ᠪᠢ ᠵᠠᠪᠠᠯ ᠳᠦᠷᠡᠯᠵᠡᠨ᠎ᠡ- ᠨᠠ᠊· ᠮᠠᠮᠠБи заавал дүрэлзэнэ-н· мам
ᠪᠢ ᠵᠠᠪᠠᠯ ᠳᠦᠷᠡᠯᠵᠡᠨ᠎ᠡ
ᠨᠣ᠊ ·ᠨᠠᠷᠠᠨᠲᠣᠭᠲᠠᠬᠤ( ᠨᠠ᠊· ᠮᠠᠮᠠ)
ᠮᠥᠩᠬᠡ ᠬᠥᠬᠡ ᠲᠩᠷᠢ ᠣᠷᠣᠢ ᠳᠡᠭᠡᠷ᠎ᠡ ᠴᠡᠩᠬᠡᠷᠯᠡᠭᠰᠡᠭᠡᠷ
ᠮᠥᠷᠡᠨ ᠭᠣᠣᠯ ᠤ᠋ᠨ ᠤᠰᠤᠨ ᠳᠠᠯᠠᠢ ᠲᠡᠢᠰᠢ ᠱᠤᠤᠭᠢᠭᠰᠠᠭᠠᠷ
ᠮᠥᠩᠭᠥᠨ ᠰᠠᠷᠢᠳᠠᠭ ᠠᠭᠤᠯᠠᠰ ᠭᠠᠵᠠᠷ ᠤ᠋ᠨ ᠨᠢᠷᠤᠭᠤᠨ ᠳ᠋ᠤ᠌ ᠰᠦᠨᠳᠡᠷᠯᠡᠭᠰᠡᠭᠡᠷ
ᠮᠥᠯᠬᠥᠵᠦ ᠥᠰᠦᠭᠰᠡᠨ ᠰᠢᠷᠣᠢ ᠬᠥᠯ ᠦ᠋ᠨ ᠳᠣᠣᠷ᠎ᠠ ᠨᠢᠯᠴᠢᠭᠢᠨᠡᠭᠰᠡᠭᠡᠷ
ᠪᠢ ᠶᠠᠭᠤᠨ ᠳ᠋ᠤ᠌ ᠤᠨᠲᠠᠷᠠᠨᠠᠮ
ᠪᠢ ᠵᠠᠪᠠᠯ ᠳᠦᠷᠡᠯᠵᠡᠨ᠎ᠡ
ᠪᠠᠭᠠᠲᠤᠷ ᠳᠡᠭᠡᠳᠦᠰ ᠦ᠋ᠨ ᠰᠦᠷ ᠵᠢᠷᠦᠬᠡᠨ ᠭᠣᠣᠯ ᠳ᠋ᠤ᠌ ᠪᠠᠳᠠᠷᠠᠭᠰᠠᠭᠠᠷ
ᠪᠠᠢᠯᠳᠤᠵᠤ ᠪᠦᠲᠦᠭᠡᠭᠰᠡᠨ ᠲᠡᠦᠬᠡ ᠴᠡᠭᠡᠵᠢᠨ ᠳᠤᠮᠳᠠ ᠰᠠᠴᠤᠷᠠᠭᠰᠠᠭᠠᠷ
ᠪᠠᠷᠳᠠᠮ ᠵᠣᠷᠢᠭ ᠲᠠᠢ ᠬᠡᠦᠬᠡᠳ ᠰᠦᠪᠡᠭᠡᠨ ᠳᠡᠷᠭᠡᠳᠡ ᠥᠰᠦᠭᠰᠡᠭᠡᠷ
ᠪᠠᠳᠠᠷᠠᠵᠤ ᠬᠥᠭᠵᠢᠬᠦ ᠢᠲᠡᠭᠡᠯ ᠭᠠᠷ ᠤ᠋ᠨ ᠠᠯᠠᠭᠠᠨ ᠳ᠋ᠤ᠌ ᠴᠢᠩᠭᠠᠷᠠᠭᠰᠠᠭᠠᠷ
ᠪᠢ ᠶᠠᠭᠤᠨ ᠳ᠋ᠤ᠌ ᠤᠨᠲᠠᠷᠠᠨᠠᠮ
ᠪᠢ ᠵᠠᠪᠠᠯ ᠳᠦᠷᠡᠯᠵᠡᠨ᠎ᠡ
ᠤᠳᠤᠮ ᠤ᠋ᠨ ᠤᠯᠠᠭᠠᠨ ᠴᠢᠰᠤᠨ ᠰᠤᠳᠠᠯ ᠳᠣᠲᠣᠷ᠎ᠠ ᠯᠤᠭᠰᠢᠭᠰᠠᠭᠠᠷ
ᠤᠬᠠᠭᠠᠨ ᠤ᠋ ᠠᠯᠲᠠᠨ ᠶᠠᠰᠤᠨ ᠵᠣᠭᠰᠣᠭ᠎ᠠ ᠪᠡᠶ᠎ᠡ ᠶ᠋ᠢ ᠲᠤᠯᠤᠭᠰᠠᠭᠠᠷ
ᠣᠷᠣᠭᠰᠢ ᠠᠯᠬᠤᠬᠤ ᠬᠦᠴᠦᠨ ᠰᠡᠳᠬᠢᠯ ᠦ᠋ᠨ ᠭᠦᠨ ᠡᠴᠡ ᠤᠨᠳᠤᠷᠤᠭᠰᠠᠭᠠᠷ
ᠣᠷᠴᠢᠯᠠᠩ ᠨᠣᠴᠣᠭᠠᠮᠠ ᠣᠮᠣᠭ ᠨᠢᠳᠦᠨ ᠦ᠌ ᠭᠠᠯ ᠢ᠋ ᠴᠠᠬᠢᠭᠰᠠᠭᠠᠷ
ᠪᠢ ᠶᠠᠭᠤᠨ ᠳ᠋ᠤ᠌ ᠤᠨᠲᠠᠷᠠᠨᠠᠮ
ᠪᠢ ᠵᠠᠪᠠᠯ ᠳᠦᠷᠡᠯᠵᠡᠨ᠎ᠡ᠃
ᠦᠰᠦᠭ ᠠᠮᠢᠯᠠᠭᠤᠯᠤᠭᠴᠢ᠄ ᠴ᠂ ᠠᠭᠤᠯᠠ
ᠬᠢᠨᠠᠭᠴᠢ᠄ ᠬᠢᠶᠠᠨ᠂ ᠰᠡᠴᠡᠨᠭᠡᠷᠡᠯ
