ᠳ᠋ᠧᠪᠠᠵᠠᠨ ᠬᠠᠮᠢᠭ᠎ᠠ ᠪᠠᠢᠨ᠎ᠠ -ᠴᠣᠢᠨᠣᠮР.Чойном - Диваажин хаана байна ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ᠋ᠧᠪᠠᠵᠠᠨ ᠬᠠᠮᠢᠭ᠎ᠠ ᠪᠠᠢᠨ᠎ᠠ -ᠴᠣᠢᠨᠣᠮР.Чойном - Диваажин хаана байна

ᠳ᠋ᠧᠪᠠᠵᠠᠨ ᠬᠠᠮᠢᠭ᠎ᠠ ᠪᠠᠢᠨ᠎ᠠ -ᠴᠣᠢᠨᠣᠮР.Чойном - Диваажин хаана байна

2023-08-25

484

          ᠴᠣᠢᠨᠣᠮ 
ᠦᠬᠦᠭᠡᠳ ᠲᠥᠷᠥᠬᠦ ᠳ᠋ᠧᠪᠠᠵᠠᠨ ᠤ᠋ ᠣᠷᠣᠨ 
ᠡᠭᠦᠯᠡᠨ ᠡᠴᠡ ᠳᠡᠭᠡᠭᠰᠢ ᠪᠣᠢ ᠭᠡᠯᠴᠡᠨ᠎ᠡ 
ᠦᠨᠡᠨ ᠴᠦ᠍ ᠪᠠᠢ᠂ ᠬᠤᠳᠠᠯ ᠴᠤ᠌ ᠪᠠᠢ ᠲᠡᠷᠡ ᠶᠠᠭᠠᠬᠢᠬᠤ ᠪᠣᠢ 
ᠦᠰᠦ ᠮᠠᠨᠢ ᠲᠠᠰᠤ ᠬᠠᠷ᠎ᠠ ᠪᠠᠢᠬᠤ ᠳ᠋ᠤ᠌ ᠪᠢ ᠵᠣᠪᠠᠬᠤ ᠦᠭᠡᠢ 

ᠵᠣᠪᠠᠭᠰᠠᠨ ᠴᠤ᠌ ᠭᠡᠰᠡᠨ ᠦᠬᠦᠬᠦ ᠶ᠋ᠢᠨ ᠴᠠᠭ ᠲᠤ᠌ 
ᠵᠣᠷᠢᠭᠤᠳᠠ ᠬᠢᠭᠰᠡᠨ ᠦᠢᠯᠡ ᠶ᠋ᠢᠨ ᠡᠷᠬᠡ ᠪᠡᠷ 
ᠡᠨᠡ ᠪᠡᠶ᠎ᠡ ᠪᠡᠷ ᠢ᠋ᠶ᠋ᠡᠷ ᠡᠳ᠋ᠯᠡᠵᠦ ᠳᠠᠭᠤᠰᠬᠤ 
ᠡᠷᠯᠢᠭ ᠲᠠᠮᠤ ᠳ᠋ᠤᠨᠢ ᠣᠴᠢᠬᠤ ᠪᠠᠢᠯᠭᠦᠢ 

ᠠᠮᠢᠳᠤ ᠨᠠᠰᠤᠨ ᠤ᠋ ᠮᠢᠨᠢ ᠳ᠋ᠧᠪᠠᠵᠠᠨ ᠭᠡᠵᠦ 
ᠠᠯᠲᠠᠨ ᠳᠡᠯᠡᠬᠡᠢ ᠳ᠋ᠦ᠍ ᠪᠠᠢᠳᠠᠭ ᠪᠣᠯ 
ᠠᠮᠠᠷᠠᠯᠲᠠ ᠶ᠋ᠢᠨ ᠫᠦᠲ᠋ᠶᠥ᠋ᠸᠺᠠ ᠣᠯᠳᠠᠭ ᠰᠢᠭ᠋ 
ᠠᠷᠤ ᠶ᠋ᠢᠨ ᠬᠠᠭᠠᠯᠭ᠎ᠠ ᠪᠠᠷ ᠣᠴᠢᠬᠤ ᠶᠤᠮᠰᠠᠨ᠃
ᠣᠴᠢᠬᠤ ᠦᠭᠡᠢ ᠴᠦ᠍ ᠭᠡᠰᠡᠨ ᠶᠠᠭᠠᠬᠢᠬᠤ ᠪᠣᠢ
ᠣᠷᠣᠨ ᠠ᠋ᠴᠠ ᠪᠠᠨ ᠨᠢᠭᠡ ᠬᠠᠷᠠᠮᠠᠷ ᠪᠠᠢᠨ᠎ᠠ
ᠣᠨᠳᠣᠣ ᠬᠥᠮᠦᠨ ᠳ᠋ᠦ᠍ ᠠᠴᠠᠭᠯᠠᠬᠤ ᠭᠡᠯᠭᠦᠢ
ᠣᠷᠣᠵᠤ ᠨᠢᠭᠡ ᠦᠵᠡᠮᠡᠷ ᠪᠠᠢᠨ᠎ᠠ

ᠬᠠᠮᠢᠭ᠎ᠠ ᠪᠠᠢᠨ᠎ᠠ ᠳ᠋ᠧᠪᠠᠵᠠᠨ? 
ᠬᠠᠭᠠᠨ ᠤ᠋ ᠴᠠᠭᠠᠨ ᠣᠷᠳᠣᠨ ᠳ᠋ᠤ᠌ ᠪᠠᠢᠨ᠎ᠠ ᠤᠤ?
ᠬᠠᠨᠠᠨ ᠳ᠋ᠠᠭᠠᠨ ᠲᠣᠯᠢ ᠲᠠᠢ᠂ ᠱᠠᠯᠠᠨ ᠳ᠋ᠠᠭᠠᠨ ᠬᠡᠪᠢᠰ ᠲᠡᠢ
ᠺᠷᠠᠨᠲ ᠤ᠋ᠨ ᠤᠰᠤ ᠲᠠᠢ᠂ ᠭᠦᠶᠦᠳᠡᠯ ᠦ᠋ᠨ ᠭᠠᠯ ᠲᠠᠢ

ᠬᠠᠮᠤᠭ ᠬᠣᠭᠣᠯᠠ ᠨᠢ ᠸᠢᠲ᠋ᠠᠮᠢᠨ ᠢ᠋ᠶ᠋ᠠᠷ ᠴᠡᠯᠡᠯᠵᠡᠵᠦ
ᠬᠠᠯᠪᠠᠭ᠎ᠠ ᠰᠡᠷᠡᠭᠡ ᠨᠢ ᠨᠢᠺᠧᠯ ᠢ᠋ᠶ᠋ᠡᠷ ᠴᠠᠢᠪᠠᠷᠳᠠᠵᠤ
ᠭᠡᠷ ᠦ᠋ᠨ ᠬᠢᠨᠢ ᠬᠡᠷᠡᠭᠰᠡᠯ ᠲᠣᠭᠣᠰᠣ ᠦᠭᠡᠢ ᠭᠢᠯᠠᠯᠵᠠᠵᠤ
ᠭᠡᠷᠭᠡᠢ ᠶ᠋ᠢᠨ ᠬᠢᠨᠢ ᠨᠢᠭᠤᠷ ᠲᠣᠰᠣ ᠳᠠᠭᠠᠭᠠᠭᠠᠳ

ᠭᠡᠮ ᠦᠭᠡᠢ ᠨᠥᠬᠥᠳ ᠦ᠋ᠨ ᠳᠠᠭᠤᠳᠠᠯᠭ᠎ᠠ ᠪᠠᠷ
ᠭᠡᠷ ᠦ᠋ᠨ ᠤᠲᠠᠰᠤ ᠨᠢ ᠭᠡᠨᠡ ᠬᠡᠨᠡᠭᠡᠨ ᠵᠢᠩᠭᠢᠨᠡᠨ ᠳᠤᠤᠭᠠᠷᠴᠤ
ᠭᠡᠭᠡᠨ ᠴᠣᠩᠬᠣ ᠪᠠᠷ ᠰᠠᠷᠠᠨ ᠠᠪᠠᠬᠠᠢ
ᠭᠡᠲᠡᠵᠦ ᠮᠢᠷᠢᠶᠠᠭᠰᠠᠭᠠᠷ ᠰᠡᠮᠬᠡᠨ ᠢᠷᠮᠡᠵᠦ

ᠬᠤᠷᠠᠯ ᠪᠠᠶᠠᠷ ᠬᠣᠶᠠᠷ ᠲᠤ᠌ ᠠᠢᠷᠠᠭ ᠤ᠋ᠨ ᠲᠠᠪᠤ ᠲᠠᠢ
ᠬᠤᠳᠠᠯᠳᠤᠭ᠎ᠠ ᠦᠵᠡᠪᠦᠷᠢ ᠬᠣᠶᠠᠷ ᠲᠤ᠌ ᠠᠷᠤ ᠶ᠋ᠢᠨ ᠬᠠᠭᠠᠯᠭ᠎ᠠ ᠲᠠᠢ
ᠬᠤᠷᠢᠶᠠᠭᠰᠠᠨ ᠪᠤᠶᠠᠨ ᠬᠣᠳᠣᠭᠣᠳᠣ ᠬᠣᠶᠠᠷ ᠤ᠋ᠨ ᠬᠦᠨᠳᠦ ᠳ᠋ᠦ᠍
ᠬᠤᠷᠳᠤᠨ ᠲᠡᠷᠭᠡᠨ ᠦ᠌ ᠨᠤᠮᠤ ᠬᠣᠲᠣᠢᠰᠬᠢᠳᠡᠭ ᠭᠠᠵᠠᠷ ᠲᠤ᠌

ᠬᠠᠭᠤᠷᠠᠢ ᠭᠠᠵᠠᠷ ᠤ᠋ᠨ ᠳ᠋ᠧᠪᠠᠵᠠᠨ ᠭᠡᠵᠦ ᠪᠠᠢᠨ᠎ᠠ ᠤᠤ⁈ 
ᠬᠠᠮᠢᠭ᠎ᠠ ᠪᠠᠢᠨ᠎ᠠ᠂ ᠲᠡᠷᠡ ᠳ᠋ᠧᠪᠠᠵᠠᠨ?
ᠬᠠᠭᠠᠷᠬᠠᠢ ᠴᠤᠭᠤᠷᠬᠠᠢ ᠪᠠᠨ ᠣᠶᠣᠵᠤ ᠡᠮᠦᠰᠦᠭᠡᠳ
ᠬᠠᠲᠠᠭᠰᠠᠨ ᠲᠠᠯᠬ᠎ᠠ ᠪᠠᠨ ᠬᠤᠪᠢᠶᠠᠵᠤ ᠢᠳᠡᠭᠡᠳ
ᠬᠠᠷᠠᠩᠭᠤᠢ ᠦᠷ ᠢ᠋ᠶ᠋ᠡᠷ ᠠᠵᠢᠯ ᠳ᠋ᠠᠭᠠᠨ ᠱᠣᠭᠰᠢᠭᠠᠳ
ᠬᠠᠯᠠᠭᠳᠠᠵᠤ᠂ ᠥᠭᠡᠷ᠎ᠡ ᠭᠠᠵᠠᠷ ᠤ᠋ᠨ ᠬᠠᠭᠠᠯᠭ᠎ᠠ ᠡᠭᠦᠳᠡ ᠶ᠋ᠢ ᠲᠣᠭᠰᠢᠭᠠᠳ

ᠪᠠᠶᠠᠷ ᠤ᠋ᠨ ᠦᠶ᠎ᠡ ᠪᠡᠷ ᠮᠥᠩᠭᠥ ᠨᠢ ᠬᠣᠪᠣᠷᠳᠠᠭᠠᠳ
ᠪᠠᠵᠠᠭᠠᠵᠤ ᠪᠡᠯᠡᠳᠬᠡᠭᠰᠡᠨ ᠶᠠᠭᠤᠮ᠎ᠠ ᠦᠭᠡᠢ᠂ ᠵᠣᠴᠢᠨ ᠨᠢ ᠣᠯᠠᠳᠠᠭᠠᠳ
ᠪᠠᠯᠭᠤ ᠠᠷᠢᠬᠢ ᠠᠮᠠᠨ ᠳ᠋ᠤ᠌ ᠴᠤ᠌ ᠦᠭᠡᠢ᠂ ᠬᠠᠮᠠᠷ ᠲᠤ᠌ ᠴᠤ᠌ ᠦᠭᠡᠢ
ᠪᠡᠢᠼᠡᠢ ᠶ᠋ᠢᠨ ᠱᠥᠯᠥ ᠳᠡᠮᠡᠢ ᠶᠠᠷᠢᠶ᠎ᠠ ᠬᠣᠶᠠᠷ ᠢ᠋ᠶ᠋ᠠᠷ ᠬᠣᠭᠣᠯᠠᠯᠠᠵᠤ

ᠦᠬᠦᠭᠰᠡᠨ ᠴᠦ᠍ ᠭᠡᠰᠡᠨ《 ᠠᠯᠲᠠᠨ ᠥᠯᠥᠭᠡᠢ》 ᠭᠡᠳᠡᠭ
ᠦᠬᠦᠭᠡᠷ ᠦ᠋ᠨ ᠭᠠᠵᠠᠷ ᠨᠤᠲᠤᠭᠯᠠᠬᠤ ᠦᠭᠡᠢ
ᠲᠥᠷᠥᠭᠰᠡᠨ ᠴᠦ᠍ ᠭᠡᠰᠡᠨ《 ᠼᠢᠮ》 ᠭᠡᠳᠡᠭ
ᠲᠡᠮᠦᠷ ᠲᠡᠷᠭᠡ ᠬᠡᠷᠡᠭᠯᠡᠬᠦ ᠳ᠋ᠦ᠍ ᠯᠡ ᠦᠭᠡᠢ

ᠥᠯᠥᠰᠪᠡᠴᠦ ᠰᠡᠳᠬᠢᠯ ᠴᠠᠳᠬᠤᠯᠠᠩ ᠶᠠᠪᠤᠭ᠎ᠠ
ᠡᠪᠡᠳᠪᠡᠴᠦ ᠤᠬᠠᠭᠠᠨ ᠨᠢ ᠰᠠᠷᠠᠭᠤᠯ ᠪᠠᠢᠬᠤ
ᠡᠳᠦᠢ ᠲᠡᠳᠦᠢ ᠬᠥᠮᠦᠨ ᠦ᠌ ᠰᠢᠷᠭᠤᠯᠵᠢᠨ ᠤ᠋ ᠳᠣᠪᠣ ᠰᠢᠭ᠋
ᠡᠷᠦᠬᠡ ᠭᠡᠷ ᠦ᠋ᠳ ᠲᠦ᠍ ᠳ᠋ᠧᠪᠠᠵᠠᠨ ᠪᠠᠢᠨ᠎ᠠ ᠤᠤ?

ᠬᠠᠮᠢᠭ᠎ᠠ ᠪᠠᠢᠨ᠎ᠠ᠂ ᠲᠡᠷᠡ ᠳ᠋ᠧᠪᠠᠵᠠᠨ?

ᠬᠠᠯᠠᠭᠤᠨ ᠵᠠᠯᠠᠭᠤ ᠨᠠᠢᠷᠠᠭᠴᠢ ᠶ᠋ᠢᠨ ᠵᠢᠷᠦᠬᠡ
ᠬᠠᠢᠷ᠎ᠠ ᠶ᠋ᠢ ᠠᠮᠲᠠᠯᠠᠨ ᠳᠣᠭᠳᠣᠯᠬᠤ ᠦᠶ᠎ᠡ ᠪᠡᠷ
ᠬᠠᠷᠠᠨᠳᠠ ᠶ᠋ᠢᠨ ᠦᠵᠦᠭᠦᠷ ᠴᠠᠭᠠᠰᠤᠨ ᠳᠡᠭᠡᠷ᠎ᠡ
ᠬᠠᠲᠠᠷᠢᠶ᠎ᠠ ᠲᠠᠢ ᠮᠣᠷᠢ ᠰᠢᠭ᠋ ᠳᠣᠪᠲᠣᠯᠬᠤ ᠦᠶ᠎ᠡ ᠪᠡᠷ

ᠰᠢᠷᠬᠡᠭ ᠴᠦ᠍ ᠦᠰᠦ ᠨᠢ ᠪᠤᠭᠤᠷᠤᠯᠲᠤᠭ᠎ᠠ ᠦᠭᠡᠢ ᠲᠣᠯᠣᠭᠠᠢ ᠳ᠋ᠤᠨᠢ
ᠰᠢᠵᠢᠭᠢᠨᠡᠨ ᠪᠤᠴᠠᠯᠬᠤ ᠦᠭᠡᠰ ᠦ᠋ᠨ ᠬᠠᠢᠯᠤᠮᠠᠭ ᠠ᠋ᠴᠠ
ᠰᠢᠷᠡᠮᠦ ᠰᠢᠭ᠂ ᠴᠡᠴᠡᠭ ᠰᠢᠭ ᠰᠢᠯᠦᠭ ᠦ᠋ᠳ ᠦ᠋ᠨ
ᠰᠢᠨᠡᠬᠡᠨ ᠪᠠᠳᠠᠭ ᠤ᠋ᠳ ᠣᠷᠣᠯᠳᠣᠬᠤ ᠴᠠᠭ ᠢ᠋ᠶ᠋ᠠᠷ

ᠡᠯᠡᠷ ᠪᠠᠯᠠᠷ ᠤ᠋ᠨ ᠳᠣᠮᠣᠭ ᠴᠤᠤᠷᠬᠠᠯ
ᠡᠭᠡᠷᠡᠮ᠎ᠡ ᠲᠠᠯ᠎ᠠ᠂ ᠠᠢᠯ ᠮᠠᠯ
ᠢᠰᠡᠭᠡᠢ ᠭᠡᠷ᠂ ᠠᠷᠭᠠᠯ ᠤ᠋ᠨ ᠤᠲᠤᠭ᠎ᠠ
ᠡᠴᠢᠭᠡ ᠡᠪᠦᠭᠡᠳ ᠦ᠋ᠨ ᠪᠤᠷᠬᠠᠨ ᠰᠢᠲᠦᠭᠡᠨ

ᠡᠯᠪᠡᠭ ᠨᠠᠢᠷ ᠤ᠋ᠨ ᠤᠤᠭᠠᠨ ᠳᠤᠭᠤᠷ᠎ᠠ
《 ᠡᠷ᠎ᠡ ᠪᠣᠷᠣ》 ᠶ᠋ᠢᠨ ᠤᠶᠠᠬᠠᠨ ᠰᠢᠷᠤᠩᠬᠠᠢ
ᠡᠬᠢᠯᠡᠭᠡᠳ ᠤᠴᠠᠷᠠᠭᠰᠠᠨ ᠬᠣᠨᠢᠴᠢᠨ ᠥᠬᠢᠨ
ᠡᠨᠡ ᠪᠦᠬᠦᠨ ᠬᠠᠷᠠᠭᠳᠠᠨ᠎ᠠ

ᠬᠠᠮᠢᠭ᠎ᠠ ᠪᠠᠢᠨ᠎ᠠ᠂ ᠲᠡᠷᠡ ᠳ᠋ᠧᠪᠠᠵᠠᠨ?
ᠬᠠᠷᠠᠩᠭᠤᠢ ᠲᠦᠨᠡᠷᠡᠭᠰᠡᠨ ᠰᠥᠨᠢ ᠶ᠋ᠢᠨ ᠴᠠᠭ ᠲᠤ᠌
ᠬᠠᠯᠠᠭᠤ ᠳᠦᠦᠭᠡᠭᠰᠡᠨ ᠬᠥᠨᠵᠢᠯᠡ ᠶ᠋ᠢᠨ ᠳᠣᠣᠷ᠎ᠠ
ᠬᠠᠳᠠᠨ ᠲᠡᠮᠦᠷ ᠫᠦᠷᠱ ᠢ᠋ ᠨᠤᠵᠢᠭᠢᠨᠠᠭᠤᠯᠤᠨ
ᠬᠠᠩᠭᠠᠢ ᠶ᠋ᠢᠨ ᠰᠤᠭᠤ ᠰᠢᠭ᠋ ᠥᠬᠢᠳ ᠢ᠋ ᠢᠨᠴᠠᠭᠯᠠᠭᠤᠯᠤᠨ

ᠵᠠᠩᠭᠢᠷᠠᠭᠰᠠᠨ ᠪᠠᠭᠲᠠᠴᠠᠭᠰᠠᠨ ᠬᠦᠰᠡᠯ ᠦ᠋ᠨ ᠶᠢᠷᠲᠢᠨᠴᠦ ᠪᠡᠷ
ᠵᠠᠯᠠᠭᠤ ᠴᠣᠭᠴᠠᠰ ᠢ᠋ᠶ᠋ᠠᠨ ᠰᠦᠯᠡᠬᠦ ᠦᠶ᠎ᠡ ᠳ᠋ᠦ᠍
ᠽᠠᠮᠪᠤᠯᠢᠩ ᠬᠣᠷᠸ᠎ᠠ ᠳ᠋ᠤ᠌ ᠬᠠᠮᠤᠭ ᠠ᠋ᠴᠠ ᠦᠨᠡᠲᠡᠢ
ᠵᠠᠶᠠᠭᠠᠭᠰᠠᠨ ᠪᠡᠶ᠎ᠡ ᠶ᠋ᠢᠨ ᠵᠠᠭᠠᠷ ᠬᠠᠩᠬᠤᠯᠬᠤ ᠴᠠᠭ ᠲᠤ᠌

ᠠ᠋ ᠳᠠ᠂ ᠡᠭᠦᠨ ᠦ᠌ ᠲᠥᠯᠥᠭᠡ ᠲᠥᠷᠥᠭᠰᠡᠨ ᠭᠡᠵᠦ
ᠡᠷ᠎ᠡ ᠨᠢ ᠵᠢᠳᠬᠦᠵᠦ᠂ ᠡᠮ᠎ᠡ ᠨᠢ ᠮᠡᠬᠦᠢᠵᠦ
ᠡᠯᠪᠡᠭ ᠪᠠᠶᠠᠨ ᠤ᠋ ᠲᠤᠢᠯ ᠳ᠋ᠤ᠌ ᠬᠦᠷᠳᠡᠭ
ᠡᠨᠡ ᠬᠤᠪᠢᠴᠠᠭ᠎ᠠ ᠳ᠋ᠧᠪᠠᠵᠠᠨ ᠪᠠᠢᠨ᠎ᠠ ᠤᠤ?

ᠬᠠᠮᠢᠭ᠎ᠠ ᠪᠠᠢᠨ᠎ᠠ᠂ ᠲᠡᠷᠡ ᠳ᠋ᠧᠪᠠᠵᠠᠨ!

ᠬᠠᠰᠢ ᠶ᠋ᠢᠨ ᠴᠠᠭᠠᠨ ᠣᠷᠣᠨ ᠳ᠋ᠤ᠌ ᠰᠠᠭᠤᠭᠰᠠᠨ ᠴᠤ᠌
ᠬᠠᠨᠢ ᠢᠵᠢᠯᠢ ᠦᠭᠡᠢ ᠭᠠᠭᠴᠠᠭᠠᠷᠳᠠᠬᠤ ᠶ᠋ᠢᠨ ᠵᠣᠪᠠᠯᠠᠩ ᠲᠠᠢ
ᠬᠠᠲᠠᠭᠰᠠᠨ ᠲᠠᠯᠬ᠎ᠠ ᠪᠠᠨ ᠬᠤᠪᠢᠶᠠᠵᠤ ᠢᠳᠡᠭᠰᠡᠨ ᠴᠦ᠍ 
ᠬᠠᠮᠤᠭ ᠨᠠᠰᠤ ᠪᠠᠷ ᠢ᠋ᠶ᠋ᠠᠨ ᠥᠯᠥᠰᠬᠦ ᠶ᠋ᠢᠨ ᠵᠣᠪᠠᠯᠠᠩ ᠲᠠᠢ

ᠬᠠᠯᠠᠭᠤᠨ ᠵᠠᠯᠠᠭᠤ ᠨᠠᠢᠷᠠᠭᠴᠢ ᠶ᠋ᠢᠨ ᠰᠡᠳᠬᠢᠯ ᠴᠦ᠍
ᠬᠠᠭᠠᠯᠲᠠᠲᠠᠢ ᠳᠠᠭᠤᠤ ᠪᠠᠨ ᠨᠢᠭᠤᠬᠤ ᠶ᠋ᠢᠨ ᠭᠠᠰᠠᠯᠠᠩ ᠲᠠᠢ
ᠬᠠᠷᠠᠩᠭᠤᠢ ᠲᠦᠨᠡᠷ ᠰᠥᠨᠢ ᠶ᠋ᠢᠨ ᠴᠡᠩᠭᠡᠯ ᠳ᠋ᠦ᠍ ᠴᠦ᠍
ᠬᠠᠷᠠᠳᠠᠨ ᠰᠡᠷᠡᠮᠵᠢᠯᠡᠬᠦ ᠶ᠋ᠢᠨ ᠲᠦᠮᠡᠨ ᠵᠣᠪᠠᠯᠠᠩ ᠲᠠᠢ

ᠣᠯᠳᠠᠭᠰᠠᠨ ᠡᠨᠡ ᠵᠣᠪᠠᠯᠠᠩ ᠢ᠋ᠶ᠋ᠠᠨ ᠮᠠᠷᠲᠠᠬᠤ ᠭᠡᠵᠦ
ᠣᠷᠣᠰ ᠠᠷᠢᠬᠢᠨ ᠤ᠋ ᠪᠥᠭᠯᠡᠭᠡ ᠮᠤᠯᠲᠤ ᠠᠯᠠᠭᠠᠳᠠᠵᠤ
ᠣᠬᠢᠵᠤ ᠪᠥᠭᠡᠯᠵᠢᠵᠦ ᠣᠢᠴᠢᠵᠤ ᠤᠨᠠᠭᠠᠳ
ᠣᠷᠴᠢᠨ ᠲᠣᠭᠣᠷᠢᠨ ᠬᠣᠷᠸ᠎ᠠ ᠶ᠋ᠢ ᠮᠠᠷᠲᠠᠭᠠᠳ

ᠬᠥᠯᠳᠡᠭᠰᠡᠨ ᠴᠦ᠍ ᠰᠢᠲᠠᠭᠰᠠᠨ ᠴᠤ᠌ ᠲᠣᠭᠣᠬᠤ ᠦᠭᠡᠢ ᠬᠤᠷᠬᠢᠷᠠᠵᠤ ᠪᠠᠢᠳᠠᠭ
ᠬᠥᠭᠡᠷᠦᠬᠦᠢ ᠬᠥᠮᠦᠨ ᠯᠡ ᠶᠣᠰᠣᠲᠠᠢ
ᠠᠮᠢᠳᠤ ᠨᠠᠰᠤᠨ ᠳ᠋ᠠᠭᠠᠨ ᠰᠡᠳᠬᠢᠯ ᠢ᠋ᠶ᠋ᠡᠷ ᠢ᠋ᠶ᠋ᠡᠷ ᠵᠣᠯᠭᠠᠳᠠᠭ
ᠭᠱᠠᠨ ᠵᠠᠭᠤᠷ᠎ᠠ ᠶ᠋ᠢᠨ ᠳ᠋ᠧᠪᠠᠵᠠᠨ ᠪᠠᠢᠨ᠎ᠠ ᠳᠠ

ᠳ᠋ᠡᠸᠡᠢ ᠬᠣᠷᠢᠨ ᠨᠠᠢ᠍ᠮᠠᠨ ᠲᠥᠭᠥᠷᠢᠭ
ᠳᠠᠷᠤᠭᠤᠯᠭ᠎ᠠ ᠳ᠋ᠤᠨᠢ ᠬᠣᠶᠠᠷ ᠬᠡᠷᠴᠢᠮ ᠬᠢᠮ᠎ᠠ
ᠳᠠᠷᠤᠢᠬᠠᠨ ᠰᠢᠭ᠋ ᠡᠨᠡ ᠪᠡᠶ᠎ᠡ ᠪᠡᠷ ᠢ᠋ᠶ᠋ᠡᠷ
ᠳᠠᠪᠬᠢᠭᠠᠳ ᠣᠴᠢᠶ᠎ᠠ᠂ ᠳ᠋ᠧᠪᠠᠵᠠᠨ ᠤᠷᠤᠭᠤ ᠪᠠᠨ᠁

ᠲᠤᠰ ᠰᠢᠯᠦᠭ ᠢ᠋《 ᠬᠠᠮᠢᠭ᠎ᠠ ᠪᠠᠢᠨ᠎ᠠ᠂ ᠲᠡᠷᠡ ᠳ᠋ᠧᠪᠠᠵᠠᠨ?》( ᠨᠠᠢᠷᠠᠭᠯᠠᠯ ᠤ᠋ᠳ)᠂《 ᠬᠣᠷᠢᠭᠠᠨ ᠳ᠋ᠤ᠌ ᠪᠠᠢᠭᠰᠠᠨ ᠰᠢᠯᠦᠭ ᠦ᠋ᠳ》 ᠵᠡᠷᠭᠡ ᠨᠣᠮ ᠠ᠋ᠴᠠ ᠬᠠᠷᠭᠤᠭᠤᠯᠪᠠ᠃
    ᠦᠰᠦᠭ ᠠᠮᠢᠯᠠᠭᠤᠯᠤᠭᠴᠢ᠄ ᠳ᠂ ᠣᠶᠤᠨᠪᠢᠯᠢᠭ᠌
    ᠬᠢᠨᠠᠭᠴᠢ᠄ ᠣᠳᠬᠠᠨᠰᠣ᠎ᠠ᠂ ᠭᠠᠷᠮ᠎ᠠ ᠴᠢᠨᠳᠠᠮᠤᠨᠢ