ᠬᠣᠯᠠ ᠶᠢᠨ ᠴᠡᠩᠬᠡᠷ ᠨᠤᠲᠤᠭХолын цэнхэр нутаг-ᠮᠠᠨᠳᠤᠬᠤ ᠪᠠᠭᠰᠢ ᠶᠢᠨ ᠤᠷᠠᠨ ᠪᠢᠴᠢᠯᠭᠡ
ᠬᠣᠯᠠ ᠶᠢᠨ ᠴᠡᠩᠬᠡᠷ ᠨᠤᠲᠤᠭ
ᠮᠠᠨᠳᠤᠬᠤ ᠪᠠᠭ᠍ᠰᠢ ᠶᠢᠨ ᠤᠷᠠᠨ ᠪᠢᠴᠢᠯᠭᠡ
ᠬᠣᠩᠭᠣᠷ ᠪᠠᠭ᠎ᠠ ᠶ᠋ᠢᠨ ᠮᠢᠨᠢ ᠪᠣᠳᠣᠯ ᠳ᠋ᠤ᠌
ᠲᠩᠷᠢ ᠨᠢ ᠴᠡᠩᠬᠡᠷᠲᠦᠭᠰᠡᠨ
ᠬᠣᠷᠸ᠎ᠠ ᠳ᠋ᠤ᠌ ᠭᠠᠭᠴᠠᠬᠠᠨ ᠨᠤᠲᠤᠭ ᠢ᠋ᠶ᠋ᠠᠨ
ᠵᠡᠭᠦᠳᠦᠯᠡᠭᠡᠳ ᠰᠡᠷᠢᠳᠡᠭ ᠨᠢ ᠶᠠᠭᠤ ᠪᠣᠢ
ᠢᠰᠡᠭᠡᠢ ᠴᠠᠭᠠᠨ ᠭᠡᠷ ᠦ᠋ᠨ ᠢ᠋ᠶ᠋ᠡᠨ
ᠢᠯᠴᠢ ᠶ᠋ᠢ ᠰᠠᠨᠠᠭᠰᠠᠨ ᠤ᠋ ᠤᠴᠢᠷ ᠤᠤ
ᠡᠵᠢ ᠮᠢᠨᠢ ᠨᠠᠮ᠎ᠠ ᠶ᠋ᠢ ᠪᠡᠨ ᠦᠨᠦᠰᠦᠯ᠎ᠡ ᠭᠡᠵᠦ
ᠤᠬᠢᠯᠠᠭᠠᠳ ᠰᠡᠷᠢᠭᠰᠡᠨ ᠦ᠌ ᠤᠴᠢᠷ ᠤᠤ
ᠬᠠ ᠠᠢ! ᠬᠣᠯᠠ ᠶ᠋ᠢᠨ ᠴᠡᠩᠬᠡᠷ ᠨᠤᠲᠤᠭ ᠮᠢᠨᠢ
ᠬᠠ ᠠᠢ! ᠬᠣᠣᠰ ᠦᠭᠡᠢ ᠬᠠᠢᠷ᠎ᠠ ᠶ᠋ᠢᠨ ᠽᠠᠮᠪᠤᠯᠢᠩ
ᠪᠣᠳᠣᠯ ᠤᠬᠠᠭᠠᠨ ᠤ᠋ ᠮᠢᠨᠢ ᠭᠦᠨ ᠳ᠋ᠦ᠍
ᠪᠣᠷᠬᠠᠨᠯᠢᠭ ᠰᠦᠮᠡᠯᠵᠡᠭᠰᠡᠨ
ᠪᠤᠶᠠᠨ ᠵᠠᠶᠠᠭᠠᠲᠤ ᠨᠤᠲᠤᠭ ᠢ᠋ᠶ᠋ᠠᠨ
ᠪᠣᠳᠣᠭᠠᠳ ᠯᠠ ᠶᠠᠪᠤᠳᠠᠭ ᠨᠢ ᠶᠠᠭᠤ ᠪᠣᠢ
ᠠᠯᠲᠠᠨ ᠤᠳᠤᠮ ᠤ᠋ᠨ ᠴᠢᠰᠤ ᠨᠢ
ᠵᠢᠷᠦᠬᠡᠨ ᠳ᠋ᠦ᠍ ᠯᠤᠭᠰᠢᠳᠠᠭ ᠤ᠋ᠨ ᠤᠴᠢᠷ ᠤᠤ
ᠠᠪᠤ ᠮᠢᠨᠢ ᠨᠠᠮ᠎ᠠ ᠶ᠋ᠢ ᠪᠡᠨ ᠦᠨᠦᠰᠦᠯ᠎ᠡ ᠭᠡᠵᠦ
ᠵᠡᠭᠦᠳᠦᠯᠡᠭᠡᠳ ᠰᠡᠷᠢᠭᠰᠡᠨ ᠦ᠌ ᠤᠴᠢᠷ ᠤᠤ
ᠬᠠ ᠠᠢ! ᠬᠣᠯᠠ ᠶ᠋ᠢᠨ ᠴᠡᠩᠬᠡᠷᠬᠡᠨ ᠨᠤᠲᠤᠭ ᠮᠢᠨᠢ
ᠬᠠ ᠠᠢ! ᠬᠣᠣᠰ ᠦᠭᠡᠢ ᠬᠠᠢᠷ᠎ᠠ ᠶ᠋ᠢᠨ ᠽᠠᠮᠪᠤᠯᠢᠩ
ᠬᠠ ᠠᠢ! ᠬᠣᠯᠠ ᠶ᠋ᠢᠨ ᠴᠡᠩᠬᠡᠷᠬᠡᠨ ᠨᠤᠲᠤᠭ ᠮᠢᠨᠢ
ᠬᠠ ᠠᠢ! ᠬᠣᠣᠰ ᠦᠭᠡᠢ ᠬᠠᠢᠷ᠎ᠠ ᠶ᠋ᠢᠨ ᠽᠠᠮᠪᠤᠯᠢᠩ
ᠦᠰᠦᠭ ᠬᠠᠳᠠᠭᠴᠢ᠄ ᠮᠠᠨᠳᠤᠬᠤ
ᠦᠰᠦᠭ ᠠᠮᠢᠯᠠᠭᠤᠯᠤᠭᠴᠢ᠄ ᠣᠶᠤᠨ
ᠬᠢᠨᠠᠭᠴᠢ ᠪᠠᠭᠰᠢ᠄ ᠣᠳᠬᠠᠨᠰᠤ᠎ᠡ
