ᠴᠠᠷᠴᠠ ᠨᠠᠮᠵᠢᠯ - ᠪᠦᠪᠡᠢЦарцаа Намжил - Rokit Bay _ Бүүвэй 2D
ᠴᠠᠷᠴᠠ ᠨᠠᠮᠵᠢᠯ - ᠪᠦᠪᠡᠢ
ᠴᠠᠷᠴᠠ ᠨᠠᠮᠵᠢᠯ
ᠲᠠᠨ ᠳ᠋ᠤ᠌ ᠣᠳᠣ ᠶᠠᠭ ᠶᠦᠨᠢᠲ᠋ᠧᠯ ᠭᠥᠷᠤᠹ ᠤ᠋ᠨ ᠪᠦᠤᠪᠠᠢ ᠬᠥᠲᠥᠯᠪᠦᠷᠢ ᠶ᠋ᠢᠨ ᠰᠣᠨᠣᠰᠳᠠᠭ ᠦᠯᠢᠭᠡᠷ ᠦ᠋ᠨ ᠲᠡᠭᠦᠪᠦᠷᠢ ᠬᠦᠷᠴᠦ ᠪᠠᠢᠨ᠎ᠠ᠃
《ᠴᠠᠷᠴᠠ ᠨᠠᠮᠵᠢᠯ》 ᠦᠯᠢᠭᠡᠷ ᠦ᠋ᠨ ᠣᠷᠣᠨ ᠢ᠋ᠶ᠋ᠠᠷ ᠦᠷᠭᠦᠯᠵᠢᠯᠡᠭᠦᠯᠦᠨ ᠠᠶᠠᠯᠠᠬᠤ ᠶ᠋ᠢ ᠬᠦᠰᠡᠪᠡᠯ ᠰᠣᠨᠣᠰᠴᠠᠭᠠᠶ᠎ᠠ
ᠡᠷᠲᠡ ᠤᠷᠢᠳᠤ ᠴᠠᠭ ᠲᠤ᠌ ᠴᠠᠷᠴᠠ ᠨᠠᠮᠵᠢᠯ ᠭᠡᠵᠦ ᠨᠢᠭᠡ ᠲᠡᠨᠡᠭ ᠬᠥᠪᠡᠭᠦᠨ ᠪᠠᠢᠵᠠᠢ᠂ ᠴᠠᠷᠴᠠ ᠨᠠᠮᠵᠢᠯ ᠰᠦᠮ᠎ᠡ ᠬᠡᠢᠳ ᠲᠦ᠍ ᠰᠠᠭᠤᠵᠤ ᠭᠤᠷᠪᠠᠨ ᠵᠢᠯ ᠦ᠋ᠨ ᠲᠣᠷᠰᠢ ᠨᠣᠮ ᠵᠢᠭᠠᠯᠭᠠᠭᠰᠠᠨ ᠪᠣᠯᠪᠠᠴᠤ ᠶᠠᠭᠤ ᠴᠤ᠌ ᠰᠤᠷᠤᠭᠰᠠᠨ ᠦᠭᠡᠢ ᠲᠡᠨᠡᠭ ᠮᠠᠩᠬᠤᠤ ᠬᠡᠪ ᠢ᠋ᠶ᠋ᠡᠷ ᠢ᠋ᠶ᠋ᠡᠨ ᠪᠠᠢᠭᠰᠠᠨ ᠲᠤᠯᠠ ᠨᠢᠭᠡᠨ ᠡᠳᠦᠷ ᠪᠠᠭᠰᠢ ᠨᠢ ᠴᠠᠷᠴᠠ ᠨᠠᠮᠵᠢᠯ ᠳ᠋ᠤ᠌᠄
《ᠴᠢ ᠶᠠᠭᠤᠮ᠎ᠠ ᠰᠤᠷᠬᠤ ᠦᠭᠡᠢ ᠨᠢ ᠠ᠋᠂ ᠨᠤᠲᠤᠭ ᠲᠤ᠌ ᠪᠠᠨ ᠪᠤᠴᠠ!》 ᠭᠡᠵᠦ ᠬᠡᠯᠡᠵᠡᠢ᠂ ᠴᠠᠷᠴᠠ ᠨᠠᠮᠵᠢᠯ᠄《ᠪᠠᠭᠰᠢ ᠮᠢᠨᠢ ᠬᠦᠷᠢᠶ᠎ᠡ ᠬᠡᠢᠳ ᠲᠦ᠍ ᠭᠤᠷᠪᠠᠨ ᠵᠢᠯ ᠨᠣᠮ ᠦᠵᠡᠭᠰᠡᠨ ᠬᠥᠮᠦᠨ ᠭᠡᠬᠦ ᠳ᠋ᠦ᠍ ᠪᠢ ᠮᠠᠨᠢ ᠴᠤ᠌ ᠤᠩᠰᠢᠵᠤ ᠰᠤᠷᠤᠭᠰᠠᠨ ᠦᠭᠡᠢ ᠪᠤᠴᠠᠬᠤ ᠨᠢ ᠳᠠᠩᠴᠤ ᠢᠴᠢᠭᠦᠷᠢᠲᠡᠢ ᠪᠠᠢᠨ᠎ᠠ᠃ ᠡᠢᠮᠦ ᠳ᠋ᠦ᠍ ᠣᠳᠣ ᠨᠠᠳᠠ ᠳ᠋ᠤ᠌ ᠭᠠᠭᠴᠠᠬᠠᠨ ᠯᠠ ᠨᠣᠮ ᠵᠢᠭᠠᠭᠠᠳ ᠥᠭᠭᠦᠭᠡᠴᠢ᠂ ᠪᠢ ᠵᠠᠮ ᠳ᠋ᠠᠭᠠᠨ ᠤᠩᠰᠢᠭᠰᠠᠭᠠᠷ ᠶᠠᠪᠤᠭᠠᠳ ᠬᠠᠷᠢᠲᠠᠯᠠ ᠪᠠᠨ ᠰᠤᠷᠤᠶ᠎ᠠ ᠭᠡᠵᠡᠢ᠂
ᠲᠡᠭᠡᠬᠦ ᠳ᠋ᠦ᠍ ᠪᠠᠭᠰᠢ ᠨᠢ᠄《ᠪᠢ ᠴᠢᠮ᠎ᠠ ᠳ᠋ᠤ᠌ ᠣᠳᠣ ᠶᠠᠮᠠᠷ ᠴᠤ᠌ ᠨᠣᠮ ᠵᠢᠭᠠᠬᠤ ᠦᠭᠡᠢ᠂ ᠵᠠᠮ ᠳ᠋ᠠᠭᠠᠨ ᠲᠣᠬᠢᠶᠠᠯᠳᠤᠭᠰᠠᠨ ᠪᠦᠭᠦᠳᠡ ᠶ᠋ᠢ ᠠᠵᠢᠭᠯᠠᠨ ᠬᠠᠷᠠᠵᠤ ᠲᠣᠭᠲᠠᠭᠠᠳ ᠶᠠᠪᠤᠪᠠᠯ ᠲᠡᠷᠡ ᠴᠢᠨᠢ ᠴᠢᠮ᠎ᠠ ᠳ᠋ᠤ᠌ ᠰᠠᠢᠨ ᠠ᠋ᠴᠠ ᠰᠠᠢᠨ ᠡᠷᠳᠡᠮ ᠪᠣᠯᠤᠨ᠎ᠠ ᠪᠢᠵᠡ ᠳᠠ》 ᠭᠡᠵᠡᠢ᠃
ᠲᠡᠭᠡᠭᠡᠳ ᠴᠠᠷᠴᠠ ᠨᠠᠮᠵᠢᠯ ᠴᠤ᠌ ᠬᠥᠳᠥᠰᠥᠨ ᠳᠡᠪᠡᠯ ᠢ᠋ᠶ᠋ᠡᠨ ᠬᠥᠭᠡᠷᠭᠡᠨ ᠪᠦᠰᠡᠯᠡᠵᠦ᠂ ᠬᠦᠮᠡᠨ ᠭᠤᠲᠤᠯ ᠢ᠋ᠶ᠋ᠠᠨ ᠲᠠᠬᠠᠯᠠᠨ ᠡᠮᠦᠰᠦᠭᠡᠳ ᠠᠮᠠᠨ ᠳ᠋ᠠᠭᠠᠨ ᠤᠩᠰᠢᠬᠤ ᠭᠠᠭᠴᠠ ᠴᠤ᠌ ᠮᠠᠨᠢ ᠦᠭᠡᠢ᠂ ᠠᠯᠤᠰ ᠤ᠋ᠨ ᠵᠠᠮ ᠳ᠋ᠤ᠌ ᠭᠠᠷᠤᠭᠠᠳ ᠶᠠᠪᠤᠵᠠᠢ᠃ ᠶᠠᠪᠤᠭᠠᠳ ᠯᠠ ᠪᠠᠢᠵᠤ᠂ ᠶᠠᠪᠤᠭᠠᠳ ᠯᠠ ᠪᠠᠢᠵᠤ᠂
ᠶᠠᠪᠤᠭᠰᠠᠭᠠᠷ ᠪᠠᠢᠲᠠᠯ᠎ᠠ ᠵᠠᠮ ᠳ᠋ᠤ᠌ ᠨᠢ ᠨᠢᠭᠡ ᠲᠣᠮᠣ ᠬᠠᠷ᠎ᠠ ᠰᠢᠪᠠᠭᠤ ᠥᠨᠳᠥᠷ ᠮᠣᠳᠣᠨ ᠳᠡᠭᠡᠷ᠎ᠡ ᠰᠠᠭᠤᠭᠠᠳ᠄《ᠸᠠᠭ᠂ ᠸᠠᠭ》 ᠳᠤᠤᠭᠠᠷᠴᠤ ᠪᠠᠢᠵᠠᠢ᠂ ᠲᠡᠭᠦᠨ ᠢ᠋ ᠬᠠᠷᠠᠭᠠᠳ ᠪᠠᠭᠰᠢ ᠶ᠋ᠢᠨ ᠬᠢᠨᠢ ᠵᠠᠬᠢᠭᠰᠠᠨ ᠦᠭᠡ ᠰᠠᠨᠠᠭᠠᠨ ᠳ᠋ᠤ᠌ ᠨᠢ ᠣᠷᠣᠵᠤ᠂ ᠮᠠᠨᠢ ᠬᠦᠦ᠄《ᠪᠠᠷᠠᠭᠠᠨ ᠰᠢᠪᠠᠭᠤ ᠸᠠᠭ ᠸᠠᠭ᠂ ᠪᠠᠷᠠᠭᠤᠨ ᠰᠢᠪᠠᠭᠤ ᠸᠠᠭ ᠸᠠᠭ》 ᠭᠡᠳ ᠤᠩᠰᠢᠭᠠᠳ ᠶᠠᠪᠤᠵᠠᠢ᠂
ᠲᠡᠭᠡᠵᠦ ᠶᠠᠪᠤᠲᠠᠯ᠎ᠠ ᠤᠷᠳᠤᠭᠤᠷ ᠨᠢ ᠬᠣᠶᠠᠷ ᠵᠡᠭᠡᠷ᠎ᠡ ᠳᠠᠪᠬᠢᠭᠠᠳ᠂ ᠥᠩᠭᠡᠷᠡᠵᠡᠢ ᠲᠡᠭᠦᠨ ᠢ᠋ ᠨᠢ ᠬᠠᠷᠠᠭᠠᠳ᠄《ᠬᠣᠶᠠᠷ ᠵᠡᠭᠡᠷ᠎ᠡ ᠵᠤᠷᠤᠩ ᠵᠤᠷᠤᠩ᠂ ᠬᠣᠶᠠᠷ ᠵᠡᠭᠡᠷ᠎ᠡ ᠵᠤᠷᠤᠩ ᠵᠤᠷᠤᠩ》 ᠭᠡᠭᠡᠳ ᠤᠩᠰᠢᠭᠠᠳ ᠶᠠᠪᠤᠯ᠎ᠠ᠂
ᠲᠡᠭᠡᠵᠦ ᠶᠠᠪᠤᠲᠠᠯ᠎ᠠ ᠵᠠᠮ ᠳ᠋ᠤ᠌ ᠨᠢ ᠬᠣᠶᠠᠷ ᠬᠤᠯᠤᠭᠠᠨ᠎ᠠ ᠨᠦᠬᠡ ᠶ᠋ᠢᠨ ᠢ᠋ᠶ᠋ᠡᠨ ᠠᠮᠠᠨ ᠳ᠋ᠤ᠌ ᠰᠠᠭᠤᠴᠢᠬᠠᠭᠠᠳ ᠰᠢᠷᠣᠢ ᠮᠠᠯᠲᠠᠵᠤ ᠪᠠᠢᠭ᠎ᠠ ᠶ᠋ᠢ ᠬᠠᠷᠠᠭᠠᠳ 《ᠬᠣᠶᠠᠷ ᠬᠤᠯᠤᠭᠠᠨ᠎ᠠ ᠭᠠᠵᠠᠷ ᠮᠠᠯᠲᠠᠭᠠᠳ ᠪᠤᠪᠠᠰ ᠪᠤᠪᠠᠰ᠂ ᠬᠣᠶᠠᠷ ᠬᠤᠯᠤᠭᠠᠨ᠎ᠠ ᠭᠠᠵᠠᠷ ᠮᠠᠯᠲᠠᠭᠠᠳ ᠪᠤᠪᠠᠰ ᠪᠤᠪᠠᠰ》 ᠭᠡᠳ ᠯᠡ ᠤᠩᠰᠢᠭᠠᠳ ᠶᠠᠪᠤᠵᠠᠢ᠃
ᠲᠡᠭᠡᠵᠦ ᠶᠠᠪᠤᠲᠠᠯ᠎ᠠ ᠨᠢᠭᠡ ᠭᠠᠬᠠᠢ ᠶ᠋ᠢᠨ ᠮᠢᠬ᠎ᠠ ᠠᠴᠢᠭᠰᠠᠨ ᠬᠢᠲᠠᠳ ᠬᠤᠳᠠᠯᠳᠤᠭᠠᠴᠢᠨ ᠲᠠᠭᠠᠷᠠᠯᠳᠤᠵᠠᠢ᠃ ᠴᠠᠷᠴᠠ ᠨᠠᠮᠵᠢᠯ ᠶᠡᠬᠡᠬᠡᠨ ᠥᠯᠥᠰᠴᠦ ᠶᠠᠪᠤᠭᠰᠠᠨ ᠤᠴᠢᠷ ᠭᠠᠬᠠᠢ ᠶ᠋ᠢᠨ ᠲᠠᠷᠭᠤᠨ ᠮᠢᠬ᠎ᠠ ᠬᠠᠷᠠᠭᠠᠳ ᠠᠷᠠᠭᠠᠨ ᠤ᠋ ᠬᠢᠨᠢ ᠰᠢᠯᠦᠰᠦ ᠠᠰᠬᠠᠷᠠᠵᠤ᠂ ᠠᠪᠬᠤ ᠶ᠋ᠢ ᠬᠦᠰᠡᠭᠰᠡᠨ ᠪᠣᠯᠪᠠᠴᠤ ᠬᠢᠲᠠᠳ ᠬᠡᠯᠡ ᠮᠡᠳᠡᠬᠦ ᠦᠭᠡᠢ ᠤᠴᠢᠷ᠂ ᠮᠢᠬ᠎ᠠ ᠶᠠᠮᠠᠷ ᠦᠨᠡᠲᠡᠢ ᠪᠣᠯᠬᠤ ᠶ᠋ᠢ ᠳᠡᠮᠡᠢ ᠯᠡ ᠳᠣᠬᠢᠶ᠎ᠠ ᠪᠠᠷ ᠠᠰᠠᠭᠤᠭᠰᠠᠨ ᠳ᠋ᠤ᠌ ᠬᠢᠲᠠᠳ ᠬᠤᠳᠠᠯᠳᠤᠭᠠᠴᠢᠨ ᠬᠠᠷᠢᠭᠤ ᠳ᠋ᠤ᠌ ᠨᠢ᠄
《ᠬᠣᠶᠠᠷ ᠭᠠᠷ ᠢ᠋ᠶ᠋ᠠᠨ ᠣᠷᠣᠭᠰᠢ ᠰᠤᠩᠭᠠᠵᠤ ᠶᠠᠮᠠᠷ ᠨᠢᠭᠡ ᠶᠠᠭᠤᠮ᠎ᠠ ᠶ᠋ᠢ ᠲᠡᠪᠡᠷᠢᠬᠦ ᠮᠡᠲᠦ ᠰᠠᠯᠠᠭᠠᠪᠴᠢᠯᠠᠭᠠᠳ ᠳᠠᠷᠠᠭ᠎ᠠ ᠨᠢ ᠠᠯᠳᠠᠯᠠᠵᠤ᠂ ᠳᠠᠷᠠᠭ᠎ᠠ ᠨᠢ ᠡᠷᠡᠬᠡᠢ ᠬᠤᠷᠤᠭᠤ ᠪᠠᠨ ᠭᠣᠵᠣᠢᠯᠭᠠᠵᠠᠢ᠃
ᠡᠨᠡ ᠨᠢ ᠪᠦᠳᠦᠭᠦᠨ ᠢ᠋ᠶ᠋ᠡᠷ ᠢ᠋ᠶ᠋ᠡᠨ ᠬᠥᠮᠦᠨ ᠦ᠌ ᠲᠡᠪᠡᠷᠢ ᠳ᠋ᠦ᠍ ᠪᠠᠭᠲᠠᠷᠠᠯ ᠦᠭᠡᠢ ᠲᠠᠷᠭᠤᠨ᠂ ᠤᠷᠲᠤ ᠪᠠᠷ ᠢ᠋ᠶ᠋ᠠᠨ ᠠᠯᠲᠠ᠂ ᠡᠢᠮᠦ ᠰᠠᠢᠬᠠᠨ ᠮᠢᠬ᠎ᠠ ᠪᠠᠢᠨ᠎ᠠ᠂ ᠠᠪᠤᠪᠠᠯ ᠰᠠᠢᠨ᠂ ᠠᠪᠬᠤ ᠦᠭᠡᠢ ᠪᠣᠯ ᠮᠠᠭᠤ》 ᠭᠡᠰᠡᠨ ᠳᠣᠬᠢᠶ᠎ᠠ ᠪᠠᠢᠭᠰᠠᠨ ᠪᠣᠯᠪᠠᠴᠤ᠂ ᠴᠠᠷᠴᠠ ᠨᠠᠮᠵᠢᠯ ᠤᠴᠢᠷ ᠢ᠋ ᠨᠢ ᠣᠢᠯᠠᠭᠠᠭᠰᠠᠨ ᠦᠭᠡᠢ᠂
ᠬᠠᠷᠢᠨ ᠤᠭ ᠳᠣᠬᠢᠶ᠎ᠠ ᠶ᠋ᠢ ᠶᠠᠭ ᠯᠠ ᠳᠠᠭᠤᠷᠢᠶᠠᠵᠤ ᠳᠣᠬᠢᠵᠤ ᠴᠢᠳᠠᠳᠠᠭ ᠪᠣᠯᠤᠭᠠᠳ ᠴᠠᠭᠠᠱᠢ ᠶᠠᠪᠤᠵᠠᠢ᠂
ᠶᠠᠪᠤᠭᠠᠳ ᠯᠠ ᠪᠠᠢᠵᠤ᠂ ᠶᠠᠪᠤᠭᠠᠳ ᠯᠠ ᠪᠠᠢᠵᠤ ᠶᠠᠪᠤᠭᠰᠠᠭᠠᠷ ᠨᠢᠭᠡᠨ ᠪᠠᠶᠠᠨ ᠬᠠᠭᠠᠨ ᠤ᠋ ᠬᠢ ᠲᠠᠭᠠᠷᠠᠯᠳᠤᠵᠠᠢ᠃ ᠲᠡᠳᠡᠨ ᠦ᠌ ᠬᠢᠨ ᠳ᠋ᠦ᠍ ᠴᠠᠷᠴᠠ ᠨᠠᠮᠵᠢᠯ ᠣᠴᠢᠵᠠᠢ ᠭᠡᠨ᠎ᠡ᠃
ᠬᠠᠭᠠᠨ ᠳ᠋ᠤ᠌ ᠣᠴᠢᠵᠤ ᠨᠤᠲᠤᠭ ᠤᠰᠤ᠂ ᠬᠡᠷᠡᠭ ᠵᠣᠷᠢᠭ ᠢ᠋ᠶ᠋ᠠᠨ ᠶᠠᠷᠢᠯᠴᠠᠵᠤ ᠰᠠᠭᠤᠲᠠᠯ᠎ᠠ᠂ ᠴᠠᠷᠴᠠ ᠨᠠᠮᠵᠢᠯ ᠢ᠋ ᠬᠦᠷᠢᠶᠡᠨ ᠳ᠋ᠦ᠍ ᠭᠤᠷᠪᠠᠨ ᠵᠢᠯ ᠰᠠᠭᠤᠭᠰᠠᠨ ᠬᠥᠮᠦᠨ ᠭᠡᠳᠡᠭ ᠢ᠋ ᠰᠣᠨᠣᠰᠤᠭᠠᠳ ᠯᠠᠪ ᠶᠡᠬᠡ ᠮᠡᠷᠭᠡᠨ ᠲᠦᠷᠭᠡᠨ ᠬᠥᠮᠦᠨ ᠪᠠᠢᠬᠤ ᠭᠡᠵᠦ ᠪᠣᠳᠣᠨ᠂ ᠬᠠᠲᠤᠨ ᠤ᠋ ᠪᠠᠨ ᠬᠤᠯᠠᠭᠠᠢ ᠳ᠋ᠤ᠌ ᠠᠯᠳᠠᠭᠰᠠᠨ ᠠᠯᠲᠠᠨ ᠪᠥᠭᠡᠵᠢ ᠶ᠋ᠢ ᠣᠯᠣᠭᠤᠯᠬᠤ ᠪᠠᠷ ᠰᠢᠢᠳᠦᠭᠡᠳ ᠮᠡᠷᠭᠡᠯᠡᠵᠦ ᠥᠭᠬᠦ ᠶ᠋ᠢ ᠭᠤᠶᠤᠵᠠᠢ᠃
ᠴᠠᠷᠴᠠ ᠨᠠᠮᠵᠢᠯ ᠮᠠᠰᠢ ᠶᠡᠬᠡ ᠥᠯᠥᠰᠴᠦ ᠶᠠᠳᠠᠷᠠᠵᠤ ᠶᠠᠪᠤᠭᠰᠠᠨ ᠲᠤᠯᠠ᠄《ᠨᠢᠭᠡ ᠰᠠᠢᠨ ᠴᠠᠳᠴᠤ ᠠᠪᠤᠭᠠᠳ ᠦᠬᠦᠶ᠎ᠡ》 ᠭᠡᠵᠦ ᠪᠣᠳᠣᠭᠠᠳ ᠮᠡᠷᠭᠡᠯᠡᠬᠦ ᠶ᠋ᠢ ᠵᠥᠪᠰᠢᠶᠡᠷᠡᠵᠡᠢ᠃
ᠲᠡᠭᠡᠭᠡᠳ ᠬᠠᠭᠠᠨ ᠳ᠋ᠤ᠌ ᠴᠠᠷᠴᠠ ᠨᠠᠮᠵᠢᠯ᠄《ᠲᠠ ᠨᠢᠭᠡ ᠭᠡᠷ ᠪᠠᠷᠢᠭᠤᠯᠤᠭᠠᠳ ᠳᠣᠲᠣᠷ᠎ᠠ ᠨᠢ ᠶᠠᠩᠵᠤ ᠪᠦᠷᠢ ᠠᠮᠲᠠᠲᠠᠨ ᠲᠠᠩᠰᠤᠭ ᠢᠳᠡᠭᠡ ᠵᠣᠭᠣᠭ ᠪᠡᠯᠡᠳᠭᠡ᠂ ᠪᠢ ᠲᠡᠨᠳᠡ ᠭᠤᠷᠪᠠᠨ ᠬᠣᠨᠣᠭ ᠰᠠᠭᠤᠵᠤ ᠮᠡᠷᠭᠡᠯᠡᠨ᠎ᠡ᠃ ᠳᠥᠷᠪᠡ ᠳ᠋ᠡᠬᠢ ᠡᠳᠦᠷ ᠦ᠋ᠨ ᠥᠷᠯᠥᠭᠡ ᠯᠡ ᠲᠠ ᠲᠡᠨᠳᠡ ᠣᠷᠣᠵᠤ ᠪᠥᠭᠡᠵᠢ ᠪᠡᠨ ᠠᠰᠠᠭᠤᠭᠠᠷᠠᠢ᠂》 ᠭᠡᠵᠡᠢ᠃ ᠬᠠᠭᠠᠨ ᠴᠤ᠌ ᠶᠣᠰᠣ ᠪᠠᠷ ᠪᠣᠯᠭᠠᠵᠠᠢ ᠭᠡᠨ᠎ᠡ᠂
ᠴᠠᠷᠴᠠ ᠨᠠᠮᠵᠢᠯ ᠴᠤ᠌ ᠲᠤᠰᠬᠠᠢ ᠪᠡᠯᠡᠳᠬᠡᠭᠰᠡᠨ ᠭᠡᠷ ᠲᠦ᠍ ᠣᠷᠣᠵᠤ᠂ ᠬᠣᠭᠣᠯᠠ ᠤᠮᠳᠠ ᠢᠳᠡᠵᠦ ᠤᠤᠭᠤᠵᠤ ᠰᠠᠢᠲᠤᠷ ᠴᠠᠳᠤᠭᠰᠠᠨ ᠭᠡᠨ᠎ᠡ ᠃ ᠲᠡᠭᠡᠭᠡᠳ᠄《ᠵᠠ ᠣᠳᠣ ᠶᠠᠭᠠᠬᠢᠳᠠᠭ ᠪᠢᠯᠡ?》 ᠭᠡᠵᠦ ᠪᠣᠳᠣᠵᠤ ᠪᠠᠢᠭᠠᠳ᠂ ᠨᠥᠬᠥᠭᠡ ᠪᠠᠭᠰᠢ ᠶ᠋ᠢᠨ ᠬᠢᠨᠢ ᠵᠠᠬᠢᠭᠰᠠᠨ ᠦᠭᠡ ᠰᠠᠨᠠᠭᠳᠠᠵᠤ᠂ ᠤᠯᠠᠮ ᠢ᠋ᠶ᠋ᠠᠷ ᠦᠵᠡᠭᠰᠡᠨ ᠶᠠᠭᠤᠮ᠎ᠠ ᠪᠠᠨ ᠪᠣᠳᠣᠭᠠᠳ᠄
《ᠪᠠᠷᠠᠭᠠᠨ ᠰᠢᠪᠠᠭᠤ ᠸᠠᠭ ᠸᠠᠭ᠂ ᠪᠠᠷᠠᠭᠠᠨ ᠰᠢᠪᠠᠭᠤ ᠸᠠᠭ ᠸᠠᠭ》 ᠭᠡᠳ ᠯᠡ ᠤᠩᠰᠢᠭᠠᠳ ᠬᠡᠪᠲᠡᠵᠦ ᠪᠠᠢᠵᠠᠢ᠂ ᠲᠡᠷᠡ ᠣᠷᠣᠢ ᠬᠠᠭᠠᠨ ᠵᠡᠭᠦᠨ ᠭᠠᠷ ᠤ᠋ᠨ ᠲᠦᠰᠢᠮᠡᠯ ᠢ᠋ᠶ᠋ᠡᠨ ᠳᠠᠭᠤᠳᠠᠵᠤ ᠢᠷᠡᠭᠦᠯᠦᠭᠡᠳ᠄《ᠮᠡᠷᠭᠡᠨ ᠯᠠᠮᠠ ᠶ᠋ᠢᠨ ᠭᠡᠷ ᠦ᠋ᠨ ᠭᠠᠳᠠᠨ᠎ᠠ ᠣᠴᠢᠵᠤ ᠴᠢᠩᠨᠠᠭᠠᠳ ᠲᠡᠭᠦᠨ ᠦ᠌ ᠶᠠᠭᠤ ᠬᠢᠵᠦ ᠪᠠᠢᠭ᠎ᠠ ᠶ᠋ᠢ ᠨᠢ ᠮᠡᠳᠡᠭᠡᠳ ᠢᠷ᠎ᠡ》 ᠭᠡᠵᠦ ᠲᠤᠰᠢᠶᠠᠯ ᠥᠭᠭᠦᠭᠡᠳ ᠶᠠᠪᠤᠭᠤᠯᠵᠠᠢ᠃
ᠲᠦᠰᠢᠮᠡᠯ ᠨᠢ ᠯᠠᠮᠠ ᠶ᠋ᠢᠨ ᠭᠡᠷ ᠦ᠋ᠨ ᠭᠠᠳᠠᠨ᠎ᠠ ᠢᠷᠡᠵᠦ ᠭᠡᠷ ᠳᠠᠷᠤᠭᠤᠯᠤᠭᠰᠠᠨ ᠴᠢᠯᠠᠭᠤᠨ ᠳᠡᠭᠡᠷ᠎ᠡ ᠰᠠᠭᠤᠭᠠᠳ ᠴᠢᠩᠨᠠᠭᠰᠠᠨ ᠴᠢᠨᠢ᠄《ᠪᠠᠷᠠᠭᠠᠨ ᠰᠢᠪᠠᠭᠤ ᠸᠠᠭ ᠸᠠᠭ᠂ ᠪᠠᠷᠠᠭᠠᠨ ᠰᠢᠪᠠᠭᠤ ᠸᠠᠭ ᠸᠠᠭ》 ᠭᠡᠳ ᠯᠡ ᠶᠠᠭᠤᠮ᠎ᠠ ᠶᠠᠷᠢᠭᠠᠳ ᠪᠠᠢᠬᠤ ᠰᠢᠭ᠋ ᠪᠣᠯᠵᠠᠢ ᠭᠡᠨ᠎ᠡ᠃
ᠲᠡᠭᠦᠨ ᠢ᠋ ᠰᠣᠨᠣᠰᠤᠭᠰᠠᠨ ᠲᠦᠰᠢᠮᠡᠯ᠄《ᠪᠠᠷᠠᠭᠠᠨ ᠰᠢᠪᠠᠭᠤ ᠭᠡᠵᠦ ᠡᠨᠡ ᠯᠠᠮᠠ ᠨᠠᠮ᠎ᠠ ᠶ᠋ᠢ ᠯᠡ ᠢᠷᠡᠵᠦ ᠰᠠᠭᠤᠭᠰᠠᠨ ᠢ᠋ ᠮᠡᠳᠡᠭᠡᠳ ᠬᠡᠯᠡᠯ᠎ᠡ ᠳᠠ》 ᠭᠡᠵᠦ ᠪᠣᠳᠣᠭᠠᠳ ᠪᠤᠰᠢᠭᠤᠬᠠᠨ ᠪᠤᠴᠠᠵᠤ ᠢᠷᠡᠭᠡᠳ ᠬᠠᠭᠠᠨ ᠳ᠋ᠤ᠌ ᠪᠠᠨ ᠯᠠᠮᠠ ᠶ᠋ᠢᠨ ᠬᠡᠯᠡᠭᠰᠡᠨ ᠦᠭᠡ ᠶ᠋ᠢ ᠬᠡᠯᠡᠵᠡᠢ᠃
ᠮᠠᠷᠭᠠᠰᠢ ᠨᠢ ᠬᠠᠭᠠᠨ ᠮᠥᠨ ᠯᠡ᠄《ᠲᠡᠷᠡ ᠯᠠᠮᠠ ᠶ᠋ᠢᠨ ᠶᠠᠭᠤ ᠬᠢᠵᠦ ᠪᠠᠢᠭ᠎ᠠ ᠶ᠋ᠢ ᠮᠡᠳᠡᠵᠦ ᠢᠷ᠎ᠡ》 ᠭᠡᠳ ᠬᠠᠲᠤᠨ᠂ ᠥᠬᠢᠨ ᠬᠣᠶᠠᠷ ᠢ᠋ᠶ᠋ᠠᠨ ᠶᠠᠪᠤᠭᠤᠯᠵᠠᠢ᠃ ᠬᠠᠲᠤᠨ ᠥᠬᠢᠨ ᠬᠣᠶᠠᠷ ᠯᠠᠮᠠ ᠶ᠋ᠢᠨ ᠭᠡᠷ ᠦ᠋ᠨ ᠭᠠᠳᠠᠨ᠎ᠠ ᠰᠡᠮᠡᠬᠡᠨ ᠭᠡᠲᠡᠵᠦ ᠢᠷᠡᠭᠡᠳ ᠴᠢᠩᠨᠠᠬᠤ ᠳ᠋ᠤ᠌ ᠯᠠᠮᠠ᠄
《ᠬᠣᠶᠠᠷ ᠵᠡᠭᠡᠷ᠎ᠡ ᠵᠤᠷᠤᠩ ᠵᠤᠷᠤᠩ᠂ ᠬᠣᠶᠠᠷ ᠵᠡᠭᠡᠷ᠎ᠡ ᠵᠤᠷᠤᠩ ᠵᠤᠷᠤᠩ》 ᠭᠡᠳ ᠯᠡ ᠶᠠᠭᠤᠮ᠎ᠠ ᠶᠠᠷᠢᠵᠤ ᠪᠠᠢᠭᠰᠠᠨ ᠳ᠋ᠤ᠌ ᠲᠡᠷᠡ ᠬᠣᠶᠠᠷ ᠥᠪᠡᠷᠰᠡᠳ ᠢ᠋ ᠨᠢ ᠬᠡᠯᠡᠪᠡ ᠭᠡᠵᠦ ᠪᠣᠳᠣᠭᠠᠳ ᠪᠤᠰᠢᠭᠤᠬᠠᠨ ᠪᠤᠴᠠᠵᠤ ᠢᠷᠡᠭᠡᠳ ᠶᠠᠭᠤ ᠪᠣᠯᠤᠭᠰᠠᠨ ᠢ᠋ ᠶ᠋ᠢ ᠬᠠᠭᠠᠨ ᠳ᠋ᠠᠭᠠᠨ ᠬᠡᠯᠡᠪᠡ᠃
ᠲᠡᠭᠡᠬᠦ ᠳ᠋ᠦ᠍ ᠬᠠᠭᠠᠨ ᠪᠠᠷᠠᠭᠤᠨ ᠭᠠᠷ ᠤ᠋ᠨ ᠲᠦᠰᠢᠮᠡᠯ ᠢ᠋ᠶ᠋ᠡᠨ ᠳᠠᠭᠠᠭᠤᠯᠤᠭᠠᠳ ᠥᠪᠡᠷ ᠢ᠋ᠶ᠋ᠡᠨ ᠯᠠᠮᠠ ᠶ᠋ᠢᠨ ᠭᠠᠳᠠᠨ᠎ᠠ ᠣᠴᠢᠭᠠᠳ ᠬᠡᠰᠡᠭ ᠰᠠᠭᠤᠵᠠᠢ᠂ ᠯᠠᠮᠠ ᠴᠢᠮᠡᠭᠡ ᠦᠭᠡᠢ ᠯᠡ ᠪᠠᠢᠵᠠᠢ ᠭᠡᠨ᠎ᠡ᠂ ᠲᠡᠭᠡᠭᠡᠳ ᠬᠠᠭᠠᠨ ᠲᠦᠰᠢᠮᠡᠯ ᠬᠣᠶᠠᠷ᠄《ᠡᠨᠡ ᠯᠠᠮᠠ ᠦᠨᠡᠬᠡᠷ ᠯᠡ ᠮᠡᠷᠭᠡᠨ ᠶᠦᠮ ᠪᠣᠯ ᠪᠢᠳᠡ ᠬᠣᠶᠠᠷ ᠤ᠋ᠨ ᠭᠠᠳᠠᠨ᠎ᠠ ᠪᠠᠢᠭ᠎ᠠ ᠶ᠋ᠢ ᠯᠠᠪ ᠮᠡᠳᠡᠮᠡᠷ ᠶᠦᠮ᠂
ᠳᠠᠭᠤᠤ ᠦᠭᠡᠢ ᠪᠠᠢᠭ᠎ᠠ ᠶ᠋ᠢ ᠨᠢ ᠦᠵᠡᠪᠡᠯ ᠶᠠᠭᠤᠮ᠎ᠠ ᠮᠡᠳᠡᠳᠡᠭ ᠦᠭᠡᠢ ᠠᠮᠢᠲᠠᠨ ᠪᠣᠯᠤᠯᠲᠠᠢ᠂ ᠥᠴᠥᠭᠡᠳᠦᠷ ᠦ᠋ᠨ ᠲᠠᠩᠨᠠᠬᠤ ᠪᠠᠷ ᠶᠠᠪᠤᠭᠰᠠᠳ ᠬᠤᠳᠠᠯ ᠬᠡᠯᠡᠭᠰᠡᠨ ᠡᠴᠡ ᠵᠠᠢᠯᠠᠬᠤ ᠦᠭᠡᠢ ᠨᠢ》 ᠭᠡᠵᠦ ᠭᠠᠵᠠᠷ ᠲᠤ᠌ ᠬᠤᠷᠤᠭᠤ ᠪᠠᠷ ᠢ᠋ᠶ᠋ᠠᠨ ᠪᠢᠴᠢᠯᠴᠡᠨ ᠶᠠᠷᠢᠵᠤ ᠪᠠᠢᠲᠠᠯ᠎ᠠ ᠭᠡᠨᠡᠳᠲᠡ ᠯᠠᠮᠠ ᠶ᠋ᠢᠨ ᠳᠠᠭᠤ ᠣᠭᠵᠣᠮ ᠴᠢᠩᠭ᠎ᠠ ᠰᠣᠨᠣᠰᠤᠭᠳᠠᠵᠤ᠄
《ᠬᠣᠶᠠᠷ ᠬᠤᠯᠤᠭᠠᠨ᠎ᠠ ᠭᠠᠵᠠᠷ ᠮᠠᠯᠲᠠᠭᠠᠳ ᠪᠤᠪᠠᠰ ᠪᠤᠪᠠᠰ᠂ ᠬᠣᠶᠠᠷ ᠬᠤᠯᠤᠭᠠᠨ᠎ᠠ ᠭᠠᠵᠠᠷ ᠮᠠᠯᠲᠠᠭᠠᠳ ᠪᠤᠪᠠᠰ ᠪᠤᠪᠠᠰ》 ᠭᠡᠳ ᠯᠡ ᠶᠠᠷᠢᠵᠤ ᠡᠬᠢᠯᠡᠵᠡᠢ ᠭᠡᠨ᠎ᠡ᠂ ᠬᠠᠭᠠᠨ ᠲᠦᠰᠢᠮᠡᠯ ᠢ᠋ᠶ᠋ᠡᠨ ᠳᠠᠭᠠᠭᠤᠯᠤᠭᠠᠳ ᠰᠡᠩᠳᠡ ᠮᠡᠩᠳᠡᠯᠠ ᠪᠤᠴᠠᠵᠠᠢ᠂ ᠮᠠᠷᠭᠠᠰᠢ ᠨᠢ ᠭᠤᠷᠪᠠᠳᠠᠬᠢ ᠦᠳᠡᠰᠢ ᠨᠢ ᠪᠣᠯᠵᠤ ᠴᠠᠷᠴᠠ ᠨᠠᠮᠵᠢᠯ ᠴᠤ᠌ ᠰᠠᠨᠳᠤᠷᠴᠤ ᠡᠬᠢᠯᠡᠵᠡᠢ᠃
ᠵᠠᠮ ᠳ᠋ᠠᠭᠠᠨ ᠠᠵᠢᠭᠯᠠᠨ ᠲᠣᠭᠲᠠᠭᠠᠭᠰᠠᠨ ᠬᠡᠳᠦᠨ ᠦᠭᠡ ᠪᠡᠨ ᠤᠩᠰᠢᠴᠢᠬᠠᠭᠰᠠᠨ᠂ ᠬᠡᠯᠡᠬᠦ ᠬᠢᠬᠦ ᠶᠠᠭᠤᠮ᠎ᠠ ᠦᠭᠡᠢ ᠰᠢᠭ ᠰᠠᠨᠠᠭᠳᠠᠭᠰᠠᠨ ᠲᠤᠯᠠ ᠬᠣᠨᠢᠨ ᠲᠣᠭᠣᠭ᠎ᠠ ᠳᠦᠭᠦᠷᠡᠩ᠂ ᠲᠦᠭᠦᠬᠡᠢ ᠭᠤᠯᠢᠷ ᠤᠰᠤᠨ ᠳ᠋ᠤ᠌ ᠵᠢᠭᠤᠷᠠᠭᠤᠯᠵᠤ ᠳᠡᠭᠡᠷ᠎ᠡ ᠡᠴᠡ ᠨᠢ ᠭᠤᠷᠪᠠᠨ ᠰᠢᠨᠠᠭ᠎ᠠ ᠳᠠᠪᠤᠰᠤ ᠬᠢᠵᠦ᠂ ᠱᠣᠷᠪᠣᠭ ᠲᠦᠭᠦᠬᠡᠢ ᠵᠤᠲᠠᠩ ᠪᠡᠯᠡᠳᠬᠡᠭᠡᠳ ᠲᠡᠭᠦᠨ ᠢ᠋ ᠤᠤᠭᠤᠵᠤ ᠭᠡᠳᠡᠰᠦ ᠪᠡᠨ ᠬᠥᠭᠡᠭᠡᠯᠭᠡᠬᠦ ᠪᠡᠷ ᠰᠢᠢᠳᠴᠡᠢ ᠭᠡᠨ᠎ᠡ᠃
ᠲᠡᠭᠡᠭᠡᠳ ᠨᠢᠭᠡ ᠲᠣᠭᠣᠭ᠎ᠠ ᠱᠣᠷᠪᠣᠭ ᠵᠤᠲᠠᠩ ᠤᠤᠭᠤᠭᠠᠳ ᠬᠡᠪᠲᠡᠭᠰᠡᠨ ᠳ᠋ᠦ᠍ ᠭᠡᠳᠡᠰᠦ ᠨᠢ ᠳᠦᠭᠦᠷᠦᠭᠡᠳ᠂ ᠲᠣᠭᠣᠭᠠᠨ ᠴᠢᠨᠡᠭᠡ ᠲᠣᠮᠣ ᠪᠣᠯᠵᠠᠢ᠂ ᠠᠮᠢ ᠨᠢ ᠲᠡᠮᠡᠴᠡᠭᠡᠳ ᠭᠡᠳᠡᠰᠦ ᠪᠡᠨ ᠮᠠᠭᠠᠵᠢᠭᠠᠳ ᠯᠠ
ᠴᠣᠳᠣᠢᠭᠰᠠᠨ ᠮᠠᠭᠤ ᠬᠣᠭ ᠮᠢᠨᠢ ᠠ᠋! ᠴᠢ ᠮᠠᠷᠭᠠᠰᠢ ᠥᠷᠯᠥᠭᠡ ᠨᠠᠳᠠ ᠳ᠋ᠤ᠌ ᠴᠣᠳᠣᠭᠣᠷ ᠭᠡᠳᠡᠰᠦ ᠪᠡᠨ ᠬᠠᠭᠠᠯᠤᠭᠤᠯᠬᠤ ᠪᠠᠨ ᠮᠡᠳᠡᠵᠦ ᠪᠠᠢᠨ᠎ᠠ ᠤᠤ?》 ᠭᠡᠳ ᠯᠡ ᠫᠠᠳ ᠬᠢᠲᠡᠯ᠎ᠡ ᠠᠯᠠᠭᠠᠳᠠᠵᠤ ᠵᠠᠩᠨᠠᠭᠠᠳ ᠠᠷᠭ᠎ᠠ ᠪᠠᠨ ᠪᠠᠷᠠᠵᠤ ᠪᠠᠢᠵᠠᠢ ᠭᠡᠨ᠎ᠡ᠃
ᠶᠠᠭ ᠡᠨᠡ ᠦᠶ᠎ᠡ ᠳ᠋ᠦ᠍ ᠬᠠᠲᠤᠨ ᠤ᠋ ᠪᠥᠭᠡᠵᠢ ᠶ᠋ᠢ ᠬᠤᠯᠠᠭᠠᠢᠯᠠᠭᠰᠠᠨ ᠪᠡᠶ᠎ᠡ ᠳᠠᠪᠬᠤᠷ ᠵᠠᠷᠤᠴᠠ ᠬᠡᠦᠬᠡᠨ ᠭᠡᠷ ᠦ᠋ᠨ ᠭᠠᠳᠠᠨ᠎ᠠ ᠢᠷᠡᠵᠦ ᠴᠢᠩᠨᠠᠵᠤ ᠪᠠᠢᠭᠰᠠᠨ ᠲᠤᠯᠠ ᠳᠡᠭᠡᠷᠡᠬᠢ ᠦᠭᠡ ᠶ᠋ᠢ ᠥᠪᠡᠷ ᠲᠦ᠍ ᠨᠢ ᠬᠡᠯᠡᠵᠦ ᠪᠠᠢᠨ᠎ᠠ ᠭᠡᠵᠦ ᠪᠣᠳᠣᠭᠠᠳ ᠮᠡᠷᠭᠡᠨ ᠯᠠᠮᠠ ᠠ᠋ᠴᠠ ᠥᠷᠥᠰᠢᠶᠡᠯ ᠭᠤᠶᠤᠬᠤ ᠪᠠᠷ ᠣᠷᠣᠵᠤ᠂ ᠲᠡᠭᠦᠨ ᠳ᠋ᠦ᠍ ᠬᠠᠮᠤᠭ ᠦᠨᠡᠨ ᠢ᠋ᠶ᠋ᠡᠷ ᠲᠣᠭᠠᠴᠢᠨ ᠥᠷᠥᠰᠢᠶᠡᠬᠦ ᠶ᠋ᠢ ᠭᠤᠶᠤᠵᠠᠢ᠃
ᠴᠠᠷᠴᠠ ᠨᠠᠮᠵᠢᠯ ᠲᠡᠷᠡ ᠬᠡᠦᠬᠡᠨ ᠡᠴᠡ ᠬᠠᠲᠤᠨ ᠤ᠋ ᠠᠯᠲᠠᠨ ᠪᠥᠭᠡᠵᠢ ᠶ᠋ᠢ ᠠᠪᠤᠭᠠᠳ᠄《ᠪᠢ ᠥᠪᠡᠷ ᠢ᠋ᠶ᠋ᠡᠨ ᠶᠠᠳᠠᠭᠤ ᠳᠣᠣᠷᠠᠲᠤ ᠬᠥᠮᠦᠨ ᠪᠣᠯᠬᠣᠷ ᠶᠠᠳᠠᠭᠤᠰ ᠢ᠋ ᠦᠷᠦ ᠡᠪᠡᠳᠳᠡᠭ ᠶᠦᠮ᠂ ᠴᠢᠮ᠎ᠠ ᠶ᠋ᠢ ᠬᠤᠯᠠᠭᠠᠢᠯᠠᠭᠰᠠᠨ ᠭᠡᠵᠦ ᠬᠡᠨ ᠳ᠋ᠦ᠍ ᠴᠦ᠍ ᠬᠡᠯᠡᠬᠦ ᠦᠭᠡᠢ ᠃ ᠬᠣᠢᠰᠢᠳᠠ ᠬᠠᠷᠢᠨ ᠬᠤᠯᠠᠭᠠᠢ ᠪᠢᠲᠡᠭᠡᠢ ᠬᠢᠭᠡᠷᠡᠢ》 ᠭᠡᠵᠡᠢ᠃
ᠮᠠᠷᠭᠠᠰᠢ ᠥᠷᠯᠥᠭᠡ ᠨᠢ ᠬᠠᠭᠠᠨ ᠪᠥᠭᠡᠵᠢ ᠪᠡᠨ ᠠᠰᠠᠭᠤᠬᠤ ᠪᠠᠷ ᠯᠠᠮᠠ ᠶ᠋ᠢᠨ ᠭᠡᠷ ᠲᠦ᠍ ᠣᠷᠣᠵᠤ ᠢᠷᠡᠬᠦ ᠳ᠋ᠦ᠍ ᠴᠠᠷᠴᠠ ᠨᠠᠮᠵᠢᠯ ᠪᠥᠭᠡᠵᠢ ᠶ᠋ᠢ ᠨᠢ ᠭᠠᠷᠭᠠᠵᠤ ᠥᠭᠴᠡᠢ᠃
ᠬᠠᠭᠠᠨ ᠶᠡᠬᠡᠳᠡ ᠪᠠᠶᠠᠷᠯᠠᠨ᠂ ᠮᠡᠷᠭᠡᠨ ᠭᠡᠳᠡᠭ ᠲᠦ᠍ ᠨᠢ ᠢᠲᠡᠭᠡᠭᠡᠳ ᠵᠡᠷᠭᠡᠯᠡᠳᠡᠭᠡ ᠬᠤᠰᠢᠭᠤᠨ ᠤ᠋ ᠪᠠᠨ ᠬᠣᠷᠢᠨ ᠵᠢᠯ ᠨᠣᠮ ᠪᠢᠰᠢᠯᠭᠠᠵᠤ ᠲᠡᠢᠨ ᠬᠢᠭᠰᠡᠨ ᠯᠠᠮᠠ ᠨᠠᠷ ᠲᠠᠢ ᠨᠣᠮ ᠬᠠᠶᠠᠯᠴᠠᠬᠤ ᠶ᠋ᠢ ᠭᠤᠶᠤᠵᠠᠢ᠃
ᠴᠠᠷᠴᠠ ᠨᠠᠮᠵᠢᠯ ᠴᠤ᠌ ᠶᠠᠮᠠᠷ ᠴᠤ᠌ ᠠᠷᠭ᠎ᠠ ᠦᠭᠡᠢ ᠵᠥᠪᠰᠢᠶᠡᠷᠡᠵᠡᠢ ᠭᠡᠨ᠎ᠡ᠃
ᠨᠣᠮ ᠬᠠᠶᠠᠯᠴᠠᠬᠤ ᠪᠠᠷ ᠬᠠᠭᠠᠨ ᠢ᠋ ᠳᠠᠭᠠᠭᠠᠳ ᠨᠥᠬᠥᠭᠡ ᠬᠤᠰᠢᠭᠤᠨ ᠳ᠋ᠤ᠌ ᠣᠴᠢᠬᠤ ᠳ᠋ᠤ᠌ ᠲᠡᠷᠡ ᠬᠤᠰᠢᠭᠤᠨ ᠤ᠋ ᠬᠢᠨᠢ ᠄《ᠠᠯᠳᠠᠷᠲᠠᠢ᠂ ᠡᠷᠳᠡᠮᠲᠡᠢ᠂ᠨᠣᠮᠲᠠᠢ᠂ ᠯᠠᠮᠠ ᠢᠷᠡᠨ᠎ᠡ》 ᠭᠡᠳ ᠲᠤᠰᠬᠠᠢ ᠭᠡᠷ ᠪᠠᠷᠢᠭᠤᠯᠤᠨ ᠪᠡᠯᠡᠳᠬᠡᠴᠢᠬᠡᠭᠰᠡᠨ ᠪᠠᠢᠵᠠᠢ᠂ ᠴᠠᠷᠴᠠ ᠨᠠᠮᠵᠢᠯ ᠲᠡᠷᠡ ᠭᠡᠷ ᠲᠦ᠍ ᠣᠷᠣᠭᠠᠳ ᠯᠠ ᠢᠳᠡᠵᠦ ᠤᠤᠭᠤᠭᠠᠳ ᠯᠠ ᠰᠠᠭᠤᠵᠤ ᠪᠠᠢᠵᠠᠢ ᠭᠡᠨ᠎ᠡ᠃
ᠲᠡᠭᠡᠲᠡᠯ᠎ᠡ ᠬᠤᠰᠢᠭᠤᠨ ᠤ᠋ ᠬᠠᠮᠤᠭ ᠤ᠋ᠨ ᠶᠡᠬᠡ ᠨᠣᠮᠲᠠᠢ ᠭᠤᠷᠪᠠᠨ ᠯᠠᠮᠠ ᠡᠬᠢᠯᠡᠨ ᠨᠣᠮ ᠬᠠᠶᠠᠯᠴᠠᠬᠤ ᠪᠠᠷ ᠭᠡᠷ ᠲᠦ᠍ ᠣᠷᠣᠭᠠᠳ ᠢᠷᠡᠪᠡ᠃ ᠴᠠᠷᠴᠠ ᠨᠠᠮᠵᠢᠯ ᠬᠡᠯᠡᠬᠦ ᠴᠦ᠍ ᠦᠭᠡ ᠣᠯᠳᠠᠭᠰᠠᠨ ᠦᠭᠡᠢ᠂ ᠳᠡᠮᠡᠢ ᠯᠡ ᠨᠥᠬᠥᠭᠡ ᠬᠢᠲᠠᠳ ᠬᠤᠳᠠᠯᠳᠤᠭᠠᠴᠢᠨ ᠠ᠋ᠴᠠ ᠰᠤᠷᠤᠭᠰᠠᠨ ᠳᠣᠬᠢᠶ᠎ᠠ ᠶ᠋ᠢ ᠪᠡᠨ ᠬᠢᠵᠦ ᠦᠵᠡᠭᠦᠯᠵᠡᠢ᠃ ᠲᠡᠭᠡᠲᠡᠯ᠎ᠡ ᠲᠡᠷᠡ ᠭᠤᠷᠪᠠᠨ ᠯᠠᠮᠠ ᠨᠢᠭᠡ ᠴᠦ᠍ ᠦᠭᠡ ᠬᠡᠯᠡᠯ ᠦᠭᠡᠢ ᠭᠠᠷᠤᠭᠠᠳ ᠶᠠᠪᠤᠪᠠ᠃
ᠬᠠᠭᠠᠨ ᠲᠡᠳᠡᠨ ᠡᠴᠡ᠄《ᠵᠠ᠂ ᠲᠠ ᠭᠤᠷᠪᠠ ᠴᠠᠭᠠᠳᠤᠬᠢ ᠶ᠋ᠢ ᠪᠡᠨ ᠬᠠᠷᠠᠪᠠ ᠤᠤ?᠂ ᠬᠢᠷᠢ ᠨᠣᠮᠲᠠᠢ ᠯᠠᠮᠠ ᠪᠠᠢᠨ᠎ᠠ ᠳᠠ?》 ᠭᠡᠰᠡᠨ ᠳ᠋ᠦ᠍ ᠲᠡᠷᠡ ᠭᠤᠷᠪᠠ᠄《ᠬᠠᠭᠠᠨᠲᠠᠨ ᠮᠢᠨᠢ ᠲᠡᠷᠡ ᠴᠢᠨᠢ ᠪᠢᠳᠡ ᠮᠡᠲᠦ ᠶ᠋ᠢᠨ ᠪᠠᠨᠳᠢ ᠨᠠᠷ ᠲᠠᠢ ᠨᠣᠮ ᠬᠠᠶᠠᠯᠴᠠᠬᠤ ᠪᠠᠷ ᠬᠥᠮᠦᠨ ᠪᠢᠰᠢ ᠶᠦᠮ ᠪᠠᠢᠨ᠎ᠠ ᠪᠢᠳᠠᠨ ᠢ᠋ ᠣᠷᠣᠩᠭᠤᠲᠠ ᠯᠠ ᠳᠡᠯᠡᠬᠡᠢ ᠶᠠᠮᠠᠷ ᠬᠡᠮᠵᠢᠶ᠎ᠡ ᠲᠡᠢ ᠪᠣᠢ?ᠭᠡᠵᠦ ᠭᠠᠷ ᠢ᠋ᠶ᠋ᠠᠨ ᠳᠤᠭᠤᠢᠯᠠᠭᠠᠳ ᠯᠠ ᠠᠯᠳᠠᠬᠠᠨ ᠪᠡᠶ᠎ᠡ ᠪᠡᠷ ᠳᠦᠭᠦᠷᠡᠩ ᠨᠣᠮ ᠰᠤᠷᠤᠭᠰᠠᠨ ᠶᠤᠮ ᠤᠤ ᠳᠠ ᠲᠠ ᠨᠠᠷ?》 ᠭᠡᠵᠦ ᠠᠯᠳᠠᠯᠠᠭᠠᠳ ᠯᠠ ᠮᠡᠳᠡᠪᠡᠯ ᠰᠠᠢᠨ ᠭᠡᠵᠦ᠂ ᠡᠷᠡᠬᠡᠢ ᠬᠤᠷᠤᠭᠤ ᠶ᠋ᠢ ᠪᠡᠨ᠂ ᠮᠡᠳᠡᠬᠦ ᠦᠭᠡᠢ ᠪᠣᠯ ᠮᠠᠭᠤ ᠭᠡᠵᠦ ᠰᠢᠭᠡᠵᠡᠢ ᠬᠤᠷᠤᠭᠤ ᠶ᠋ᠢ ᠪᠡᠨ ᠭᠣᠵᠣᠢᠯᠭᠠᠯᠠ ᠭᠡᠵᠡᠢ᠂
ᠡᠢᠨ ᠬᠦ᠌ ᠴᠠᠷᠴᠠ ᠨᠠᠮᠵᠢᠯ ᠲᠠᠢ ᠨᠣᠮ ᠬᠠᠶᠠᠯᠴᠠᠬᠤ ᠶ᠋ᠢ ᠬᠡᠨ ᠴᠦ᠍ ᠵᠢᠷᠦᠬᠡᠯᠡᠭᠰᠡᠨ ᠦᠭᠡᠢ᠂ ᠲᠡᠭᠦᠨ ᠦ᠌ ᠪᠦᠷᠢᠨ ᠢᠯᠠᠯᠲᠠ ᠪᠣᠯᠵᠤ ᠬᠠᠭᠠᠨ ᠲᠠᠢ ᠪᠠᠨ ᠪᠤᠴᠠᠵᠠᠢ᠃ ᠲᠡᠭᠡᠭᠡᠳ ᠤᠳᠠᠯ ᠦᠭᠡᠢ ᠴᠠᠷᠴᠠ ᠨᠠᠮᠵᠢᠯ ᠨᠤᠲᠤᠭ ᠲᠠᠭᠠᠨ ᠪᠤᠴᠠᠬᠤ ᠪᠣᠯᠵᠤ ᠬᠠᠭᠠᠨ ᠴᠤ᠌ ᠪᠡᠯᠡᠭ ᠰᠡᠯᠲᠡ ᠡᠯᠪᠡᠭ ᠳᠡᠯᠪᠡᠭ ᠥᠭᠴᠡᠢ᠂
ᠬᠠᠭᠠᠨ ᠴᠠᠷᠴᠠ ᠨᠠᠮᠵᠢᠯ ᠢ᠋ ᠳᠠᠬᠢᠨ ᠰᠣᠷᠢᠵᠤ ᠦᠵᠡᠬᠦ ᠪᠡᠷ ᠳᠣᠲᠣᠷ᠎ᠠ ᠪᠠᠨ ᠰᠢᠢᠳᠴᠡᠢ ᠭᠡᠨ᠎ᠡ᠂ ᠴᠠᠷᠴᠠ ᠨᠠᠮᠵᠢᠯ ᠪᠡᠯᠡᠭ ᠲᠦ᠍ ᠠᠪᠤᠭᠰᠠᠨ ᠠᠴᠢᠶ᠎ᠠ ᠪᠠᠷᠠᠭ᠎ᠠ ᠪᠠᠨ ᠬᠥᠲᠥᠯᠦᠭᠡᠳ ᠶᠠᠪᠤᠵᠤ ᠪᠠᠢᠯ᠎ᠠ᠃ ᠨᠠᠮᠤᠷ ᠴᠠᠭ ᠶᠤᠮ ᠰᠠᠨᠵᠠᠢ᠂
ᠬᠠᠭᠠᠨ ᠤ᠋ ᠳᠡᠷᠭᠡᠳᠡ ᠨᠢᠭᠡ ᠴᠠᠷᠴᠠ ᠢᠷᠡᠭᠡᠳ ᠪᠠᠭᠤᠬᠤ ᠳ᠋ᠤ᠌ ᠬᠠᠭᠠᠨ ᠪᠠᠷᠢᠵᠤ ᠠᠪᠬᠤ ᠭᠡᠳ ᠴᠢᠳᠠᠭᠰᠠᠨ ᠦᠭᠡᠢ᠂ ᠳᠠᠬᠢᠨ ᠪᠠᠭᠤᠬᠤ ᠳ᠋ᠤ᠌ ᠳᠤᠲᠠᠭᠤ ᠪᠠᠷᠢᠭᠠᠳ ᠠᠯᠳᠠᠴᠢᠬᠠᠪᠠ᠃ ᠳᠠᠬᠢᠨ ᠪᠠᠭᠤᠬᠤ ᠳ᠋ᠤ᠌ ᠨᠢ ᠠᠷᠠᠢᠬᠠᠨ ᠪᠠᠷᠢᠵᠤ ᠠᠪᠤᠭᠠᠳ ᠠᠳᠬᠤᠭᠰᠠᠨ ᠴᠢᠭ ᠢ᠋ᠶ᠋ᠡᠷ ᠮᠣᠷᠢᠨ ᠳ᠋ᠤ᠌ ᠪᠠᠨ ᠮᠣᠷᠳᠠᠵᠤ ᠴᠠᠷᠴᠠ ᠨᠠᠮᠵᠢᠯ ᠤ᠋ᠨ ᠠᠷᠤ ᠠ᠋ᠴᠠ ᠭᠦᠢᠴᠡᠨ ᠢᠷᠡᠭᠡᠳ᠄《ᠵᠠ᠂ ᠯᠠᠮᠠ ᠲᠠ ᠮᠢᠨᠦ ᠭᠠᠷ ᠲᠤ᠌ ᠶᠠᠭᠤ ᠪᠠᠢᠭ᠎ᠠ ᠶ᠋ᠢ ᠮᠡᠷᠭᠡᠯᠡᠵᠦ ᠠᠢᠯᠠᠳ》 ᠭᠡᠵᠡᠢ ᠄《ᠴᠠᠷᠴᠠ ᠨᠠᠮᠵᠢᠯ ᠲᠠᠨ ᠳ᠋ᠤ᠌ ᠨᠢᠭᠡᠳᠡᠬᠢ ᠤᠳᠠᠭ᠎ᠠ ᠪᠠᠷᠢᠭᠳᠠᠭᠰᠠᠨ ᠦᠭᠡᠢ᠂ ᠬᠣᠶᠠᠳᠠᠬᠢ ᠤᠳᠠᠭ᠎ᠠ ᠳ᠋ᠤ᠌ ᠪᠠᠨ ᠪᠠᠷᠢᠭᠳᠠᠬᠤ ᠰᠢᠬᠠᠭᠰᠠᠨ᠂ ᠬᠠᠷᠢᠨ ᠭᠤᠷᠪᠠᠳᠠᠬᠢ ᠤᠳᠠᠭ᠎ᠠ ᠳ᠋ᠤ᠌ ᠪᠠᠨ ᠠᠷᠭ᠎ᠠ ᠦᠭᠡᠢ ᠪᠠᠷᠢᠭᠳᠠᠯ᠎ᠠ᠂ ᠣᠳᠣ ᠴᠤ᠌ ᠦᠬᠦᠬᠦ ᠪᠢᠵᠡ ᠳᠠ》 ᠭᠡᠬᠦ ᠳ᠋ᠦ᠍ ᠬᠠᠭᠠᠨ ᠯᠠᠮᠠ ᠶ᠋ᠢᠨ ᠨᠡᠷ᠎ᠡ ᠶ᠋ᠢ ᠮᠡᠳᠡᠳᠡᠭ ᠦᠭᠡᠢ ᠪᠠᠢᠭᠰᠠᠨ ᠳᠡᠭᠡᠷ᠎ᠡ ᠨᠠᠮᠵᠢᠯ ᠭᠡᠳᠡᠭ ᠦᠭᠡ ᠶ᠋ᠢ ᠤᠷᠢᠳᠤ ᠰᠣᠨᠣᠰᠤᠭᠰᠠᠨ ᠦᠭᠡᠢ ᠲᠤᠯᠠ᠄《ᠨᠡᠭᠡᠷᠡᠨ ᠯᠡ ᠲᠡᠢᠮᠦ ᠳᠠ᠂ ᠯᠠᠮᠠᠳᠠᠨ ᠮᠢᠨᠢ᠂ ᠪᠢ ᠶᠠᠭ ᠯᠠ ᠭᠤᠷᠪᠠᠳᠠᠬᠢ ᠤᠳᠠᠭ᠎ᠠ ᠳ᠋ᠤ᠌ ᠠᠷᠠᠢ ᠭᠡᠵᠦ ᠪᠠᠷᠢᠭᠰᠠᠨ ᠶᠤᠮ᠂ ᠦᠬᠦᠭᠰᠡᠨ ᠨᠢ ᠦᠨᠡᠨ ᠪᠠᠢᠨ᠎ᠠ》 ᠭᠡᠮᠡᠨ ᠥᠨᠥᠬᠢ ᠴᠠᠷᠴᠠ ᠶ᠋ᠢ ᠪᠡᠨ ᠭᠠᠷᠭᠠᠵᠤ ᠬᠠᠶᠠᠵᠠᠢ ᠭᠡᠨ᠎ᠡ
ᠡᠢᠨ ᠬᠦ᠌ ᠴᠠᠷᠴᠠ ᠨᠠᠮᠵᠢᠯ ᠥᠪᠡᠷ ᠦ᠋ᠨ ᠨᠤᠲᠤᠭ ᠲᠠᠭᠠᠨ ᠣᠴᠢᠵᠤ᠂ ᠦᠨᠡᠨ ᠴᠠᠭᠠᠨ ᠢ᠋ᠶ᠋ᠠᠷ ᠢ᠋ᠶ᠋ᠠᠨ ᠠᠮᠢᠳᠤᠷᠠᠵᠤ ᠠᠮᠤᠷ ᠰᠠᠢᠬᠠᠨ ᠵᠢᠷᠭᠠᠵᠠᠢ᠃
ᠪᠢᠴᠢᠬᠠᠨ ᠦᠷᠡᠰ ᠦ᠋ᠨ ᠢ᠋ᠶ᠋ᠡᠨ ᠲᠥᠰᠦᠭᠡᠯᠡᠯ ᠦ᠋ᠨ ᠶᠢᠷᠲᠢᠨᠴᠦ ᠶ᠋ᠢ ᠬᠥᠭᠵᠢᠭᠦᠯᠵᠦ ᠮᠣᠩᠭᠣᠯ ᠠᠬᠤᠢ ᠰᠡᠳᠬᠢᠯᠭᠡᠨ ᠦ᠌ ᠰᠣᠶᠣᠯ ᠢ᠋ ᠲᠦᠭᠡᠭᠡᠬᠦ ᠵᠣᠷᠢᠯᠭ᠎ᠠ ᠲᠠᠢ ᠶᠦᠨᠢᠲ᠋ᠧᠯ ᠭᠥᠷᠤᠹ ᠤ᠋ᠨ ᠪᠦᠪᠡᠢ ᠬᠥᠲᠥᠯᠪᠦᠷᠢ ᠶ᠋ᠢᠨ ᠦᠯᠢᠭᠡᠷ ᠢ᠋ ᠬᠦᠯᠢᠶᠡᠨ ᠠᠪᠴᠤ ᠰᠣᠨᠣᠰᠤᠭᠰᠠᠨ ᠳ᠋ᠤ᠌ ᠪᠠᠶᠠᠷᠯᠠᠯ᠎ᠠ᠃
ᠦᠰᠦᠭ ᠠ ᠠᠮᠢᠯᠠᠭᠤᠯᠤᠭᠰᠠᠨ ᠨᠢ᠄ ᠴᠣᠭᠵᠢᠷᠭᠠᠯ
ᠦᠰᠦᠭ ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠢᠷᠡᠭᠡᠳᠦᠢ
