ᠵᠡᠷᠭᠡᠴᠡᠨ ᠠᠮᠢᠳᠤᠷᠠᠶ᠎ᠠЗэрэгцэн амьдаръя
ᠵᠡᠷᠭᠡᠴᠡᠨ ᠠᠮᠢᠳᠤᠷᠠᠶ᠎ᠠ
- ᠲᠡᠢᠮᠦ ᠯᠠ ᠶᠠᠭᠤᠮ᠎ᠠ ᠪᠣᠯᠤᠭᠰᠠᠨ ᠶᠤᠮ ᠳᠠ!
- ᠦᠨᠡᠬᠡᠷ ᠭᠤᠨᠢᠭᠲᠠᠢ ᠲᠡᠦᠬᠡ ᠶᠦᠮ ᠠ᠋!
- ᠬᠠᠷᠢᠨ ᠲᠡᠢᠮᠦ ᠠ᠋!
- ᠴᠣᠬᠣᠷ ᠢᠷᠪᠢᠰ ᠠ᠋! ᠴᠢᠮ᠎ᠠ ᠳ᠋ᠤ᠌ ᠶᠠᠭᠤ ᠲᠣᠬᠢᠶᠠᠯᠳᠤᠭᠰᠠᠨ ᠶᠤᠮ ᠪᠣᠢ?
- ᠠᠯᠲᠠᠢ ᠨᠢᠷᠤᠭᠤ ᠪᠣᠯ ᠮᠢᠨᠦ ᠭᠡᠷ ᠪᠦᠯᠢ᠂ ᠪᠢ ᠡᠵᠢ ᠲᠡᠢ ᠪᠡᠨ ᠬᠠᠮᠲᠤ ᠠᠭᠤᠯᠠᠨ ᠳ᠋ᠤ᠌ ᠠᠮᠢᠳᠤᠷᠠᠵᠤ ᠬᠠᠷᠠᠩᠭᠤᠢ ᠪᠦᠷᠦᠩᠬᠦᠢ ᠪᠣᠯᠬᠤ ᠪᠠᠷ ᠢᠳᠡᠰᠢ ᠬᠣᠭᠣᠯᠠ ᠪᠠᠨ ᠣᠯᠬᠤ ᠪᠠᠷ ᠭᠠᠷᠳᠠᠭ ᠪᠠᠢᠭᠰᠠᠨ᠃ ᠪᠢᠳᠡ ᠬᠣᠶᠠᠷ ᠨᠢᠭᠡ ᠣᠷᠣᠢ ᠢᠳᠡᠰᠢ ᠬᠣᠭᠣᠯᠠ ᠪᠠᠨ ᠣᠯᠬᠤ ᠪᠠᠷ ᠥᠭᠡᠷ᠎ᠡ ᠨᠢᠭᠡ ᠠᠭᠤᠯᠠ ᠤᠷᠤᠭᠤ ᠶᠠᠪᠤᠯ᠎ᠠ᠃ ᠨᠡᠯᠢᠶᠡᠳ ᠤᠳᠠᠭᠠᠨ ᠶᠠᠪᠤᠭᠰᠠᠨ ᠤ᠋ ᠡᠴᠦᠰ ᠲᠦ᠍ ᠨᠢᠭᠡ ᠶᠠᠭᠤᠮ᠎ᠠ ᠢᠷᠡᠯ᠎ᠡ᠃ ᠭᠡᠨᠡᠳᠲᠡ ᠬᠠᠮᠢᠭ᠎ᠠ ᠠ᠋ᠴᠠ ᠴᠤ᠌ ᠶᠤᠮ ᠬᠤᠷᠴᠠ ᠲᠣᠳᠣ ᠭᠡᠷᠡᠯ ᠠᠰᠠᠭᠰᠠᠨ ᠮᠠᠰᠢᠨ ᠨᠤᠭᠤᠳ ᠭᠠᠷᠤᠭᠠᠳ ᠢᠷᠡᠭᠰᠡᠨ᠂ ᠤᠷᠤᠭᠰᠢ ᠪᠠᠨ ᠠᠯᠬᠤᠪᠠᠯ ᠤᠷᠳᠤᠭᠤᠷ ᠶᠠᠪᠤᠵᠤ᠂ ᠬᠣᠢᠰᠢ ᠪᠠᠨ ᠠᠯᠬᠤᠪᠠᠯ ᠬᠣᠢᠭᠤᠷ ᠶᠠᠪᠤᠵᠤ᠂ ᠵᠢᠷᠦᠬᠡ ᠮᠢᠨᠢ ᠠᠮᠠ ᠪᠠᠷ ᠭᠠᠷᠬᠤ ᠰᠢᠬᠠᠭᠰᠠᠨ᠂ ᠪᠢ ᠠᠷᠠᠢ ᠬᠢᠵᠦ ᠠᠮᠢᠰᠬᠤᠭ᠎ᠠ ᠪᠠᠨ ᠳᠠᠷᠤᠭᠠᠳ ᠨᠢᠳᠦ ᠪᠡᠨ ᠨᠡᠭᠡᠭᠡᠲᠡᠯ᠎ᠡ ᠡᠵᠢ ᠮᠢᠨᠢ ᠵᠠᠮ ᠳᠡᠭᠡᠷ᠎ᠡ ᠬᠡᠪᠲᠡᠵᠦ ᠪᠠᠢᠭᠰᠠᠨ᠂ ᠪᠢ ᠶᠠᠭᠠᠬᠢᠬᠤ ᠪᠠᠨ ᠴᠤ᠌ ᠮᠡᠳᠡᠬᠦ ᠦᠭᠡᠢ ≪ᠡᠵᠢ ᠠ᠋᠂ ᠡᠵᠢ ᠠ᠋!≫ ᠯᠡ ᠭᠡᠵᠦ ᠣᠷᠢᠯᠠᠬᠤ ᠠ᠋ᠴᠠ ᠥᠭᠡᠷ᠎ᠡ ᠶᠠᠭᠤᠮ᠎ᠠ ᠬᠢᠭᠡ ᠦᠭᠡᠢ ᠳᠡ!ᠲᠡᠷᠡ ᠮᠠᠰᠢᠨ ᠵᠠᠮ ᠳᠡᠭᠡᠭᠦᠷ ᠡᠰᠡᠪᠡᠯ ᠳᠣᠣᠭᠤᠷ ᠨᠢ ᠴᠦ᠍ ᠪᠣᠯᠲᠤᠭᠠᠢ ᠭᠠᠷᠤᠭᠠᠳ ᠶᠠᠪᠤᠴᠢᠬᠠᠬᠤ ᠵᠦᠢᠯ ᠪᠠᠢᠳᠠᠭ ᠰᠠᠨ ᠪᠣᠯ?
- ᠪᠠᠶᠠᠷᠲᠠᠢ! ᠰᠠᠢᠨ ᠶᠠᠪᠤᠭᠠᠷᠠᠢ!
- ᠪᠠᠶᠠᠷᠲᠠᠢ! ᠰᠠᠢᠨ ᠶᠠᠪᠤᠭᠠᠷᠠᠢ!
ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ
ᠦᠰᠦᠭ ᠬᠠᠲᠠᠭᠰᠠᠨ ᠨᠢ ᠄ ᠮᠥᠩᠭᠦᠨᠴᠡᠴᠡᠭ
ᠬᠢᠨᠠᠭᠴᠢ ᠪᠠᠭᠰᠢ ᠨᠢ ᠄ ᠮᠥᠴᠢᠷ
