ᠮᠠᠨᠤᠤᠬᠠᠢ –  ᠳ ᠂ ᠭᠣᠮᠪᠣᠵᠠᠪ Мануухай – Д ᠂ Гомбожав ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠤᠤᠬᠠᠢ –  ᠳ ᠂ ᠭᠣᠮᠪᠣᠵᠠᠪ Мануухай – Д ᠂ Гомбожав

ᠮᠠᠨᠤᠤᠬᠠᠢ –  ᠳ ᠂ ᠭᠣᠮᠪᠣᠵᠠᠪ Мануухай – Д ᠂ Гомбожав

ᠠᠩᠭᠢᠯᠠᠯ:ᠬᠣᠱᠣᠩ ᠱᠣᠭ
2023-08-31

261

ᠮᠠᠨᠤᠤᠬᠠᠢ


                      ( ᠱᠣᠭ ᠰᠢᠯᠦᠭ) 

 《 ᠰᠡᠷᠡᠮᠵᠢ ᠰᠠᠢᠲᠠᠢ》 ᠵᠠᠯᠠᠭᠤ ᠮᠠᠨᠠᠭᠠᠴᠢᠨ 
 ᠰᠡᠪᠭᠡᠨᠡᠭᠦᠷ ᠰᠠᠯᠬᠢ ᠲᠠᠢ ᠨᠠᠮᠤᠷ ᠤ᠋ᠨ ᠰᠥᠨᠢ 
 ᠮᠠᠯ ᠢ᠋ᠶ᠋ᠠᠨ ᠴᠢᠨᠣ᠎ᠠ ᠠ᠋ᠴᠠ《 ᠬᠠᠮᠠᠭᠠᠯᠠᠬᠤ》 ᠪᠠᠷ 
 ᠮᠠᠨᠤᠤᠬᠠᠢ ᠪᠣᠰᠬᠠᠭᠠᠳ ᠤᠨᠲᠠᠵᠠᠢ᠃ 

 ᠥᠷᠯᠥᠭᠡ ᠣᠷᠣᠢᠬᠠᠨ ᠪᠣᠰᠬᠤ ᠳ᠋ᠤᠨᠢ 
 ᠥᠷᠭᠡᠨ ᠰᠦᠷᠦᠭ ᠨᠢ ᠠᠯᠠᠭ᠎ᠠ 
 ᠥᠪᠡᠷ ᠢ᠋ ᠨᠢ ᠣᠷᠣᠯᠠᠭᠠᠳ ᠬᠣᠴᠣᠷᠤᠭᠰᠠᠨ 
 ᠥᠨᠥᠬᠢ ᠮᠠᠨᠤᠤᠯ ᠨᠢ ᠴᠦ᠍ ᠠᠯᠠᠭ᠎ᠠ᠃  

 ᠠᠮᠢᠲᠠᠨ ᠬᠥᠮᠦᠨ ᠳ᠋ᠦ᠍ ᠳᠠᠭᠠᠷᠢᠯᠳᠤᠭ᠎ᠠ ᠦᠭᠡᠢ 
 《 ᠠᠳᠠ ᠥᠭᠡᠷ᠎ᠡ》 ᠴᠢᠨᠣ᠎ᠠ ᠭᠠᠷᠴᠠᠢ᠃ 
 ᠮᠠᠯ ᠢᠳᠡᠬᠦ ᠪᠡᠷ ᠪᠠᠷᠠᠬᠤ ᠦᠭᠡᠢ 
 ᠮᠠᠨᠤᠤᠯ ᠪᠠᠷᠢᠬᠤ ᠪᠣᠯᠵᠠᠢ᠃ 

 ᠮᠢᠬ᠎ᠠ ᠢᠳᠡᠬᠦ ᠪᠡᠷ ᠵᠣᠭᠰᠣᠬᠤ ᠦᠭᠡᠢ 
 ᠮᠣᠳᠣ ᠢᠳᠡᠬᠦ ᠪᠣᠯᠵᠠᠢ ᠭᠡᠵᠦ 
 ᠠᠶᠠᠨᠳᠠᠭᠠᠨ ᠵᠠᠯᠠᠭᠤ ᠪᠣᠳᠣᠵᠤ 
 ᠠᠶᠤᠬᠤ ᠭᠠᠢᠬᠠᠬᠤ ᠵᠡᠷᠭᠡᠴᠡᠵᠡᠢ᠃ 

 ᠦᠨᠡᠨ ᠳ᠋ᠡᠭᠡᠨ ᠲᠡᠷᠡ ᠨᠢ ᠲᠡᠢᠮᠦ ᠪᠢᠰᠢ 
 ᠦᠬᠡᠷ ᠨᠢ ᠦᠷᠭᠦᠵᠦ ᠳᠠᠪᠬᠢᠬᠤ ᠳ᠋ᠠᠭᠠᠨ 
 ᠡᠵᠡᠨ ᠢ᠋ᠶ᠋ᠡᠷ ᠣᠷᠣᠯᠠᠭᠰᠠᠨ ᠮᠠᠨᠤᠤᠯ ᠢ᠋ 
 ᠡᠪᠡᠷ ᠲᠡᠭᠡᠨ ᠡᠯᠭᠦᠭᠡᠳ ᠶᠠᠪᠤᠴᠢᠬᠠᠵᠠᠢ᠃ 

 ᠬᠠᠷᠢᠨ ᠥᠯᠥᠨ ᠴᠢᠨᠣ᠎ᠠ 
 ᠬᠠᠷᠠᠩᠭᠤᠢ ᠰᠥᠨᠢ ᠢᠷᠡᠬᠦ ᠳ᠋ᠡᠭᠡᠨ 
 ᠮᠠᠨᠤᠤᠯ ᠢ᠋ ᠲᠣᠭᠣᠯᠭᠦᠢ ᠲᠣᠭᠣᠷᠢᠭᠠᠳ 
 ᠮᠠᠯ ᠬᠥᠭᠡᠭᠡᠳ ᠲᠠᠯᠢᠢᠵᠠᠢ 

 ᠠᠵᠠ ᠦᠭᠡᠢ ᠮᠠᠨᠤᠤᠯ ᠤ᠋ᠨ ᠤᠴᠢᠷ ᠢ᠋ 
 ᠠᠨᠠᠢ ᠵᠠᠯᠠᠭᠤ ᠮᠡᠳᠡᠭᠡ ᠪᠣᠯ ᠤᠤ ? 
 《 ᠠᠳᠠ ᠥᠭᠡᠷ᠎ᠡ》 ᠴᠢᠨᠣ᠎ᠠ ᠶ᠋ᠢᠨ ᠠᠶᠤᠯ ᠠ᠋ᠴᠠ 
 ᠠᠶᠤᠬᠤ ᠨᠢ ᠶᠡᠷᠦ ᠨᠠᠮᠳᠠᠭ᠎ᠠ ᠪᠣᠯ ᠤᠤ?   

 《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄   ᠲᠡᠭᠷᠢ ᠡᠵᠢ 
    ᠬᠢᠨᠠᠭ᠍ᠴᠢ :   ᠴᠣᠯᠮᠣᠨᠲᠤᠶᠠᠭ᠎ᠠ 

             2023᠂8᠂18  ᠤ᠋ ᠡᠳᠦᠷ