᠢᠵᠦ ᠰᠠᠭᠤᠵᠤ ᠴᠢᠳᠠᠳᠠᠭ ᠦᠭᠡᠢ ᠶᠦᠮ᠂ ᠪᠢ ᠲᠠᠨᠢᠬᠤ ᠦᠭᠡᠢ ᠡᠴᠡ ᠪᠣᠯᠵᠤ ᠲᠣᠮᠣ ᠳᠤᠲᠠᠭᠳᠠᠯ ᠳ᠋ᠤ᠌ ᠣᠷᠣᠭᠰᠠᠨ ᠪᠠᠢᠨ᠎ᠠ ᠭᠡᠬᠦ ᠳ᠋ᠦ᠍ ᠳᠠᠷᠤᠭ᠎ᠠ ᠭᠠᠢᠬᠠᠯ᠎ᠠ᠃
– ᠶᠠᠭᠠᠬᠢᠭᠰᠠᠨ ᠪᠠᠢᠨ᠎ᠠ ᠳᠠᠷᠤᠭ᠎ᠠ ᠠ᠋ ᠂ ᠡᠷᠭᠢᠭᠦᠦ ᠲᠣᠯᠣᠭᠠᠢ ᠪᠠᠢᠬᠤ ᠦᠭᠡᠢ ᠦᠦ ᠃ ᠲᠠᠨ ᠤ᠋ ᠠᠪᠠᠭᠠᠢ ᠨᠠᠳᠠ ᠪᠠᠷ ᠭᠤᠲᠤᠯ ᠴᠣᠬᠢᠭᠤᠯᠬᠤ ᠪᠠᠷ ᠢᠷᠡᠭᠰᠡᠨ ᠶᠦᠮ ᠠ᠋ ᠂ ᠪᠢ ᠲᠠᠨᠢᠭᠰᠠᠨ ᠦᠭᠡᠢ᠃ ᠲᠠᠨᠢᠭᠰᠠᠨ ᠪᠣᠯ ᠬᠠᠮᠢᠭ᠎ᠠ ᠠ᠋ᠴᠠ ᠁ ᠭᠠᠭᠴᠠ ᠬᠣᠶᠠᠷ ᠭᠤᠲᠤᠯ ᠤ᠋ᠨ ᠵᠡᠷᠭᠡ ᠬᠥᠮᠦᠨ ᠦ᠌ ᠠᠮᠢᠳᠤᠷᠠᠯ ᠤ᠋ᠨ ᠠᠰᠠᠭᠤᠳᠠᠯ ᠶᠤᠮ ᠴᠢᠨᠢ ᠁
– ᠲᠠᠨ ᠤ᠋ ᠶᠠᠷᠢᠶ᠎ᠠ ᠶ᠋ᠢ ᠣᠢᠯᠠᠭᠠᠬᠤ ᠦᠭᠡᠢ ᠪᠠᠢᠨ᠎ᠠ᠃ ᠮᠠᠨ ᠤ᠋ ᠭᠡᠷ ᠪᠦᠯᠢ ᠬᠣᠲᠠ ᠳ᠋ᠤ᠌ ᠰᠤᠷᠭᠠᠭᠤᠯᠢ ᠳ᠋ᠤ᠌ ᠪᠠᠢᠳᠠᠭ ᠰᠢᠦ ᠳᠡ᠃
– ᠶᠠᠭᠤ ᠳᠠᠷᠤᠭ᠎ᠠ ᠠ᠋ ᠂ ᠪᠢ ᠬᠠᠭᠤᠴᠢᠨ ᠺᠠᠳ᠋ᠷ ᠰᠢᠦ ᠭᠡᠰᠡᠨ ᠢ᠋ᠶ᠋ᠡᠨ ᠳᠣᠲᠣᠷ᠎ᠠ ᠨᠢ ᠬᠠᠷᠠᠩᠭᠤᠢᠯᠠᠵᠤ ᠠᠮᠠ ᠨᠢ ᠠᠩᠭᠠᠢᠪᠠ᠃ ᠰᠢᠳᠡᠷ᠎ᠡ ᠶ᠋ᠢᠨ ᠮᠠᠳᠯᠠᠭᠤᠯᠤᠭᠰᠠᠨ ᠨᠣᠶᠠᠨ ᠠᠮᠢᠳᠤ ᠰᠠᠨ ᠪᠣᠯ ᠲᠡᠢᠮᠦᠷᠬᠦᠦ ᠯᠡ ᠪᠠᠢᠬᠤ ᠪᠢᠵᠡ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
