《ᠬᠠᠲᠠᠭᠤ ᠪᠣᠯᠵᠣᠯ 》 – ᠲ ᠂ ᠭᠠᠯᠰᠠᠩ " Хатуу болзол " – Т᠂ Галсан
《 ᠬᠠᠲᠠᠭᠤ ᠪᠣᠯᠵᠣᠯ 》
( ᠱᠣᠭ ᠥᠭᠦᠯᠡᠯᠭᠡ)
ᠲ᠂ ᠭᠠᠯᠰᠠᠩ
ᠳᠥᠷᠪᠡᠨ ᠰᠠᠢᠬᠠᠨ ᠥᠬᠢᠨ ᠨᠢᠭᠡ ᠪᠠᠢᠷᠢᠨ ᠳ᠋ᠤ᠌ ᠠᠮᠢᠳᠤᠷᠠᠳᠠᠭ ᠪᠠᠢᠯ᠎ᠠ᠃ ᠦᠶ᠎ᠡ ᠶ᠋ᠢᠨ ᠥᠬᠢᠳ ᠶᠠᠭᠤ ᠡᠰᠡ ᠶᠠᠷᠢᠳᠠᠭ ᠰᠠᠨ ᠪᠢᠯᠡ ᠳᠠ᠃ ᠲᠡᠭᠦᠨ ᠦ᠌ ᠨᠢᠭᠡ ᠨᠢ ᠢᠷᠡᠭᠡᠳᠦᠢ ᠶ᠋ᠢᠨ ᠨᠥᠬᠥᠷ ᠦ᠋ᠨ ᠲᠤᠬᠠᠢ ᠤᠷᠠᠨ ᠵᠥᠩᠨᠡᠯ ᠦ᠋ᠨ ᠶᠠᠷᠢᠶ᠎ᠠ ᠪᠠᠢᠪᠠ᠃
— ᠵᠠᠶᠠᠭᠠᠨ ᠤ᠋ ᠮᠠᠨᠢ ᠬᠠᠨᠢ ᠡᠢᠮᠦ ᠪᠠᠢᠬᠤ ᠶᠣᠰᠣᠲᠠᠢ ᠁
— ᠦᠭᠡᠢ ᠠ᠋᠂ ᠲᠡᠢᠮᠦ ᠪᠠᠢᠬᠤ ᠬᠡᠷᠡᠭᠲᠡᠢ ᠭᠡᠵᠦ ᠲᠡᠳᠡ ᠮᠠᠷᠭᠤᠨᠠ᠃ ᠡᠨᠡ ᠨᠢ ᠨᠢᠭᠡ ᠶᠣᠰᠣᠨ ᠤ᠋ ᠦᠵᠡᠭᠴᠢᠳ ᠦᠭᠡᠢ ᠵᠦᠴᠦᠭᠡ ᠰᠢᠭᠦᠭᠴᠢᠳ ᠦᠭᠡᠢACT(1)ᠪᠠᠢᠯ᠎ᠠ᠃
— ᠬᠠᠢᠷ᠎ᠠ ᠶᠡᠬᠡᠲᠡᠢ ᠁ ᠬᠠᠷ᠎ᠠ ᠪᠠᠭᠠᠲᠠᠢ ᠯᠠ ᠬᠥᠮᠦᠨ ᠦ᠌ ᠠᠪᠠᠭᠠᠢ ᠪᠣᠯᠤᠨ᠎ᠠ ᠭᠡᠵᠦ ᠳᠤᠯᠮ᠎ᠠ ᠦᠰᠦ ᠪᠡᠨ ᠢᠮᠡᠷᠦᠨ ᠬᠠᠴᠠᠷ ᠢ᠋ᠶ᠋ᠠᠨ ᠤᠯᠠᠢᠯᠭᠠᠨ ᠥᠭᠦᠯᠡᠨ᠎ᠡ᠃
— ᠴᠢᠳᠠᠪᠠᠯ ᠢᠷᠠᠭᠤ ᠨᠠᠢᠷᠠᠭᠴᠢ ᠲᠠᠢ᠂ ᠶᠠᠳᠠᠪᠠᠯ ᠠᠢᠮᠠᠭ ᠤ᠋ᠨ ᠵᠠᠭᠠᠨ( ᠪᠥᠬᠡ ᠶ᠋ᠢᠨ ᠴᠣᠯᠠ) ᠲᠠᠢ ᠰᠠᠭᠤᠨ᠎ᠠ ᠭᠡᠵᠦ《 ᠭᠠᠯ》 ᠲᠤᠯᠭᠠᠷ ᠳᠡᠰ ᠳᠡᠰ ᠢᠨᠢᠶᠡᠨ᠎ᠡ᠃ ᠭᠤᠷᠪᠠ ᠲᠤᠩᠭᠠᠵᠤ ᠪᠠᠢᠵᠤ ᠨᠢᠭᠡ ᠳᠤᠤᠭᠠᠷᠳᠠᠭ ᠶᠠᠩᠵᠢᠮ᠎ᠠ ᠯᠠ ᠶᠠᠭᠤ ᠴᠤ᠌ ᠬᠡᠯᠡᠭᠡ ᠦᠭᠡᠢ᠃
— ᠴᠢ ᠶᠠᠮᠠᠷ ᠬᠥᠮᠦᠨ ᠲᠡᠢ ᠬᠠᠨᠢᠯᠠᠨ ᠰᠠᠭᠤᠬᠤ ᠪᠠᠨ ᠬᠡᠯᠡ! ᠭᠡᠵᠦ ᠱᠠᠭᠠᠷᠳᠠᠬᠤ ᠳ᠋ᠤ᠌ ᠪᠦᠷ ᠴᠦ᠍ ᠳᠠᠭᠤ ᠪᠠᠨ ᠬᠣᠷᠢᠶᠠᠨ ᠪᠣᠳᠣᠯᠭᠠᠰᠢᠷᠠᠨᠠ᠃
— ᠮᠠᠭᠤ ᠰᠠᠨᠠᠭᠠᠲᠤ ᠮᠢᠨᠢ ᠬᠡᠯᠡᠬᠦ ᠦᠦ ᠦᠭᠡᠢ ᠦᠦ ᠭᠡᠵᠦ ᠲᠤᠯᠭᠠᠷ ᠭᠡᠵᠢᠭᠡᠳᠡᠨ᠎ᠡ᠃
— ᠭᠣᠳᠠᠭ ᠭᠣᠳᠠᠭ ᠭᠡᠵᠦ ᠳᠤᠯᠮ᠎ᠠ ᠬᠤᠷᠤᠭᠤ ᠪᠠᠨ ᠰᠡᠷᠪᠡᠯᠵᠡᠭᠦᠯᠦᠨ ᠣᠢᠷᠠᠲᠤᠨ᠎ᠠ᠃ ᠭᠡᠵᠢᠭᠡᠳᠡᠬᠦ ᠪᠣᠯ ᠶᠠᠩᠵᠢᠮ᠎ᠠ ᠶ᠋ᠢᠨ ᠨᠢᠭᠤᠴᠠ ᠶ᠋ᠢ ᠨᠡᠭᠡᠭᠡᠬᠦ ᠭᠠᠭᠴᠠ ᠲᠦᠯᠬᠢᠭᠦᠷ ᠪᠢᠯᠡ᠃ ᠲᠡᠭᠡᠭᠡᠳ ᠴᠦ᠍ ᠲᠡᠭᠰᠢ ᠬᠥᠭᠡᠷᠦᠬᠦᠨ ᠬᠣᠶᠠᠷ ᠮᠥᠷᠥ ᠪᠡᠨ ᠲᠦᠮᠪᠠᠯᠵᠡᠬᠥᠯᠥᠨ ᠬᠡᠰᠡᠭ ᠢᠨᠢᠶᠡᠭᠰᠡᠨ ᠢ᠋ᠶ᠋ᠡᠷ ᠄
— ᠬᠣᠷᠢᠨ ᠵᠢᠷᠭᠤᠭ᠎ᠠ ᠶ᠋ᠢᠨ ᠤᠮᠳᠠᠭᠠᠨ ᠳ᠋ᠤ᠌ ᠳᠤᠷ᠎ᠠ ᠦᠭᠡᠢ᠂ ᠬᠣᠷᠢᠨ ᠳᠥᠷᠪᠡ ᠶ᠋ᠢᠨ ᠰᠢᠬᠢᠷ ᠲᠦ᠍ ᠳᠤᠷᠠᠲᠠᠢ ᠠᠬ᠎ᠠ ᠳᠡᠭᠦᠦ ᠣᠯᠠᠭᠤᠯᠠ ᠪᠠᠨ ᠵᠠᠯᠠᠭᠤ ᠲᠠᠢ ᠰᠠᠭᠤᠨ᠎ᠠ ᠭᠡᠵᠦ ᠬᠡᠯᠡᠴᠢᠬᠡᠭᠡᠳ ᠰᠠᠨᠠᠭ᠎ᠠ ᠠᠯᠳᠠᠳᠠᠭ ᠪᠠᠢᠯ᠎ᠠ᠃
— ᠬᠠᠷᠢᠨ《 ᠲᠣᠯᠢ》 ᠴᠡᠴᠡᠭ ᠢ᠋ ᠶᠠᠭᠤ ᠬᠡᠯᠡᠳᠡᠭ ᠪᠠᠢᠭᠰᠠᠨ ᠭᠡᠵᠦ ᠰᠠᠨᠠᠨ᠎ᠠ᠃ ᠲᠡᠷᠡ ᠳᠣᠣᠷᠠᠬᠢ ᠠᠷᠪᠠᠨ ᠭᠤᠷᠪᠠᠨ ᠪᠣᠯᠵᠣᠯ ᠢ᠋ ᠶᠠᠭ ᠬᠠᠩᠭᠠᠭᠰᠠᠨ ᠬᠥᠮᠦᠨ ᠲᠡᠢ ᠰᠠᠭᠤᠨ᠎ᠠ ᠭᠡᠵᠦ ᠬᠤᠷᠤᠭᠤ ᠳᠠᠷᠤᠨ ᠲᠣᠭᠠᠴᠢᠳᠠᠭ ᠪᠠᠢᠯ᠎ᠠ᠃ ᠡᠭᠦᠨ ᠳ᠋ᠦ᠍ ᠄
ᠨᠢᠭᠡ ᠂ ᠪᠤᠯᠴᠢᠩ ᠨᠢ ᠪᠤᠯᠤ ᠲᠡᠮᠦᠷ ᠰᠢᠭ ᠬᠠᠲᠠᠭᠤ᠂ ᠠᠯᠠᠭ᠎ᠠ ᠨᠢ ᠴᠡᠴᠡᠭ ᠦ᠋ᠨ ᠳᠡᠯᠪᠢ ᠰᠢᠭ᠋ ᠪᠤᠯᠪᠠᠷᠠᠢ᠃ ᠨᠡᠢᠲᠡ ᠶ᠋ᠢᠨ ᠪᠥᠵᠢᠭ ᠲᠦ᠍ ᠮᠠᠰᠢ ᠰᠠᠢᠨ᠃ ᠭᠡᠬᠦ ᠳ᠋ᠡᠭᠡᠨ ᠠᠪᠠᠭᠠᠢ ᠠ᠋ᠴᠠ ᠪᠠᠨ ᠥᠭᠡᠷ᠎ᠡ ᠬᠡᠨ ᠲᠡᠢ ᠴᠦ᠍ ᠲᠸᠢᠰᠲ ( ᠭᠤᠢᠪᠢᠵᠤ ᠬᠠᠢᠪᠠᠭᠠᠨᠠᠬᠤ ᠪᠥᠵᠢᠭ) ᠬᠠᠲᠠᠷᠢᠳᠠᠭ ᠦᠭᠡᠢ᠃
ᠬᠣᠶᠠᠷ ᠂ ᠨᠠᠰᠤ ᠪᠠᠷ ᠨᠠᠳᠠ ᠠ᠋ᠴᠠ ᠠᠷᠪᠠᠨ ᠬᠣᠶᠠᠷ ᠠᠬ᠎ᠠ᠂ ᠣᠪᠣᠷ ᠢ᠋ᠶ᠋ᠠᠷ ᠵᠢᠷᠭᠤᠭ᠎ᠠ ᠳᠡᠭᠦᠦ᠃
ᠭᠤᠷᠪᠠ᠂ ᠭᠥᠯᠢᠢᠭᠰᠡᠨ ᠬᠠᠷ᠎ᠠ ᠬᠠᠯᠢᠮᠠᠭ ᠲᠠᠢ ᠪᠤᠷᠵᠢᠭᠢᠷ ᠰᠢᠷ᠎ᠠ ᠰᠠᠬᠠᠯ ᠲᠠᠢ᠃
ᠳᠥᠷᠪᠡ᠂ ᠰᠠᠢᠨ ᠢ᠋ ᠮᠢᠨᠢ ᠰᠣᠨᠣᠰᠬᠤ ᠳ᠋ᠤ᠌ ᠴᠢᠬᠢ ᠨᠢ ᠳᠡᠯᠳᠡᠢᠳᠡᠭ᠂ ᠰᠠᠭᠠᠷ ᠢ᠋ ᠮᠢᠨᠢ ᠲᠤᠭᠤᠯᠬᠤ ᠳ᠋ᠠᠭᠠᠨ ᠲᠠᠭ ᠳᠦᠯᠡᠢ᠃
ᠲᠠᠪᠤ᠂ ᠲᠦᠯᠡᠭᠡ ᠬᠠᠭᠠᠯᠬᠤ ᠳ᠋ᠠᠭᠠᠨ ᠡᠪᠦᠭᠡ ᠠᠪᠤ᠂ ᠬᠡᠦᠬᠡᠳ ᠠᠰᠠᠷᠠᠬᠤ ᠳ᠋ᠠᠭᠠᠨ ᠡᠮᠡᠭᠡ ᠡᠵᠢ᠃
ᠵᠢᠷᠭᠤᠭ᠎ᠠ᠂ ᠡᠷᠳᠡᠮ ᠲᠡᠢ ᠲᠡᠨᠡᠭ ᠨᠢ ᠬᠠᠮᠢᠶ᠎ᠠ ᠦᠭᠡᠢ᠂ ᠡᠬᠡᠨᠡᠷ ᠲᠡᠭᠡᠨ ᠬᠣᠶᠠᠷ ᠷᠣᠮᠪᠤᠲᠠᠢ(2) ᠃
ᠳᠣᠯᠣᠭ᠎ᠠ᠂ ᠠᠪᠤ ᠶ᠋ᠢᠨ ᠬᠢᠨᠢ ᠨᠢᠭᠡ ᠦᠨᠢᠶ᠎ᠡ ᠲᠡᠢ᠂ ᠲᠡᠷᠡ ᠨᠢ ᠡᠷ᠎ᠡ ᠥᠬᠢᠨ ᠬᠣᠶᠠᠷ ᠪᠢᠷᠠᠭᠤ ᠲᠠᠢ᠂ ᠡᠳᠦᠷ ᠲᠦ᠍ ᠦᠬᠡᠷ ᠨᠢ 500 ᠭᠷᠠᠮ ᠡᠪᠡᠰᠦ ᠢᠳᠡᠳᠡᠭ ᠂ ᠭᠡᠬᠦ ᠳ᠋ᠡᠭᠡᠨ ᠨᠢᠭᠡ ᠰᠠᠭᠠᠬᠤ ᠳ᠋ᠤ᠌ ᠠᠷᠪᠠᠨ ᠳᠣᠯᠣᠭᠠᠨ ᠯᠢᠲ᠋ᠷ ᠵᠢᠷᠭᠤᠭᠠᠨ ᠵᠠᠭᠤᠨ ᠬᠣᠷᠢᠨ ᠭᠷᠠᠮ ᠰᠦ ᠭᠠᠷᠳᠠᠭ᠃
ᠨᠠᠢ᠍ᠮᠠ᠂ ᠠᠪᠠᠭᠠᠢ ᠳ᠋ᠠᠭᠠᠨ ᠪᠣᠯ ᠮᠢᠩᠭᠠᠨ ᠲᠥᠭᠥᠷᠢᠭ ᠴᠦ᠍ ᠬᠠᠢᠷᠠᠯᠠᠬᠤ ᠦᠭᠡᠢ᠂ ᠠᠦ᠋ᠲ᠋ᠣᠪᠦ᠋ᠰ ᠲᠦ᠍ ᠪᠣᠯ ᠲᠠᠪᠢᠨ ᠮᠥᠩᠭᠥ ᠴᠦ᠍ ᠲᠥᠯᠥᠬᠦ ᠦᠭᠡᠢ ᠁
ᠶᠢᠰᠦ᠂ ᠵᠡᠭᠡᠭᠡᠭᠰᠡᠨ ᠮᠠᠲᠠᠯ ᠤ᠋ᠨ ᠳᠠᠷᠤᠭ᠎ᠠ ᠂ ᠭᠡᠬᠦ ᠳ᠋ᠡᠭᠡᠨ ᠨᠠᠷᠢᠨ ᠪᠢᠴᠢᠭ ᠦ᠋ᠨ ᠳᠠᠷᠤᠭ᠎ᠠ ᠨᠢ ᠡᠷᠡᠭᠲᠡᠢ᠃
ᠠᠷᠪᠠ᠂ ᠠᠪᠠᠭᠠᠢ ᠪᠠᠨ ᠵᠢᠯ ᠪᠣᠯᠭᠠᠨ ᠭᠠᠳᠠᠭᠠᠳᠤ ᠳ᠋ᠤ᠌ ᠵᠢᠭᠤᠯᠴᠢᠯᠠᠭᠤᠯᠳᠠᠭ᠃ ᠥᠪᠡᠷ ᠢᠶᠠᠨ ᠪᠣᠯ ᠡᠭᠡᠯᠵᠢ ᠶ᠋ᠢᠨ ᠢᠶᠠᠨ ᠠᠮᠠᠷᠠᠯᠲᠠ ᠶ᠋ᠢ ᠭᠡᠷ ᠲᠡᠭᠡᠨ ᠦᠭᠡ ᠶ᠋ᠢᠨ ᠰᠦᠯᠵᠢᠶ᠎ᠡ ᠪᠥᠭᠯᠡᠵᠦ ᠱᠠᠯᠠ ᠤᠬᠢᠶᠠᠵᠤ ᠥᠩᠭᠡᠷᠡᠭᠦᠯᠳᠡᠭ᠃
ᠠᠷᠪᠠᠨ ᠨᠢᠭᠡ᠂ ᠥᠷᠯᠥᠭᠡ ᠶ᠋ᠢᠨ ᠰᠣᠨᠣᠰᠬᠠᠯ ᠳ᠋ᠤ᠌ ᠣᠴᠢᠳᠠᠭ ᠦᠭᠡᠢ᠃ ᠭᠣᠣᠯ ᠨᠢ ᠰᠥᠨᠢ ᠶ᠋ᠢᠨ ᠡᠭᠡᠯᠵᠢᠨ ᠳ᠋ᠦ᠍ ᠭᠠᠷᠳᠠᠭ ᠦᠭᠡᠢ᠃
ᠠᠷᠪᠠᠨ ᠬᠣᠶᠠᠷ᠂ ᠠᠪᠠᠭᠠᠢ ᠶ᠋ᠢᠨ ᠢᠶᠠᠨ ᠡᠮᠦᠨ᠎ᠡ ᠡᠴᠡ ᠦᠰᠦᠴᠢᠨ ᠳ᠋ᠦ᠍ ᠳ᠋ᠤᠭᠠᠷ ᠠᠪᠬᠤ ᠪᠠᠷ ᠶᠠᠪᠤᠬᠤ ᠳ᠋ᠠᠭᠠᠨ ᠳᠤᠷ᠎ᠠ ᠦᠭᠡᠢᠯᠡᠳᠡᠭ ᠦᠭᠡᠢ᠂ ᠣᠯᠠᠨ ᠠᠩᠭᠢᠲᠤ ᠺᠢᠨᠣ᠋ ᠦᠵᠡᠬᠦ ᠳ᠋ᠡᠭᠡᠨ ᠬᠤᠷᠬᠢᠷᠠᠳᠠᠭ ᠦᠭᠡᠢ᠃
ᠠᠷᠪᠠᠨ ᠭᠤᠷᠪᠠ᠂ ᠫᠥᠬᠥ! ᠪᠢ ᠭᠡᠷᠡᠯ ᠲᠡᠢ ᠳ᠋ᠦ᠍ ᠬᠡᠯᠡᠬᠦ ᠡᠴᠡ ᠢᠴᠢᠵᠦ ᠪᠠᠢᠨ᠎ᠠ᠁ ᠴᠡᠴᠡᠭ ᠮᠠᠨᠢ ᠡᠢᠮᠦ ᠯᠡ ᠬᠥᠮᠦᠨ ᠲᠡᠢ ᠰᠠᠭᠤᠨ᠎ᠠ ᠭᠡᠳᠡᠭ ᠪᠠᠢᠯ᠎ᠠ᠃ ᠲᠡᠳᠡ ᠣᠳᠣ ᠥᠬᠢᠳ ᠪᠢᠰᠢ ᠴᠡᠭᠡᠵᠢ ᠨᠢ ᠴᠢᠳᠠᠢᠭᠰᠠᠨ( ᠴᠢᠷᠳᠠᠢᠬᠤ) ᠬᠡᠦᠬᠡᠨ ᠨᠦ᠍ᠭᠦᠳ ᠪᠣᠯᠵᠠᠢ᠃ ᠣᠶᠤᠲᠠᠨ ᠨᠤᠭᠤᠳ ᠪᠢᠰᠢ ᠣᠪᠣᠭ᠎ᠠ ᠬᠡᠳᠦᠨ ᠵᠢᠯ ᠠᠵᠢᠯᠯᠠᠭᠰᠠᠨ ᠡᠮ ᠦ᠋ᠨ ᠰᠠᠩᠴᠢ ᠨᠠᠷ ᠪᠣᠯᠵᠠᠢ᠃ ᠳᠣᠣᠷ᠎ᠠ ᠪᠦᠷᠢ ᠳ᠋ᠡᠭᠡᠨ ᠬᠠᠨᠢ ᠲᠠᠢ᠂ ᠳᠣᠯᠣᠭ᠎ᠠ ᠬᠦᠷᠲᠡᠯ᠎ᠡ ᠬᠡᠦᠬᠡᠳ ᠲᠡᠢ ᠂ ᠡᠷ᠎ᠡ ᠳ᠋ᠡᠭᠡᠨ ᠬᠠᠯᠠᠮᠵᠢᠲᠠᠢ ᠂ ᠡᠩᠭᠡᠷ ᠲᠡᠭᠡᠨ ᠣᠳᠣᠨᠲᠠᠢ( ᠲᠡᠷᠡ ᠨᠢ ᠮᠡᠳᠡᠭᠡᠵᠢ ᠪᠡᠷ《 ᠠᠯᠳᠠᠷᠲᠤ ᠡᠬᠡ!》) ᠪᠣᠯᠴᠢᠬᠠᠵᠠᠢ᠃
ᠳᠤᠯᠮ᠎ᠠ ᠵᠢᠯᠣᠭᠣᠴᠢ ᠲᠠᠢ ᠰᠠᠭᠤᠭᠰᠠᠨ ᠶᠣᠰᠣᠲᠠᠢ ᠯᠠ ᠬᠡᠭᠡᠷ᠎ᠡ ᠭᠠᠷᠬᠤ ᠪᠠᠷ ᠡᠷ᠎ᠡ᠂ ᠭᠡᠷ ᠲᠦ᠍ ᠢᠷᠡᠬᠦ ᠪᠡᠷ ᠡᠮ᠎ᠡ᠃ ᠬᠠᠢᠷᠠᠲᠠᠢ᠂ ᠬᠠᠷᠠᠲᠠᠢ᠂ ᠪᠠᠰᠠ ᠬᠠᠯᠠᠮᠵᠢᠲᠠᠢ᠃ ᠦᠳᠡ ᠳᠤᠮᠳᠠ ᠭᠣᠣᠯᠳᠠᠭᠤ ᠵᠠᠮ ᠳ᠋ᠤ᠌ ᠭᠠᠷᠳᠠᠭ᠃ ᠰᠥᠨᠢ ᠳᠤᠮᠳᠠ ᠭᠣᠣᠯᠳᠠᠭᠤ ᠡᠷᠭᠢᠵᠦ ᠢᠷᠡᠳᠡᠭ᠃ ᠬᠠᠭᠠᠯᠭ᠎ᠠ ᠪᠥᠮᠪᠥᠷ ᠰᠢᠭ ᠳᠡᠯᠡᠳᠳᠡᠭ᠂ ᠬᠠᠲᠠᠪᠴᠢ ᠪᠠᠷ ᠭᠠᠷ ᠴᠢᠳᠧᠩ ( ᠭᠠᠷ ᠳ᠋ᠧᠩ) ᠳᠤᠰᠬᠠᠵᠤ ᠬᠠᠷᠠᠳᠠᠭ᠃ ᠵᠠ ᠲᠡᠷᠡ ᠨᠢ ᠶᠠᠭᠠᠬᠢᠬᠤᠪ ᠁ ᠠᠵᠠ ᠵᠢᠷᠭᠠᠯᠲᠠᠢ ᠯᠠ ᠠᠮᠢᠳᠤᠷᠠᠵᠤ ᠶᠠᠪᠤᠨ᠎ᠠ᠃ ᠲᠤᠯᠭᠠᠷ ᠮᠠᠨᠢ ᠪᠠᠭ᠎ᠠ ᠰᠢᠭ᠋ ᠰᠣᠨᠢᠨ ᠤ᠋ ᠲᠣᠮᠣ ᠰᠤᠷᠪᠤᠯᠵᠢᠯᠠᠭᠴᠢ ᠶ᠋ᠢᠨ ᠨᠢᠭᠡ ᠲᠡᠢ ᠰᠠᠭᠤᠵᠠᠢ᠃ ᠰᠢᠯᠦᠭ ᠢ᠋ ᠨᠢ ᠰᠣᠨᠣᠰᠴᠤ ᠰᠡᠭᠦᠷᠡᠰᠦ ᠠᠯᠳᠠᠭᠰᠠᠭᠠᠷ ᠲᠠᠨᠢᠯᠴᠠᠵᠠᠢ ᠃ ᠨᠥᠬᠥᠷ ᠨᠢ ᠣᠳᠣ ᠰᠢᠯᠦᠭ ᠪᠢᠴᠢᠬᠦ ᠪᠡᠨ ᠪᠣᠯᠢᠭᠰᠠᠨ᠂ ᠮᠡᠳᠡᠭᠡ ᠪᠡᠨ ᠳᠡᠩᠨᠡᠳᠡᠭ ᠪᠣᠯᠤᠭᠰᠠᠨ᠃ ᠲᠡᠭᠡᠯ᠎ᠡ ᠭᠡᠳ ᠰᠠᠯᠵᠤ ᠰᠠᠷᠨᠢᠬᠤ ᠨᠢ ᠥᠩᠭᠡᠷᠡᠭᠰᠡᠨ᠃ ᠶᠠᠩᠵᠢᠮ᠎ᠠ ᠴᠤ᠌ ᠨᠥᠬᠥᠷ ᠲᠡᠢ᠂ ᠨᠥᠬᠥᠷ ᠨᠢ ᠠᠷᠢᠬᠢ ᠪᠠᠷᠤᠭ ᠤᠤᠭᠤᠳᠠᠭ ᠦᠭᠡᠢ᠂ ᠨᠢᠭᠡ ᠠᠮᠰᠠᠴᠢᠬᠠᠪᠠᠯ ᠣᠢᠷ᠎ᠠ ᠲᠣᠭᠲᠠᠳᠠᠭ ᠦᠭᠡᠢ᠂ ᠲᠡᠷᠡ ᠡᠳᠦᠷ ᠢ᠋ᠶ᠋ᠡᠷ ᠠᠶᠠᠭ᠎ᠠ ᠲᠠᠪᠠᠭ ᠢ᠋ᠶ᠋ᠠᠨ ᠬᠠᠭᠠᠯᠳᠠᠭ᠃ ᠮᠠᠷᠭᠠᠰᠢ ᠨᠢ ᠡᠳᠦᠷᠵᠢᠨ ᠭᠡᠮᠰᠢᠳᠡᠭ᠂ ᠡᠨᠳᠡᠵᠦ ᠠᠯᠳᠠᠬᠤ ᠲᠣᠰᠤᠮ ᠢ᠋ᠶ᠋ᠠᠨ ᠢᠯᠡᠭᠦᠦ ᠤᠬᠠᠭᠠᠯᠢᠭ ᠪᠣᠯᠳᠠᠭ ᠨᠥᠬᠥᠷ ᠲᠡᠭᠡᠨ ᠶᠠᠩᠵᠢᠮ᠎ᠠ ᠲᠤᠩ ᠴᠤ᠌ ᠬᠠᠢᠷᠠᠲᠠᠢ᠃
ᠬᠠᠮᠤᠭ ᠤ᠋ᠨ ᠴᠢᠷᠠᠢᠯᠢᠭ᠋ ᠵᠢᠪᠬᠤᠭᠠᠯᠢᠭ ᠤᠬᠠᠭᠠᠯᠢᠭ ᠨᠢ ᠠᠲᠠᠯ᠎ᠠ ᠪᠠᠨ ᠴᠡᠴᠡᠭ ᠮᠠᠨᠢ ᠣᠳᠣ ᠬᠦᠷᠲᠡᠯ᠎ᠡ ᠭᠤᠷᠪᠠᠨ ᠥᠷᠥᠭᠡᠨ ᠦ᠌ ᠳᠤᠮᠳᠠ ᠪᠣᠰᠤᠭ᠎ᠠ ᠲᠣᠯᠢᠨ ᠤ᠋ ᠤᠷᠢᠳ ᠭᠣᠩ ᠪᠡᠶ᠎ᠡ ᠪᠡᠷ ᠡᠷᠭᠢᠯᠳᠦᠭᠰᠡᠭᠡᠷ ᠪᠠᠢᠨ᠎ᠠ᠃ ᠪᠣᠳᠣᠭᠠᠳ ᠪᠠᠢᠬᠤ ᠨᠢ ᠪᠣᠯᠵᠣᠯ ᠨᠢ ᠬᠠᠲᠠᠭᠤᠳᠠᠭᠰᠠᠨ ᠪᠣᠯᠤᠯᠲᠠᠢ᠃ ᠦᠨᠡᠬᠡᠷ ᠭᠠᠭᠴᠠ ᠪᠡᠶ᠎ᠡ ᠪᠥᠭᠡᠳ ᠳᠡᠭᠡᠷᠡᠬᠢ ᠠᠷᠪᠠᠨ ᠭᠤᠷᠪᠠᠨ ᠪᠣᠯᠵᠣᠯ ᠢ᠋ ᠬᠠᠩᠭᠠᠭᠰᠠᠨ ᠳᠥᠮᠥᠭ( ᠵᠡᠭᠡᠭᠡᠭᠰᠡᠨ) ᠡᠷ᠎ᠡ ᠪᠠᠢᠪᠠᠯ ᠮᠠᠨ ᠤ᠋ ᠴᠡᠴᠡᠭ ᠲᠡᠢ ᠲᠠᠨᠢᠯᠴᠠᠵᠤ ᠪᠣᠯᠤᠨ᠎ᠠ ᠰᠢᠦ! ᠰᠠᠢᠨ ᠴᠦ᠍ ᠬᠡᠦᠬᠡᠨ᠂ ᠰᠠᠢᠬᠠᠨ ᠴᠤ᠌ ᠬᠡᠦᠬᠡᠨ᠃
– – – –
(1) ᠠᠪᠬᠠᠯᠵᠢ ᠰᠡᠷᠭᠦᠯᠡᠩᠴᠢᠳ ᠦᠨ ᠲᠡᠮᠡᠴᠡᠭᠡᠨ
(2) ᠶᠡᠬᠡ ᠳᠡᠭᠡᠳᠤ ᠰᠤᠷᠭᠠᠭᠤᠯᠢ ᠲᠡᠭᠦᠰᠦᠭᠴᠢᠳ ᠦᠨ ᠡᠩᠭᠡᠷ ᠦᠨ ᠲᠡᠮᠳᠡᠭ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
2023᠂᠂23 ᠤ᠋ ᠡᠳᠦᠷ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂᠂23 ᠤ᠋ ᠡᠳᠦᠷ
