ᠮᠡᠳᠡᠮᠡᠭᠡᠢ ᠮᠡᠯᠡᠬᠡᠢ – ᠵ ᠂ ᠭᠠᠯ Мэдэмгий мэлхий – З ᠂ Гал
ᠮᠡᠳᠡᠮᠡᠭᠡᠢ ᠮᠡᠯᠡᠬᠡᠢ
ᠵ᠂ ᠭᠠᠯ
– ᠪᠠᠭᠠᠪᠠᠭᠠᠢ ᠦᠵᠡᠭᠰᠡᠨ ᠦᠦ ᠬᠥ᠋ ᠭᠡᠵᠦ
ᠪᠠᠭ ᠮᠡᠯᠡᠬᠡᠢ ᠡᠴᠡ ᠠᠰᠠᠭᠤᠵᠠᠢ᠃
ᠮᠡᠯᠡᠬᠡᠢ ᠨᠢᠳᠦ ᠪᠡᠨ ᠡᠷᠭᠢᠯᠳᠦᠭᠦᠯᠦᠨ
ᠮᠡᠳᠡᠮᠡᠬᠡᠢ ᠭᠡᠭᠴᠢ ᠨᠢ ᠳᠦᠩᠬᠡᠯᠵᠡᠵᠦ᠂
ᠬᠣᠯᠬᠣᠭᠣᠷ ᠭᠡᠳᠡᠰᠦ ᠪᠡᠨ ᠠᠯᠠᠭᠠᠳᠠᠵᠤ
ᠬᠣᠢᠰᠢ ᠪᠠᠨ ᠭᠡᠳᠡᠢᠨ ᠰᠠᠭᠤᠭᠠᠳ
– ᠦᠭᠡᠢ ᠶᠡᠷᠦ ᠡᠴᠡ ᠴᠢᠨᠢ
ᠦᠵᠡᠭᠰᠡᠨ ᠦᠦ ᠭᠡᠪᠡ ᠦᠦ? ᠪᠠᠰᠠ
ᠮᠡᠳᠡᠭᠡ ᠦᠭᠡᠢ ᠦᠵᠡᠭᠡ ᠦᠭᠡᠢ ᠶᠠᠭᠤᠮ᠎ᠠ
ᠮᠡᠯᠡᠬᠡᠢ ᠨᠠᠳᠠ ᠳ᠋ᠤ᠌ ᠪᠠᠢᠬᠤ ᠦᠭᠡᠢ᠃
ᠤᠤᠯ ᠠ᠋ᠴᠠ ᠪᠢ ᠳᠠᠷᠤᠤ ᠪᠣᠯᠤᠭᠠᠳ
ᠤᠯᠤᠰ ᠠᠮᠢᠲᠠᠨ ᠳ᠋ᠤ᠌ ᠶᠠᠷᠢᠳᠠᠭ ᠦᠭᠡᠢ ᠪᠣᠯᠬᠤ ᠠ᠋ᠴᠠ
ᠪᠠᠭᠠᠪᠠᠭᠠᠢ ᠪᠠᠢᠲᠤᠭᠠᠢ ᠪᠠᠷᠰ ᠢ᠋
ᠪᠠᠷᠰ ᠢ᠋ ᠪᠠᠢᠲᠤᠭᠠᠢ ᠠᠷᠰᠯᠠᠨ ᠢ᠋
ᠦᠵᠡᠭᠡᠳ ᠵᠣᠭᠰᠣᠬᠤ ᠦᠭᠡᠢ ᠦᠶᠡᠷᠬᠡᠵᠦ ᠶᠠᠪᠤᠯ᠎ᠠ᠃
ᠦᠶᠡᠷᠬᠡᠭᠡᠳ ᠵᠣᠭᠰᠣᠬᠤ ᠦᠭᠡᠢ
ᠦᠵᠡᠯᠴᠡᠵᠦ ᠶᠠᠪᠤᠯ᠎ᠠ ᠭᠡᠰᠡᠨ ᠢᠶᠠᠨ
– ᠪᠠᠭᠠᠪᠠᠭᠠᠢ ᠶ᠋ᠢᠨ ᠲᠤᠬᠠᠢ ᠶᠠᠷᠢᠭᠠᠴᠢ ᠭᠡᠵᠦ
ᠪᠠᠭ ᠲᠡᠭᠦᠨ ᠡᠴᠡ ᠭᠤᠶᠤᠬᠤ ᠳ᠋ᠤ᠌
– ᠵᠢᠭᠠᠰᠤ ᠶ᠋ᠢ ᠪᠣᠳᠣᠪᠠᠯ ᠰᠡᠯᠢᠭᠦᠷ ᠤᠷᠲᠤ
ᠵᠠᠷᠠᠭ᠎ᠠ ᠶ᠋ᠢ ᠪᠣᠳᠣᠪᠠᠯ ᠥᠷᠭᠡᠰᠦ ᠨᠢ ᠬᠤᠷᠴᠠ᠂
ᠬᠣᠰᠢᠭᠤ ᠶ᠋ᠢ ᠨᠢ ᠬᠡᠯᠡᠪᠡᠯ
ᠬᠤᠨ ᠲᠠᠢ ᠲᠥᠰᠲᠡᠢ
ᠲᠣᠯᠣᠭᠠᠢ ᠶ᠋ᠢ ᠨᠢ ᠬᠡᠯᠡᠪᠡᠯ
ᠲᠣᠭᠣᠷᠤᠤ ᠲᠠᠢ ᠣᠢᠷᠠᠯᠴᠠᠭ᠎ᠠ
ᠨᠠᠭᠤᠷ ᠤ᠋ᠨ ᠳᠣᠲᠣᠷ᠎ᠠ ᠰᠡᠯᠢᠵᠦ
ᠨᠤᠭᠤᠰᠤ ᠠᠩᠨᠠᠬᠤ ᠭᠡᠵᠦ ᠶᠠᠪᠤᠭᠠᠳ
ᠨᠠᠮᠤᠭ ᠤ᠋ᠨ ᠲᠣᠭᠣᠭᠠᠨ ᠳ᠋ᠤ᠌ ᠣᠢᠴᠢᠭᠠᠳ
ᠨᠠᠳᠠ ᠪᠠᠷ ᠲᠠᠲᠠᠭᠤᠯᠵᠤ ᠭᠠᠷᠤᠭᠠᠳ
ᠨᠢᠭᠡ ᠴᠦ᠍ ᠰᠠᠢᠨ ᠦᠭᠡ ᠦᠭᠡᠢ
ᠨᠢᠰᠦᠭᠡᠳ ᠶᠠᠪᠤᠴᠢᠬᠠᠵᠤ ᠪᠢᠯᠡ᠃
ᠰᠣᠶᠣᠯ ᠶᠡᠷᠦ ᠨᠢ ᠮᠡᠳᠡᠳᠡᠭ ᠦᠭᠡᠢ
ᠰᠣᠨᠢᠨ ᠡᠲᠡᠭᠡᠳ ᠪᠠᠢᠳᠠᠭ ᠭᠡᠵᠡᠢ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂8᠂16 ᠤ᠋ ᠡᠳᠦᠷ
