ᠮᠢᠨᠦ ᠮᠣᠩᠭᠣᠯ ᠬᠡᠯᠡMinii Mongol KhelМиний Монгол Хэл
ᠮᠢᠨᠦ ᠮᠣᠩᠭᠣᠯ ᠬᠡᠯᠡ
ᠦᠭᠡ᠄ ᠥᠭᠡᠯᠡᠳ ᠦ᠋ᠨ ᠲᠣᠯᠣᠩ
ᠠᠶ᠎ᠠ᠄ ᠰᠠᠴᠠᠨᠴᠤᠭᠲᠤ
ᠳᠠᠭᠤᠴᠢᠨ᠄ ᠪᠠᠶᠠᠨᠨᠠᠮᠤᠷ᠂ ᠰᠠᠷᠠᠩᠬᠤᠸᠠᠷ
ᠬᠥᠭᠵᠢᠮ ᠦ᠋ᠨ ᠨᠠᠢᠷᠠᠭᠤᠯᠤᠭᠴᠢ᠄ ᠠᠯᠲᠠᠨᠬᠤᠶᠠᠭ ( ᠮᠣᠩᠭᠣᠯ ᠤᠯᠤᠰ)
ᠳᠣᠷᠣᠨ᠎ᠠ ᠶ᠋ᠢᠨ ᠲᠠᠯ᠎ᠠ ᠶ᠋ᠢᠨ ᠭᠦᠨ ᠡᠴᠡ ᠤᠶᠠᠩᠭᠠᠷᠠᠭᠰᠠᠨ
ᠳᠣᠯᠣᠭᠠᠨ ᠪᠤᠷᠬᠠᠨ ᠡᠬᠡᠰᠢᠭ ᠶᠦᠮ ᠠ᠋ ᠮᠢᠨᠦ ᠮᠣᠩᠭᠣᠯ ᠬᠡᠯᠡ
ᠲᠣᠭᠣᠨᠣᠲᠤ ᠭᠡᠷ ᠦ᠋ᠨ ᠬᠣᠢᠮᠣᠷ ᠲᠤ᠌ ᠳᠡᠭᠡᠳᠦᠯᠡᠭᠰᠡᠨ
ᠳᠣᠮᠣᠭ ᠲᠡᠦᠬᠡ ᠶ᠋ᠢᠨ ᠥᠪ ᠶᠦᠮ ᠠ᠋ ᠮᠢᠨᠦ ᠮᠣᠩᠭᠣᠯ ᠬᠡᠯᠡ
ᠠᠢ ᠵᠧ ᠬᠦ᠂ ᠠᠢ ᠵᠧ ᠬᠦ
ᠥᠭᠦᠯᠡᠬᠦ ᠶ᠋ᠢᠨ ᠢᠷᠠᠭᠤ ᠰᠣᠨᠣᠰᠬᠤᠯᠠᠩ ᠮᠣᠩᠭᠣᠯ ᠬᠡᠯᠡ ᠶ᠋ᠢ ᠪᠡᠨ
ᠦᠶ᠎ᠡ ᠶ᠋ᠢᠨ ᠦᠶ᠎ᠡ ᠳ᠋ᠡᠭᠡᠨ ᠪᠢᠳᠡ ᠨᠠᠷ ᠳᠠᠭᠤᠯᠠᠵᠤ ᠯᠠ ᠶᠠᠪᠤᠨ᠎ᠠ ᠳᠠ
ᠥᠷᠨᠢᠬᠦ ᠶ᠋ᠢᠨ ᠠᠭᠤᠤ ᠪᠠᠶᠠᠰᠬᠤᠯᠠᠩ ᠮᠣᠩᠭᠣᠯ ᠬᠡᠯᠡ ᠶ᠋ᠢ ᠪᠡᠨ
ᠠᠮᠢᠨ ᠵᠢᠷᠦᠬᠡ ᠰᠢᠭ ᠢ᠋ᠶ᠋ᠡᠨ ᠬᠠᠢᠷᠠᠯᠠᠵᠤ ᠶᠠᠪᠤᠨ᠎ᠠ ᠳᠠ
ᠬᠠᠢᠷᠠᠯᠠᠵᠤ ᠶᠠᠪᠤᠨ᠎ᠠ ᠳᠠ
ᠣᠷᠴᠢᠯᠠᠩ ᠬᠣᠷᠸ᠎ᠠ ᠶ᠋ᠢ ᠪᠦᠪᠡᠢᠯᠡᠨ ᠤᠶᠠᠰᠬᠠᠭᠰᠠᠨ
ᠤᠶᠠᠨ ᠲᠤᠩᠭᠠᠯᠠᠭ ᠠᠶᠠᠯᠭᠤ ᠶᠤᠮ ᠠ᠋ ᠮᠢᠨᠦ ᠮᠣᠩᠭᠣᠯ ᠬᠡᠯᠡ
ᠣᠯᠠᠨ ᠵᠠᠭᠤᠨ ᠢ᠋ᠶ᠋ᠠᠷ ᠣᠴᠢᠯᠠᠨ ᠪᠠᠳᠠᠷᠠᠭᠰᠠᠨ
ᠤᠳᠤᠮ ᠤ᠋ᠨ ᠣᠶᠤᠨ ᠴᠠᠬᠢᠭᠤᠷ ᠶᠤᠮ ᠠ᠋ ᠮᠢᠨᠦ ᠮᠣᠩᠭᠣᠯ ᠬᠡᠯᠡ
ᠠᠢ ᠵᠧ ᠬᠦ᠂ ᠠᠢ ᠵᠧ ᠬᠦ
ᠥᠭᠦᠯᠡᠬᠦ ᠶ᠋ᠢᠨ ᠢᠷᠠᠭᠤ ᠰᠣᠨᠣᠰᠬᠤᠯᠠᠩ ᠮᠣᠩᠭᠣᠯ ᠬᠡᠯᠡ ᠶ᠋ᠢ ᠪᠡᠨ
ᠦᠶ᠎ᠡ ᠶ᠋ᠢᠨ ᠦᠶ᠎ᠡ ᠳ᠋ᠡᠭᠡᠨ ᠪᠢᠳᠡ ᠨᠠᠷ ᠳᠠᠭᠤᠯᠠᠵᠤ ᠯᠠ ᠶᠠᠪᠤᠨ᠎ᠠ ᠳᠠ
ᠥᠷᠨᠢᠬᠦ ᠶ᠋ᠢᠨ ᠠᠭᠤᠤ ᠪᠠᠶᠠᠰᠬᠤᠯᠠᠩ ᠮᠣᠩᠭᠣᠯ ᠬᠡᠯᠡ ᠶ᠋ᠢ ᠪᠡᠨ
ᠠᠮᠢᠨ ᠵᠢᠷᠦᠬᠡ ᠰᠢᠭ ᠢ᠋ᠶ᠋ᠡᠨ ᠬᠠᠢᠷᠠᠯᠠᠵᠤ ᠶᠠᠪᠤᠨ᠎ᠠ ᠳᠠ
ᠬᠠᠢᠷᠠᠯᠠᠵᠤ ᠶᠠᠪᠤᠨ᠎ᠠ ᠳᠠ
ᠬᠠᠯᠠᠭᠤᠨ ᠡᠯᠢᠭᠡᠨ ᠳ᠋ᠦ᠍ ᠠᠰᠢᠳᠠ ᠰᠢᠩᠭᠡᠭᠰᠡᠨ
ᠬᠠᠲᠤᠨ ᠤᠬᠠᠭᠠᠨ ᠤ᠋ ᠰᠤᠷᠭᠠᠯ ᠶᠤᠮ ᠠ᠋ ᠮᠢᠨᠦ ᠮᠣᠩᠭᠣᠯ ᠬᠡᠯᠡ
ᠬᠠᠨ ᠲᠡᠭᠷᠢ ᠶ᠋ᠢᠨ ᠢᠪᠡᠭᠡᠯ ᠳ᠋ᠦ᠍ ᠵᠠᠯᠠᠭᠰᠠᠨ
ᠬᠠᠭᠠᠨ ᠤ᠋ ᠨᠡᠭᠦᠳᠡᠯ ᠦ᠋ᠨ ᠵᠢᠯᠣᠭᠣ ᠶᠤᠮ ᠠ᠋ ᠮᠢᠨᠦ ᠮᠣᠩᠭᠣᠯ ᠬᠡᠯᠡ