ᠲᠡᠭᠦᠰᠬᠡᠯ ᠦᠨ ᠦᠭᠡ –  ᠳ ᠂ ᠭᠣᠮᠪᠣᠵᠠᠪ Төгсгөлийн үг  – Д ᠂ Гомбожав ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠭᠦᠰᠬᠡᠯ ᠦᠨ ᠦᠭᠡ –  ᠳ ᠂ ᠭᠣᠮᠪᠣᠵᠠᠪ Төгсгөлийн үг  – Д ᠂ Гомбожав

ᠲᠡᠭᠦᠰᠬᠡᠯ ᠦᠨ ᠦᠭᠡ –  ᠳ ᠂ ᠭᠣᠮᠪᠣᠵᠠᠪ Төгсгөлийн үг  – Д ᠂ Гомбожав

ᠠᠩᠭᠢᠯᠠᠯ:ᠬᠣᠱᠣᠩ ᠱᠣᠭ
2023-09-01

256

ᠲᠡᠭᠦᠰᠬᠡᠯ ᠦᠨ ᠦᠭᠡ


                                  ( ᠬᠣᠱᠣᠩ ᠥᠭᠦᠯᠡᠯᠭᠡ)    

       ᠨᠥᠬᠥᠳ ᠭᠡᠰᠢᠭᠦᠳ ᠦ᠋ᠨ ᠰᠠᠨᠠᠯ ᠰᠢᠭᠦᠮᠵᠢᠯᠡᠯ ᠢ᠋ ᠠᠩᠬᠠᠷᠤᠯ ᠲᠠᠢ ᠰᠣᠨᠣᠰᠤᠯ᠎ᠠ᠃ ᠴᠠᠭᠠᠰᠢᠳᠠ ᠶ᠋ᠢᠨ ᠠᠵᠢᠯ ᠳ᠋ᠤ᠌ ᠬᠡᠷᠡᠭᠯᠡᠬᠦ ᠵᠦᠢᠯ ᠶᠡᠬᠡ ᠪᠠᠢᠬᠤ ᠪᠣᠯᠪᠠᠴᠤ ᠪᠢ ᠲᠡᠷᠡ ᠪᠣᠯᠭᠠᠨ ᠢ᠋ ᠳᠠᠪᠲᠠᠨ ᠨᠤᠷᠰᠢᠵᠤ ᠴᠠᠭ ᠦᠷᠡᠯ ᠦᠭᠡᠢ ᠭᠠᠭᠴᠠ ᠬᠦ᠌ ᠵᠠᠷᠢᠮ ᠪᠣᠯᠴᠢᠮ ᠦᠭᠡᠢ ᠰᠢᠭᠦᠮᠵᠢᠯᠡᠯ ᠦ᠋ᠨ ᠲᠠᠯ᠎ᠠ ᠪᠠᠷ ᠶᠠᠷᠢᠶ᠎ᠠ ᠭᠡᠵᠦ ᠨᠢᠭᠡᠳᠦᠯ ᠦ᠋ᠨ ᠳᠠᠷᠤᠭ᠎ᠠ ᠪᠠᠯᠳᠠᠨ ᠦᠭᠡ ᠪᠡᠨ ᠡᠬᠢᠯᠡᠪᠡ᠃ 
       ᠨᠠᠮ᠎ᠠ ᠶ᠋ᠢ ᠬᠦᠨᠳᠦ ᠰᠤᠷᠲᠠᠯ ᠲᠠᠢ ᠭᠡᠵᠦ ᠵᠠᠷᠢᠮ ᠨᠢ ᠬᠡᠯᠡᠵᠦ ᠪᠠᠢᠨ᠎ᠠ᠃ ᠪᠢ ᠪᠣᠯ ᠬᠦᠨᠳᠦ ᠰᠤᠷᠲᠠᠯᠳᠠᠨ ᠪᠢᠰᠢ ᠠ᠋᠃ ᠬᠦᠨᠳᠦ ᠰᠤᠷᠲᠠᠯᠳᠠᠨ ᠪᠣᠯ ᠺᠣᠨᠲ᠋ᠣᠷ ᠠ᠋ᠴᠠ ᠭᠠᠷᠳᠠᠭ ᠦᠭᠡᠢ ᠪᠠᠢᠬᠤ ᠶᠣᠰᠣᠲᠠᠢ᠃ ᠭᠡᠲᠡᠯ᠎ᠡ ᠪᠢ ᠪᠣᠯ ᠺᠣᠨᠲ᠋ᠣᠷ ᠲᠤ᠌ ᠪᠠᠷᠤᠭ ᠣᠷᠣᠳᠠᠭ ᠦᠭᠡᠢ᠃ 
       ᠬᠦᠨᠳᠦ ᠰᠤᠷᠲᠠᠯᠳᠠᠨ ᠪᠣᠯ ᠰᠢᠷᠡᠭᠡᠨ ᠦ᠌ ᠠᠷᠤ ᠳ᠋ᠤ᠌ ᠰᠠᠭᠤᠳᠠᠭ ᠪᠠᠢᠬᠤ ᠶᠣᠰᠣᠲᠠᠢ᠃ ᠭᠡᠲᠡᠯ᠎ᠡ ᠮᠢᠨᠦ ᠪᠡᠶ᠎ᠡ ᠪᠣᠯ ᠰᠢᠷᠡᠭᠡᠨ ᠦ᠌ ᠠᠷᠤ ᠳ᠋ᠤ᠌ ᠪᠠᠷᠤᠭ ᠰᠠᠭᠤᠳᠠᠭ ᠦᠭᠡᠢ᠃ ᠬᠠᠶᠠ ᠴᠣᠬᠣᠯᠲᠠ ᠬᠢᠬᠦ ᠲᠤᠰᠢᠶᠠᠯ ᠳ᠋ᠤ᠌ ᠭᠠᠷ ᠤ᠋ᠨ ᠦᠰᠦᠭ ᠵᠢᠷᠤᠬᠤ ᠳ᠋ᠤ᠌ ᠰᠢᠷᠡᠭᠡᠨ ᠦ᠌ ᠠᠷᠤ ᠳ᠋ᠤ᠌ ᠠᠷᠭ᠎ᠠ ᠦᠭᠡᠢ ᠰᠠᠭᠤᠳᠠᠭ ᠪᠥᠭᠡᠳ ᠡᠭᠦᠨ ᠢ᠋ ᠬᠦᠨᠳᠦ ᠰᠤᠷᠲᠠᠯ ᠭᠡᠬᠦ ᠪᠦᠳᠦᠭᠦᠨ ᠵᠢᠷᠦᠬᠡᠲᠡᠨ ᠭᠠᠷᠬᠤ ᠦᠭᠡᠢ ᠪᠠᠢᠬ᠎ᠠ᠃ ᠬᠦᠨᠳᠦ ᠰᠤᠷᠲᠠᠯᠳᠠᠨ ᠪᠣᠯ ᠠᠪᠳᠠᠷ᠎ᠠ ᠱᠦᠭᠦᠢ ᠳᠦᠭᠦᠷᠡᠩ ᠪᠢᠴᠢᠭ ᠴᠠᠭᠠᠰᠤ ᠬᠤᠷᠢᠶᠠᠵᠤ ᠲᠡᠭᠦᠨ ᠳ᠋ᠡᠭᠡᠨ ᠳᠠᠷᠤᠭᠳᠠᠨ ᠪᠣᠳᠣᠯᠭᠠᠰᠢᠷᠠᠵᠤ ᠰᠠᠭᠤᠬᠤ ᠶᠣᠰᠣᠲᠠᠢ᠃ ᠭᠡᠲᠡᠯ᠎ᠡ ᠮᠢᠨᠦ ᠱᠦᠭᠦᠢ ᠳ᠋ᠦ᠍ ᠡᠨᠡ ᠬᠣᠶᠠᠷ ᠬᠠᠪᠲᠠᠰᠤ ᠠ᠋ᠴᠠ ᠥᠭᠡᠷ᠎ᠡ ᠵᠦᠢᠯ ᠪᠠᠢᠬᠤ ᠦᠭᠡᠢ ᠭᠡᠳ ᠪᠠᠯᠳᠠᠨ ᠬᠣᠶᠠᠷ ᠬᠠᠷ᠎ᠠ ᠬᠠᠪᠲᠠᠰᠤ ᠭᠠᠷᠭᠠᠨ ᠬᠤᠷᠠᠯᠳᠤᠭᠰᠠᠳ ᠲᠤ᠌ ᠬᠠᠷᠠᠭᠤᠯᠬᠤ ᠳ᠋ᠤ᠌ ᠬᠥᠮᠦᠰ ᠢᠨᠢᠶᠡᠯᠳᠦᠪᠡᠯ᠂ ᠦᠨᠡᠬᠡᠷ ᠢᠨᠢᠶᠡᠮᠡᠷ ᠬᠡᠷᠡᠭ ᠰᠢᠦ᠂ ᠳᠡᠭᠡᠳᠦ ᠭᠠᠵᠠᠷ ᠤ᠋ᠨ ᠲᠤᠰᠢᠶᠠᠯ ᠵᠢᠭᠠᠪᠤᠷᠢ᠂ ᠥᠪᠡᠷ ᠦ᠋ᠨ ᠲᠤᠰᠢᠶᠠᠯ ᠵᠡᠷᠭᠡ ᠶ᠋ᠢ ᠬᠢᠳᠡᠭ ᠬᠣᠶᠠᠷᠬᠠᠨ ᠬᠠᠪᠲᠠᠰᠤ ᠲᠠᠢ ᠬᠥᠮᠦᠨ ᠢ᠋ ᠬᠦᠨᠳᠦ ᠰᠤᠷᠲᠠᠯᠳᠠᠨ ᠭᠡᠬᠦ ᠶᠠᠮᠠᠷ ᠦᠨᠳᠦᠰᠦ ᠪᠠᠢᠨ᠎ᠠ ᠭᠡᠵᠦ ᠳᠠᠷᠤᠭ᠎ᠠ ᠢᠨᠢᠶᠡᠭᠡᠳ ᠤᠷᠮ᠎ᠠ ᠵᠣᠷᠢᠭ ᠣᠷᠣᠪᠠ᠃ 
       ᠬᠤᠷᠠᠯ ᠤ᠋ᠨ ᠬᠢᠨ ᠴᠣᠬᠣᠮ ᠶᠠᠭᠠᠬᠢᠭᠠᠳ ᠢᠨᠢᠶᠡᠭᠰᠡᠨ ᠢ᠋ ᠳᠠᠷᠤᠭ᠎ᠠ ᠣᠢᠯᠠᠭᠠᠭᠰᠠᠨ ᠦᠭᠡᠢ ᠪᠣᠯᠤᠯᠲᠠᠢ᠃ ᠴᠠᠭᠠᠱᠢ ᠶᠠᠷᠢᠶ᠎ᠠ ᠪᠠᠨ ᠦᠷᠭᠦᠯᠵᠢᠯᠡᠭᠦᠯᠵᠦ ᠬᠦᠨᠳᠦ ᠰᠤᠷᠲᠠᠯᠳᠠᠨ ᠪᠣᠯ ᠨᠣᠮ ᠤᠩᠰᠢᠳᠠᠭ ᠦᠭᠡᠢ ᠪᠠᠢᠬᠤ ᠶᠣᠰᠣᠲᠠᠢ᠃ ᠭᠡᠲᠡᠯ᠎ᠡ ᠪᠢ ᠪᠣᠯ ᠨᠢᠭᠡᠳᠦᠯ ᠦ᠋ᠨ ᠳᠦᠷᠢᠮ ᠡᠴᠡ ᠡᠬᠢᠯᠡᠭᠡᠳ ᠡᠳᠦᠷ ᠲᠤᠲᠤᠮ ᠤ᠋ᠨ ᠰᠣᠨᠢᠨ ᠠᠯᠭᠠᠰᠠᠯ ᠦᠭᠡᠢ ᠤᠩᠰᠢᠳᠠᠭ ᠪᠢᠯᠡ᠃ ᠡᠭᠦᠨ ᠢ᠋ ᠮᠠᠨ ᠤ᠋ ᠡᠬᠡᠨᠡᠷ ᠨᠥᠬᠥᠷ ᠭᠠᠸᠠᠯᠠᠮ᠎ᠠ ᠰᠠᠢᠨ ᠮᠡᠳᠡᠨ᠎ᠡ᠃ ᠨᠥᠬᠥᠷ ᠭᠠᠸᠠᠯᠠᠮ᠎ᠠ ᠬᠡᠳᠦᠢᠪᠡᠷ ᠮᠢᠨᠦ ᠡᠬᠡᠨᠡᠷ ᠪᠣᠯᠪᠠᠴᠤ ᠨᠠᠮ ᠤ᠋ᠨ ᠬᠥᠮᠦᠨ ᠤᠴᠢᠷ ᠰᠢᠳᠤᠷᠭᠤ ᠪᠠᠢᠬᠤ ᠶᠣᠰᠣᠲᠠᠢ ᠭᠡᠬᠦ ᠳ᠋ᠦ᠍ ᠤᠯᠠᠭᠠᠨ ᠲᠣᠷᠭᠠᠨ ᠳᠡᠪᠡᠯ ᠲᠡᠢ ᠵᠠᠯᠠᠭᠤᠪᠲᠤᠷ ᠠᠪᠠᠭᠠᠢ ᠶ᠋ᠢᠨ ᠨᠢᠭᠤᠷ ᠳᠡᠪᠡᠯ ᠰᠢᠭ ᠢ᠋ᠶ᠋ᠡᠷ ᠥᠩᠭᠡᠲᠡᠢ ᠪᠣᠯᠤᠭᠰᠠᠨ ᠢ᠋ᠶ᠋ᠠᠨ ᠪᠢᠲᠡᠭᠡᠢ ᠳᠡᠮᠡᠢ ᠶᠠᠭᠤᠮ᠎ᠠ ᠶᠠᠷᠢ ᠭᠡᠵᠦ ᠬᠡᠯᠡᠬᠦ ᠳ᠋ᠦ᠍ ᠬᠥᠮᠦᠰ ᠢᠨᠢᠶᠡᠯᠳᠦᠵᠦ᠂ ᠪᠠᠯᠳᠠᠨ ᠭᠤᠸᠠᠢ ᠴᠠᠭᠠᠱᠢ ᠶᠠᠷᠢᠬᠤ ᠳ᠋ᠠᠭᠠᠨ ᠨᠥᠬᠥᠷ ᠭᠠᠸᠠᠯᠠᠮ᠎ᠠ ᠰᠢᠳᠤᠷᠭᠤ ᠶᠤᠮ ᠪᠣᠯ ᠨᠠᠮ᠎ᠠ ᠶ᠋ᠢ᠂ ᠭᠦᠳᠬᠡᠯᠭᠡ ᠡᠴᠡ ᠬᠠᠮᠠᠭᠠᠯᠠᠬᠤ ᠶᠣᠰᠣᠲᠠᠢ᠃ ᠬᠥᠮᠦᠨ ᠦ᠌ ᠶᠠᠷᠢᠶ᠎ᠠ ᠲᠠᠰᠤᠯᠵᠤ ᠵᠣᠬᠢᠰ ᠦᠭᠡᠢ ᠪᠠᠢᠳᠠᠯ ᠭᠠᠷᠭᠠᠵᠤ ᠪᠠᠢᠨ᠎ᠠ᠃ ᠲᠠ ᠪᠢᠳᠡ ᠬᠣᠶᠠᠷ ᠲᠠᠪᠤᠨ ᠬᠠᠨᠠᠲᠤ ᠪᠠᠢᠭ᠎ᠠ ᠪᠢᠰᠢ ᠰᠢᠦ ᠭᠡᠵᠦ ᠪᠠᠷᠭᠢᠶ᠎ᠠ ᠪᠦᠳᠦᠭᠦᠨ ᠳᠠᠭᠤ ᠪᠠᠷ ᠬᠡᠯᠡᠭᠰᠡᠨ ᠢ᠋ᠶ᠋ᠡᠷ ᠰᠢᠷᠡᠭᠡ ᠪᠡᠨ ᠨᠢᠭᠡ ᠰᠢᠭᠠᠭᠠᠳ ᠠᠪᠴᠠᠢ᠃ ᠵᠠ ᠪᠠᠰᠠ ᠬᠦᠨᠳᠦ ᠰᠤᠷᠲᠠᠯᠲᠠᠨ ᠪᠣᠯ ᠰᠢᠷᠡᠭᠡ ᠰᠢᠭᠠᠬᠤ ᠶᠣᠰᠣᠲᠠᠢ ᠪᠥᠭᠡᠳ ᠭᠡᠬᠦ ᠳ᠋ᠡᠭᠡᠨ ᠮᠢᠨᠦ ᠭᠠᠭᠴᠠ ᠤᠳᠠᠭ᠎ᠠ ᠶ᠋ᠢᠨ ᠣᠰᠣᠯ ᠢ᠋ᠶ᠋ᠠᠷ ᠰᠢᠷᠡᠭᠡ ᠰᠢᠭᠠᠭᠰᠠᠨ ᠢ᠋ ᠳᠠᠯᠢᠮᠳᠠᠭᠤᠯᠵᠤ ᠪᠣᠯᠬᠤ ᠦᠭᠡᠢ ᠭᠡᠵᠦ ᠬᠡᠯᠡᠬᠦ ᠳ᠋ᠦ᠍ ᠨᠢᠭᠡᠳᠦᠯ ᠦ᠋ᠨ ᠭᠡᠰᠢᠭᠦᠨ ᠨᠢᠷᠬᠢᠲᠡᠯ᠎ᠡ ᠢᠨᠢᠶᠡᠪᠡ᠃ ᠡᠨᠡ ᠤᠳᠠᠭ᠎ᠠ ᠢᠨᠢᠶᠡᠭᠰᠡᠨ ᠤᠴᠢᠷ ᠢ᠋ ᠳᠠᠷᠤᠭ᠎ᠠ ᠣᠢᠯᠠᠭᠠᠭᠰᠠᠨ ᠪᠣᠯᠤᠯᠲᠠᠢ᠃ ᠨᠥᠬᠥᠳ ᠠ᠋᠂ ᠢᠨᠢᠶᠡᠬᠦ ᠪᠣᠯ ᠵᠦᠢᠲᠡᠢ ᠪᠥᠭᠡᠳ ᠪᠠᠶᠠᠰᠬᠤ ᠶ᠋ᠢᠨ ᠭᠣᠣᠯ ᠨᠢᠭᠡ ᠬᠡᠯᠪᠡᠷᠢ᠃ ᠭᠡᠬᠦ ᠳ᠋ᠡᠭᠡᠨ ᠠᠵᠢᠯ ᠲᠥᠷᠥᠯ ᠦ᠋ᠨ ᠦᠶ᠎ᠡ ᠪᠡᠷ ᠢᠯᠠᠩᠭᠤᠶ᠎ᠠ ᠠᠯᠪᠠᠨ ᠬᠤᠷᠠᠯ ᠤ᠋ᠨ ᠴᠠᠭ ᠢ᠋ᠶ᠋ᠠᠷ ᠢᠨᠢᠶᠡᠬᠦ ᠨᠢ ᠦᠵᠡᠯ ᠰᠤᠷᠲᠠᠯ ᠳᠣᠷᠣᠢ ᠶ᠋ᠢᠨ ᠲᠣᠳᠣᠷᠬᠠᠢ ᠢᠯᠡᠷᠡᠯ ᠶᠦ᠍ᠮ᠃ ᠮᠢᠨᠦ ᠪᠡᠶ᠎ᠡ ᠨᠢᠭᠡᠳᠦᠯ ᠦ᠋ᠨ ᠤᠳᠤᠷᠢᠳᠤᠯᠭ᠎ᠠ ᠶ᠋ᠢᠨ ᠬᠤᠪᠢ ᠪᠠᠷ ᠠᠯᠪᠠᠨ ᠴᠠᠭ ᠢ᠋ᠶ᠋ᠠᠷ ᠢᠨᠢᠶᠡᠬᠦ ᠶ᠋ᠢ ᠰᠢᠭᠤᠳ ᠬᠣᠷᠢᠭᠯᠠᠨ᠎ᠠ ᠭᠡᠪᠡ᠃ 
       ᠵᠠᠷᠢᠮ ᠨᠥᠬᠥᠳ ᠨᠢᠭᠡᠳᠦᠯ ᠦ᠋ᠨ ᠲᠥᠪ ᠲᠦ᠍ ᠴᠢᠳᠧᠩ ᠲᠠᠯᠪᠢᠬᠤ ᠰᠠᠨᠠᠯ ᠲᠠᠯᠪᠢᠵᠤ ᠪᠠᠢᠨ᠎ᠠ᠃ ᠨᠡᠢᠭᠡᠮ ᠵᠢᠷᠤᠮ ᠳ᠋ᠤ᠌ ᠴᠠᠬᠢᠯᠭᠠᠨ ᠬᠡᠷᠡᠭᠲᠡᠢ ᠭᠡᠰᠡᠨ ᠰᠤᠷᠭᠠᠯ ᠪᠠᠢᠬᠤ ᠪᠣᠯᠪᠠᠴᠤ ᠯᠠ ᠬᠡᠷᠡᠭ ᠦᠭᠡᠢ ᠭᠡᠰᠡᠨ ᠰᠤᠷᠭᠠᠯ ᠪᠠᠰᠠ ᠪᠠᠢᠬᠤ ᠦᠭᠡᠢ ᠰᠢᠦ ᠳᠡ᠃ ᠶᠡᠷᠦ ᠡᠴᠡ ᠪᠡᠨ ᠥᠭᠡᠬᠦᠨ ᠳ᠋ᠧᠩ ᠠ᠋ᠴᠠ ᠪᠠᠨ ᠯᠠ ᠳ᠋ᠤ᠌ ᠰᠢᠯᠵᠢᠭᠰᠡᠨ ᠶᠠᠪᠤᠳᠠᠯ ᠨᠢᠭᠡ ᠠᠯᠬᠤᠮ ᠠᠭᠢᠭᠰᠠᠨ ᠬᠡᠷᠡᠭ ᠭᠡᠵᠦ ᠮᠢᠨᠦ ᠪᠡᠶ᠎ᠡ ᠦᠵᠡᠵᠦ ᠪᠠᠢᠭ᠎ᠠ ᠪᠥᠭᠡᠳ ᠪᠢᠳᠡ ᠬᠡᠵᠢᠶ᠎ᠡ ᠨᠢᠭᠡ ᠴᠠᠭ ᠲᠤ᠌ ᠴᠠᠬᠢᠯᠭᠠᠨ ᠴᠢᠳᠧᠩ ᠳ᠋ᠦ᠍ ᠰᠢᠯᠵᠢᠬᠦ ᠨᠢ ᠳᠠᠮᠵᠢᠭ ᠦᠭᠡᠢ ᠪᠣᠯᠪᠠᠴᠤ ᠤᠯᠤᠰ ᠲᠥᠷᠥ᠂ ᠡᠳ᠋ ᠦ᠋ᠨ ᠵᠠᠰᠠᠭ ᠤ᠋ᠨ ᠤᠬᠠᠭᠠᠨ ᠤ᠋ ᠡᠭᠦᠳᠡᠨ ᠡᠴᠡ ᠨᠢᠭᠡᠳᠦᠯ ᠦ᠋ᠨ ᠡᠳ᠋ ᠦ᠋ᠨ ᠵᠠᠰᠠᠭ ᠤ᠋ᠨ ᠪᠣᠯᠤᠯᠴᠠᠭ᠎ᠠ ᠶ᠋ᠢ ᠪᠢ ᠰᠤᠳᠤᠯᠬᠤ ᠪᠣᠯᠤᠨ᠎ᠠ᠃ 
       ᠨᠠᠮ᠎ᠠ ᠶ᠋ᠢ ᠲᠣᠳᠣᠷᠬᠠᠢ ᠤᠳᠤᠷᠢᠳᠤᠯᠭ᠎ᠠ ᠦᠭᠡᠢ ᠭᠡᠵᠦ ᠶᠠᠷᠢᠵᠤ ᠪᠠᠢᠨ᠎ᠠ᠃ ᠡᠨᠡ ᠪᠣᠯ ᠭᠦᠳᠬᠡᠯᠭᠡ ᠪᠥᠭᠡᠳ ᠮᠢᠨᠦ ᠥᠪᠡᠷ ᠦ᠋ᠨ ᠲᠡᠮᠳᠡᠭᠯᠡᠯ ᠡᠭᠦᠨ ᠢ᠋ ᠪᠠᠲᠤᠯᠠᠨ᠎ᠠ᠃ ᠭᠠᠭᠴᠠᠬᠠᠨ ᠵᠢᠱ᠌ᠢᠶ᠎ᠡ ᠬᠡᠯᠡᠶ᠎ᠡ᠂ ᠨᠢᠭᠡᠳᠦᠭᠡᠷ ᠰᠠᠷ᠎ᠠ ᠶ᠋ᠢᠨ ᠬᠣᠷᠢᠨ ᠳᠥᠷᠪᠡᠨ ᠲᠡᠰᠬᠢᠮ᠎ᠡ ᠬᠦᠢᠲᠡᠨ ᠡᠴᠡ ᠨᠢᠴᠤᠯᠲᠠ ᠦᠭᠡᠢ ᠪᠡᠷ ᠮᠢᠨᠦ ᠪᠡᠶ᠎ᠡ ᠦᠬᠡᠷ ᠦ᠋ᠨ ᠰᠠᠭᠤᠷᠢ ᠳᠡᠭᠡᠷ᠎ᠡ ᠣᠴᠢᠪᠠ᠃ ᠪᠠᠷᠢᠭᠠᠳᠠ ᠶ᠋ᠢᠨ ᠭᠡᠰᠢᠭᠦᠨ ᠨᠢᠭᠡᠪᠦᠷᠢ ᠲᠡᠢ ᠭᠠᠷ ᠪᠠᠷᠢᠨ ᠮᠡᠨᠳᠦᠯᠡᠪᠡ ᠭᠡᠵᠦ ᠳᠠᠷᠤᠭ᠎ᠠ ᠲᠡᠮᠳᠡᠭᠯᠡᠯ ᠢ᠋ᠶ᠋ᠡᠷ ᠤᠩᠰᠢᠭᠰᠠᠨ ᠢ᠋ᠶ᠋ᠠᠨ ᠲᠠᠢᠯᠪᠤᠷᠢ ᠬᠢᠵᠦ ᠨᠢᠭᠡᠳᠦᠯ ᠦ᠋ᠨ ᠳᠠᠷᠤᠭ᠎ᠠ ᠲᠦᠮᠡᠨ ᠡᠴᠡ ᠬᠥᠨᠳᠡᠢᠷᠡᠭᠡ ᠦᠭᠡᠢ ᠲᠡᠳᠡᠨ ᠢ᠋ ᠬᠠᠯᠠᠮᠵᠢᠯᠠᠵᠤ ᠪᠡᠶᠡᠴᠢᠯᠡᠨ ᠤᠳᠤᠷᠢᠳᠤᠳᠠᠭ ᠢ᠋ ᠬᠠᠷᠠᠭᠤᠯᠤᠭᠰᠠᠨ ᠬᠡᠷᠡᠭ ᠪᠢᠰᠢ ᠦᠦ᠃ 
       ᠴᠠᠭᠠᠱᠢ ᠨᠢ ᠪᠢ ᠲᠡᠷᠡ ᠡᠳᠦᠷ ᠬᠣᠶᠠᠷ ᠪᠢᠷᠠᠭᠤ ᠣᠰᠤᠭᠤᠵᠤ ( ᠬᠥᠯᠳᠡᠵᠦ) ᠦᠬᠦᠭᠰᠡᠨ ᠢ᠋ ᠪᠡᠶᠡᠴᠢᠯᠡᠨ ᠦᠵᠡᠭᠰᠡᠨ ᠪᠥᠭᠡᠳ ᠦᠨᠡᠬᠡᠷ ᠪᠥᠭᠡᠷ᠎ᠡ ᠠᠯᠠᠭ ᠪᠢᠷᠠᠭᠤ᠂ ᠬᠠᠷ᠎ᠠ ᠪᠢᠷᠠᠭᠤ ᠬᠣᠶᠠᠷ ᠦᠬᠦᠭᠰᠡᠨ ᠪᠠᠢᠨ᠎ᠠ ᠪᠢᠯᠡ᠃ ᠪᠢ ᠲᠡᠭᠡᠬᠦ ᠳ᠋ᠦ᠍ ᠬᠥᠭᠡᠷᠦᠬᠦᠢ ᠪᠢᠷᠠᠭᠤ ᠶ᠋ᠢ ᠦᠷᠦ ᠡᠪᠡᠳᠬᠦ ᠳ᠋ᠡᠭᠡᠨ ᠡᠬᠡ ᠳ᠋ᠦ᠍ᠨᠢ ᠨᠡᠮᠡᠭᠳᠡᠯ ᠲᠡᠵᠢᠭᠡᠯ ᠥᠭᠬᠦ ᠶ᠋ᠢ ᠳᠠᠭᠠᠭᠠᠯᠭᠠᠭᠰᠠᠨ ᠶᠤᠮ᠃ ᠡᠨᠡ ᠪᠣᠯ ᠬᠥᠮᠦᠨ ᠪᠠᠢᠲᠤᠭᠠᠢ ᠮᠠᠯ ᠤ᠋ᠨ ᠲᠥᠯᠥᠭᠡ ᠮᠢᠨᠦ ᠬᠡᠴᠢᠨᠡᠭᠡᠨ ᠬᠠᠯᠠᠮᠵᠢ ᠠᠩᠬᠠᠷᠤᠯ᠂ ᠡᠴᠢᠭᠡ ᠶᠣᠰᠣᠨ ᠤ᠋ ᠡᠨᠡᠷᠢᠯ ᠲᠠᠯᠪᠢᠳᠠᠭ ᠤ᠋ᠨ ᠢᠯᠡᠷᠡᠯ ᠳᠠᠷᠤᠢ ᠮᠥᠨ᠃  
       ᠲᠠᠰᠢᠷᠠᠮ ᠳ᠋ᠤ᠌ ᠬᠡᠯᠡᠬᠦ ᠳ᠋ᠦ᠍ ᠨᠠᠮ᠎ᠠ ᠶ᠋ᠢ ᠭᠡᠰᠢᠭᠦᠳ ᠦ᠋ᠨ ᠢ᠋ᠶ᠋ᠡᠷ ᠲᠥᠯᠥᠭᠡ ᠬᠠᠯᠠᠮᠵᠢ ᠲᠠᠯᠪᠢᠳᠠᠭ ᠦᠭᠡᠢ᠂ ᠪᠣᠯᠪᠠᠰᠤᠨ ᠭᠡᠷ ᠪᠦᠯᠢ ᠪᠣᠯᠬᠤ ᠲᠠᠯ᠎ᠠ ᠪᠠᠷ ᠵᠠᠯᠠᠭᠤᠴᠤᠳ ᠢ᠋ ᠳᠡᠮᠵᠢᠳᠡᠭ ᠦᠭᠡᠢ ᠭᠡᠵᠦ ᠪᠠᠢᠨ᠎ᠠ᠃ ᠪᠢ ᠪᠣᠯ ᠨᠥᠬᠥᠷ ᠭᠠᠸᠠᠯᠠᠮ᠎ᠠ ᠲᠠᠢ ᠠᠷᠪᠠᠨ ᠵᠢᠯ ᠪᠣᠯᠪᠠᠰᠤᠨ ᠭᠡᠷ ᠪᠦᠯᠢ ᠪᠣᠯᠵᠤ ᠲᠠᠪᠤᠨ ᠬᠡᠦᠬᠡᠳ ᠲᠥᠷᠥᠭᠦᠯᠦᠭᠰᠡᠨ ᠤᠴᠢᠷ ᠪᠣᠯᠪᠠᠰᠤᠨ ᠭᠡᠷ ᠪᠦᠯᠢ ᠪᠣᠯᠬᠤ ᠶ᠋ᠢᠨ ᠴᠢᠬᠤᠯᠠ ᠶ᠋ᠢ ᠬᠤᠪᠢ ᠶ᠋ᠢᠨ ᠠᠮᠢᠳᠤᠷᠠᠯ ᠤ᠋ᠨ ᠲᠤᠷᠰᠢᠯᠭ᠎ᠠ ᠠ᠋ᠴᠠ ᠴᠤ᠌ ᠣᠢᠯᠠᠭᠠᠭᠰᠠᠨ ᠶᠤᠮ᠃ ᠬᠠᠷᠢᠨ ᠲᠡᠭᠡᠬᠦ ᠳ᠋ᠡᠭᠡᠨ ᠠᠵᠢᠯ ᠲᠥᠷᠥᠯ ᠦ᠋ᠨ ᠦᠶ᠎ᠡ ᠪᠡᠷ ᠳᠤᠷᠠᠯᠠᠬᠤ ᠶᠠᠪᠤᠳᠠᠯ ᠪᠣᠯ ᠪᠤᠷᠤᠭᠤ᠂ ᠭᠠᠭᠴᠠ ᠪᠠᠷᠢᠮᠲᠠ ᠬᠡᠯᠡᠬᠦ ᠳ᠋ᠦ᠍ ᠠᠳᠤᠭᠤᠴᠢᠨ ᠳᠣᠷᠵᠢ ᠬᠣᠨᠢᠴᠢᠨ ᠳᠤᠯᠮ᠎ᠠ ᠬᠣᠶᠠᠷ ᠬᠣᠨᠢᠨ ᠳᠡᠭᠡᠷ᠎ᠡ ᠠᠭᠤᠯᠵᠠᠭᠠᠳ ᠪᠠᠢᠭᠰᠠᠨ ᠰᠤᠷᠠᠭ ᠪᠠᠢᠬᠤ ᠪᠥᠭᠡᠳ ᠬᠡᠳᠦᠢᠪᠡᠷ ᠬᠠᠢᠷ᠎ᠠ ᠰᠡᠳᠬᠢᠯ ᠬᠦᠴᠦᠲᠡᠢ ᠪᠣᠯᠪᠠᠴᠤ ᠠᠯᠪᠠ ᠠᠵᠢᠯ ᠤ᠋ᠨ ᠴᠠᠭ ᠢ᠋ᠶ᠋ᠠᠷ ᠳᠤᠷᠠᠯᠠᠬᠤ ᠶ᠋ᠢ ᠪᠢ ᠰᠢᠭᠤᠳ ᠬᠣᠷᠢᠭᠯᠠᠨ᠎ᠠ᠃ ᠦᠨᠡᠨᠴᠢ ᠳᠤᠷᠠᠯᠠᠯ ᠴᠢᠬᠤᠯᠠ ᠪᠥᠭᠡᠳ ᠲᠠ ᠪᠦᠬᠦᠨ ᠳ᠋ᠦ᠍ ᠢᠯᠠᠩᠭᠤᠶ᠎ᠠ ᠵᠠᠯᠠᠭᠤᠴᠤᠳ ᠲᠤ᠌ ᠪᠣᠯᠪᠠᠰᠤᠨ ᠭᠡᠷ ᠪᠦᠯᠢ ᠪᠣᠯᠬᠤ ᠶ᠋ᠢ ᠪᠢ ᠬᠦᠰᠡᠬᠦ ᠪᠣᠯᠪᠠᠴᠤ ᠡᠨᠡ ᠬᠤᠷᠠᠯ ᠨᠢ ᠳᠤᠷᠠᠯᠠᠯ ᠰᠡᠳᠬᠢᠯ ᠦ᠋ᠨ ᠬᠤᠷᠠᠯ ᠪᠢᠰᠢ ᠪᠥᠭᠡᠳ ᠮᠢᠨᠦ ᠪᠡᠶ᠎ᠡ ᠨᠢ ᠭᠡᠷ ᠪᠦᠯᠢ ᠶ᠋ᠢᠨ ᠲᠣᠪᠴᠢᠶᠠᠨ ᠤ᠋ ᠪᠠᠢᠴᠠᠭᠠᠭᠴᠢ ᠪᠢᠰᠢ ᠤᠴᠢᠷ ᠡᠭᠦᠨ ᠢ᠋ᠶ᠋ᠡᠷ ᠬᠢᠵᠠᠭᠠᠷᠯᠠᠶ᠎ᠠ᠃ 
       ᠨᠥᠬᠥᠳ ᠦ᠋ᠨ ᠰᠢᠭᠦᠮᠵᠢᠯᠡᠯ ᠳ᠋ᠦ᠍ ᠨᠠᠳᠠ ᠬᠣᠯᠪᠣᠭᠳᠠᠯ ᠦᠭᠡᠢ ᠵᠦᠢᠯ ᠦᠯᠡᠮᠵᠢ ᠪᠠᠢᠬᠤ ᠪᠥᠭᠡᠳ ᠵᠠᠷᠢᠮ ᠢ᠋ ᠨᠢ ᠴᠤᠬᠤᠰ ᠬᠡᠯᠡᠬᠦ ᠳ᠋ᠦ᠍ ᠮᠠᠯ ᠲᠠᠷᠭᠤᠯᠠᠭ᠎ᠠ ᠦᠭᠡᠢ ᠶᠠᠪᠤᠳᠠᠯ ᠪᠣᠯ ᠵᠣᠣᠲ᠋ᠧᠭᠨᠢᠭᠴᠢᠨ① ᠦ᠌ ᠪᠤᠷᠤᠭᠤ ᠶᠤᠮ᠃ ᠡᠭᠦᠨ ᠳᠡᠭᠡᠷ᠎ᠡ ᠨᠡᠮᠡᠵᠦ ᠬᠡᠯᠡᠬᠦ ᠳ᠋ᠦ᠍ ᠪᠢ ᠲᠡᠷᠡ ᠮᠠᠯ ᠤ᠋ᠨ ᠡᠪᠡᠰᠦ ᠶ᠋ᠢ ᠢᠳᠡᠵᠦ ᠤᠰᠤ ᠶ᠋ᠢ ᠤᠤᠭᠤᠳᠠᠭ ᠦᠭᠡᠢ᠂ ᠭᠡᠬᠦ ᠳ᠋ᠡᠭᠡᠨ ᠪᠢ ᠵᠣᠬᠢᠬᠤ ᠬᠡᠮᠵᠢᠶᠡᠨ ᠦ᠌ ᠤᠰᠤ ᠶ᠋ᠢ ᠴᠠᠢ ᠪᠣᠯᠭᠠᠨ ᠨᠠᠢᠷᠠᠭᠤᠯᠵᠤ ᠤᠤᠭᠤᠳᠠᠭ ᠨᠢ ᠦᠨᠡᠨ ᠪᠣᠯᠪᠠᠴᠤ ᠡᠨᠡ ᠨᠢ ᠣᠨᠴᠠ ᠨᠥᠯᠥᠭᠡ ᠦᠭᠡᠢ᠂ ᠪᠥᠭᠡᠳ ᠲᠠ ᠪᠦᠬᠦᠨ ᠴᠥᠮ ᠤᠤᠭᠤᠳᠠᠭ ᠰᠢᠦ ᠳᠡ᠃ ᠵᠠ ᠪᠠᠰᠠ ᠳᠠᠭᠠᠨ᠎ᠠ ᠶ᠋ᠢᠨ ᠰᠣᠷᠢᠰᠤ ᠪᠠᠭ᠎ᠠ ᠵᠡᠷᠭᠡ ᠬᠢᠳᠡᠭ ᠨᠢ ᠮᠠᠯ ᠤ᠋ᠨ ᠪᠡᠯᠴᠢᠭᠡᠷ ᠲᠦ᠍ ᠬᠣᠷᠢᠭ ᠦᠭᠡᠢ ᠪᠥᠭᠡᠳ ᠬᠠᠷᠢᠨ ᠳᠠᠭᠠᠨ᠎ᠠ ᠪᠣᠯ ᠬᠣᠭᠣᠯᠠᠨ ᠤ᠋ ᠴᠢᠬᠤᠯᠠ ᠬᠣᠯᠢᠴᠠᠨ ᠤ᠋  ᠬᠤᠪᠢ ᠳ᠋ᠤ᠌ ᠡᠳ᠋ ᠦ᠋ᠨ ᠵᠠᠰᠠᠭ ᠤ᠋ᠨ ᠴᠢᠬᠤᠯᠠ ᠠᠴᠢ ᠬᠣᠯᠪᠣᠭᠳᠠᠯ ᠲᠠᠢ ᠵᠦᠢᠯ ᠶᠦᠮ᠃ ᠤᠯᠤᠰ ᠲᠤ᠌ ᠲᠤᠰᠢᠶᠠᠬᠤ ᠰᠦᠨ ᠦ᠌ ᠲᠥᠯᠥᠪᠯᠡᠭᠡ ᠪᠡᠶᠡᠯᠡᠭᠦᠯᠦᠭᠡ ᠦᠭᠡᠢ ᠲᠤᠬᠠᠢ ᠳ᠋ᠤ᠌ ᠭᠡᠪᠡᠯ ᠬᠠᠷᠢᠭᠤᠴᠠᠭᠰᠠᠨ ᠰᠠᠭᠠᠯᠢᠴᠢᠳ ᠪᠠᠢᠬᠤ ᠪᠥᠭᠡᠳ ᠮᠢᠨᠦ ᠪᠡᠶ᠎ᠡ ᠪᠠᠰᠠ ᠦᠨᠢᠶ᠎ᠡ ᠬᠥᠬᠥᠳᠡᠭ ᠦᠭᠡᠢ᠃ ᠰᠦ ᠲᠡᠢ ᠴᠠᠢ ᠪᠠᠰᠠ ᠪᠠᠭ᠎ᠠ ᠵᠡᠷᠭᠡ ᠤᠤᠭᠤᠳᠠᠭ  ᠪᠣᠯᠪᠠᠴᠤ ᠲᠠ ᠪᠦᠬᠦᠨ ᠪᠠᠰᠠ ᠤᠤᠭᠤᠳᠠᠭ ᠰᠢᠦ ᠳᠡ ᠭᠡᠬᠦ ᠳ᠋ᠦ᠍᠂ ᠭᠡᠰᠢᠭᠦᠳ ᠳᠠᠬᠢᠨ ᠨᠢᠷᠬᠢᠲᠡᠯ᠎ᠡ ᠢᠨᠢᠶᠡᠪᠡ᠃ ᠭᠡᠲᠡᠯ᠎ᠡ ᠠᠷᠤ ᠶ᠋ᠢᠨ ᠰᠠᠭᠤᠳᠠᠯ ᠠ᠋ᠴᠠ ᠬᠥᠬᠡ ᠳᠠᠯᠢᠩᠪᠤᠨ ᠳᠡᠪᠡᠯ ᠲᠡᠢ ᠲᠠᠭᠵᠢᠭᠠᠷ ᠲᠤᠷᠠᠩᠬᠠᠢ ᠡᠪᠦᠭᠡᠨ ᠪᠣᠰᠴᠤ《 ᠨᠠᠳᠠ ᠪᠣᠯᠬᠤ ᠤᠤ》ᠭᠡᠪᠡ᠃ ᠬᠥᠮᠦᠨ ᠦ᠌ ᠦᠭᠡ ᠬᠡᠯᠡᠵᠦ ᠪᠠᠢᠬᠤ ᠳ᠋ᠤ᠌ ᠲᠠᠰᠤᠯᠳᠠᠭ ᠶᠠᠪᠤᠳᠠᠯ ᠪᠣᠯ ᠰᠢᠨ᠎ᠡ ᠦᠶ᠎ᠡ ᠳ᠋ᠦ᠍ ᠢᠯᠠᠩᠭᠤᠶ᠎ᠠ ᠨᠢᠭᠡᠳᠦᠯ ᠦ᠋ᠨ ᠤᠬᠠᠮᠰᠠᠷ ᠲᠠᠢ ᠭᠡᠰᠢᠭᠦᠳ ᠲᠦ᠍ ᠲᠠᠭᠠᠷᠠᠬᠤ ᠦᠭᠡᠢ ᠪᠣᠯᠪᠠᠴᠤ ᠪᠢ  ᠣᠯᠠᠨ ᠲᠦᠮᠡᠨ ᠦ᠌ ᠪᠡᠨ ᠦᠭᠡ ᠶ᠋ᠢ ᠴᠠᠭ ᠢᠮᠠᠭᠲᠠ ᠰᠣᠨᠣᠰᠬᠤ ᠬᠦᠰᠡᠯ ᠲᠡᠢ ᠤᠴᠢᠷ ᠲᠠ ᠬᠡᠯᠡᠯ ᠳᠡ ᠭᠡᠬᠦ ᠳ᠋ᠦ᠍ ᠳᠠᠮᠪᠢ ᠭᠤᠸᠠᠢ᠄ 
      — ᠮᠠᠯ ᠤ᠋ᠨ ᠲᠠᠷᠭᠤ᠂ ᠰᠦ ᠰᠠᠭᠠᠯᠢ ᠶ᠋ᠢᠨ ᠠᠵᠢᠯ ᠲᠠᠨ ᠳ᠋ᠤ᠌ ᠬᠠᠮᠢᠶ᠎ᠠ ᠦᠭᠡᠢ ᠪᠣᠯᠬᠣᠷ ᠲᠠ ᠴᠣᠬᠣᠮ ᠶᠠᠭᠤ ᠬᠢᠬᠦ ᠶᠣᠰᠣᠲᠠᠢ ᠪᠣᠢ? ᠭᠡᠬᠦ ᠳ᠋ᠦ᠍ ᠳᠠᠷᠤᠭ᠎ᠠ ᠶᠠᠷᠢᠶ᠎ᠠ ᠪᠠᠨ ᠦᠷᠭᠦᠯᠵᠢᠯᠡᠭᠦᠯᠵᠦ᠂ ᠮᠢᠨᠦ ᠪᠡᠶ᠎ᠡ ᠪᠣᠯ ᠲᠥᠪᠯᠡᠨ ᠶᠡᠷᠦᠩᠬᠡᠢᠯᠡᠨ  ᠤᠳᠤᠷᠢᠳᠬᠤ ᠶᠣᠰᠣᠲᠠᠢ ᠪᠥᠭᠡᠳ ᠮᠥᠨ ᠬᠦ᠌ ᠶᠡᠷᠦᠩᠬᠡᠢᠯᠡᠨ ᠲᠥᠪᠯᠡᠨ ᠤᠳᠤᠷᠢᠳᠤᠭᠰᠠᠭᠠᠷ ᠢᠷᠡᠭᠰᠡᠨ ᠶᠦ᠍ᠮ ᠭᠡᠬᠦ ᠵᠡᠷᠭᠡ ᠪᠡᠷ ᠣᠯᠠᠨ ᠢ᠋ ᠶᠠᠷᠢᠭᠰᠠᠨ ᠤ᠋ ᠵᠠᠷᠢᠮ ᠢ᠋ ᠪᠢ ᠮᠠᠷᠲᠠᠵᠠᠢ᠃ ᠭᠠᠭᠴᠠ ᠬᠦ᠌ ᠨᠡᠮᠡᠵᠦ ᠬᠡᠯᠡᠬᠦ ᠳ᠋ᠦ᠍ ᠪᠠᠯᠳᠠᠨ ᠤ᠋ ᠡᠨᠡ ᠦᠭᠡ ᠲᠡᠷᠡ ᠬᠤᠷᠠᠯ ᠳᠡᠭᠡᠷ᠎ᠡ ᠬᠡᠯᠡᠬᠦ ᠲᠡᠭᠦᠰᠬᠡᠯ ᠦ᠋ᠨ ᠦᠭᠡ ᠪᠠᠢᠭᠰᠠᠨ ᠢ᠋ᠶ᠋ᠠᠷ ᠪᠠᠷᠠᠬᠤ ᠦᠭᠡᠢ ᠨᠢᠭᠡᠳᠦᠯ ᠦ᠋ᠨ ᠳᠠᠷᠤᠭ᠎ᠠ ᠶ᠋ᠢᠨ ᠬᠤᠪᠢ ᠪᠠᠷ ᠬᠡᠯᠡᠬᠦ ᠲᠡᠭᠦᠰᠬᠡᠯ ᠦ᠋ᠨ ᠦᠭᠡ ᠪᠣᠯᠤᠭᠰᠠᠨ ᠢ᠋ ᠤᠩᠰᠢᠭᠴᠢ ᠠᠪᠤᠭᠠᠢ ᠨᠠᠷ ᠲᠤ᠌ ᠲᠣᠯᠢᠯᠠᠭᠤᠯᠤᠶ᠎ᠠ᠃  
  
– – – – 
① ᠮᠠᠯ ᠠᠵᠤ ᠠᠬᠤᠢ ᠶ᠋ᠢᠨ ᠮᠡᠷᠭᠡᠵᠢᠯᠲᠡᠨ     

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄  ᠪᠠᠭᠠᠲᠤᠷ
    ᠬᠢᠨᠠᠭ᠍ᠴᠢ :   ᠴᠣᠯᠮᠣᠨᠲᠤᠶᠠᠭ᠎ᠠ