ᠬᠠᠯᠵᠠᠨ ᠲᠣᠯᠣᠭᠠᠢᠲᠤ ᠬᠠᠷ᠎ᠠ ᠭᠡᠵᠢᠭᠡᠲᠦ ᠬᠣᠶᠠᠷ - ᠴ᠂ ᠭᠠᠢᠳᠤᠪ Халзан толгойт хар гэзэгт хоёр - Ч᠂ Гайдов
ᠬᠠᠯᠵᠠᠨ ᠲᠣᠯᠣᠭᠠᠢᠲᠤ ᠬᠠᠷ᠎ᠠ ᠭᠡᠵᠢᠭᠡᠲᠦ ᠬᠣᠶᠠᠷ
( ᠱᠣᠭ ᠰᠢᠯᠦᠭ)
ᠥᠯ ᠬᠠᠯᠵᠠᠨ ᠲᠣᠯᠣᠭᠠᠢ ᠲᠠᠢ
ᠡᠪᠦᠭᠡᠨ ᠬᠥᠮᠦᠨ ᠦ᠌ ᠭᠡᠷ ᠲᠦ᠍
ᠥᠳᠬᠡᠨ ᠬᠠᠷ᠎ᠠ ᠭᠡᠵᠢᠭᠡ ᠲᠡᠢ
ᠥᠩᠭᠡᠯᠢᠭ ᠪᠦᠰᠡᠭᠦᠢ ᠪᠠᠢᠳᠠᠭ ᠭᠡᠨ᠎ᠡ᠃
ᠪᠠᠭᠠᠬᠠᠨ ᠪᠦᠰᠡᠭᠦᠢ ᠡᠪᠦᠭᠡᠨ ᠢ᠋
《 ᠴᠢ》 ᠭᠡᠵᠦ ᠳᠠᠭᠤᠳᠠᠳᠠᠭ ᠭᠡᠨ᠎ᠡ᠃
ᠪᠠᠪᠠᠭᠠᠷ ᠡᠪᠦᠭᠡᠨ ᠪᠦᠰᠡᠭᠦᠢ ᠶ᠋ᠢ
ᠴᠢᠮᠡᠭ ᠭᠡᠵᠦ ᠰᠠᠨᠠᠳᠠᠭ ᠭᠡᠨ᠎ᠡ᠃
ᠵᠢᠭᠠᠬᠠᠨ ᠲᠡᠷᠡ ᠪᠦᠰᠡᠭᠦᠢ
ᠴᠢᠮᠡᠭ ᠭᠡᠳᠡᠭ ᠨᠢ ᠴᠦ᠍ ᠶᠠᠭᠠᠬᠢᠬᠤᠪ
ᠵᠢᠷᠠ ᠬᠦᠷᠦᠭᠰᠡᠨ ᠡᠪᠦᠭᠡᠨ ᠢ᠋
《 ᠴᠢ》 ᠭᠡᠳᠡᠭ ᠯᠡ ᠬᠠᠴᠢᠨ ᠶᠤᠮ᠃
ᠨᠤᠲᠤᠭ ᠤ᠋ᠨ ᠬᠥᠮᠦᠨ ᠡᠴᠡ ᠰᠣᠨᠣᠰᠤᠭᠰᠠᠨ ᠢ᠋ᠶ᠋ᠠᠨ
ᠨᠢᠭᠤᠭᠠᠳ ᠶᠠᠭᠠᠬᠢᠬᠤᠪ ᠨᠥᠬᠥᠳ ᠮᠢᠨᠢ!
ᠡᠴᠢᠭᠡ ᠥᠬᠢᠨ ᠬᠣᠶᠠᠷ ᠪᠢᠰᠢ
ᠡᠬᠡᠨᠡᠷ ᠨᠥᠬᠥᠷ ᠬᠣᠶᠠᠷ ᠭᠡᠨ᠎ᠡ᠃
ᠦᠰᠦᠨ ᠦ᠌ ᠥᠩᠭᠡ ᠪᠡᠷ ᠢᠯᠭᠠᠪᠠᠯ
ᠬᠠᠷ᠎ᠠ ᠴᠠᠭᠠᠨ ᠢ᠋ᠶ᠋ᠠᠷ ᠢ᠋ᠶ᠋ᠠᠨ ᠢᠯᠭᠠᠭᠳᠠᠭᠰᠠᠨ
ᠦᠶ᠎ᠡ ᠨᠠᠰᠤ ᠲᠣᠭᠠᠯᠠᠪᠠᠯ
ᠬᠠᠮᠢᠶ᠎ᠠ ᠦᠭᠡᠢ ᠬᠡᠲᠦᠷᠡᠭᠡᠳ ᠶᠠᠪᠤᠴᠢᠬᠠᠭᠰᠠᠨ
ᠵᠣᠪᠠᠵᠤ ᠢᠴᠢᠬᠦ ᠶ᠋ᠢ ᠮᠡᠳᠡᠬᠦ ᠦᠭᠡᠢ
ᠨᠠᠭᠠᠳᠤᠬᠢ ᠨᠢ ᠴᠦ᠍ ᠶᠠᠭᠠᠬᠢᠭᠰᠠᠨ ᠵᠠᠯᠠᠭᠤ ᠪᠣᠢ?
ᠵᠣᠪᠠᠯᠠᠩ ᠵᠥᠩᠳᠡᠭᠡᠨ ᠦᠵᠡᠭᠰᠡᠨ ᠬᠢᠷᠢᠨ᠎ᠡ
ᠨᠠᠰᠤᠲᠠᠢ ᠨᠢ ᠴᠦ᠍ ᠪᠠᠰᠠ ᠶᠠᠭᠤ ᠪᠣᠢ ᠳᠠ?
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
2023᠂7᠂28 ᠤ᠋ ᠡᠳᠦᠷ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂7᠂28 ᠤ᠋ ᠡᠳᠦᠷ
