ᠨᠤᠲᠤᠭ - ᠶ · ᠮᠥᠩᠬᠡᠵᠢᠷᠭᠠᠯ Нутаг - Я · Мөнхжаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ - ᠶ · ᠮᠥᠩᠬᠡᠵᠢᠷᠭᠠᠯ Нутаг - Я · Мөнхжаргал

ᠨᠤᠲᠤᠭ - ᠶ · ᠮᠥᠩᠬᠡᠵᠢᠷᠭᠠᠯ Нутаг - Я · Мөнхжаргал

2023-08-24

313

ᠨᠤᠲᠤᠭ

                         
                           ᠶ · ᠮᠥᠩᠬᠡᠵᠢᠷᠭᠠᠯ 

 ᠬᠥᠮᠦᠨ ᠢ᠋ᠶ᠋ᠡᠷ ᠴᠥᠭᠡᠨ ᠴᠦ᠍ ᠶᠣᠰᠣ ᠪᠠᠷ ᠲᠠᠩᠰᠤᠭ ᠤᠷᠠᠳ ᠲᠦᠮᠡᠨ ᠮᠢᠨᠢ 
 ᠬᠥᠯᠥᠨ ᠦ᠌ ᠬᠥᠪᠡᠭᠡᠨ ᠡᠴᠡ ᠮᠤᠨᠠ ᠶ᠋ᠢᠨ ᠡᠯᠢᠭᠡᠨ ᠳ᠋ᠦ᠍ ᠵᠣᠭᠰᠣᠭᠰᠠᠨ ᠪᠢᠯᠡ 
 ᠬᠥᠮᠦᠨ ᠢ᠋ᠶ᠋ᠡᠷ ᠴᠥᠭᠡᠨ ᠴᠦ᠍ ᠶᠠᠰᠤ ᠪᠠᠷ ᠬᠠᠲᠠᠭᠤ ᠤᠷᠠᠳ ᠲᠦᠮᠡᠨ ᠮᠢᠨᠢ 
 ᠬᠦᠢ ᠪᠡᠨ ᠮᠠᠨᠠᠵᠤ ᠬᠥᠯ ᠳᠡᠭᠡᠷ᠎ᠡ ᠪᠡᠨ ᠵᠣᠭᠰᠣᠭᠰᠠᠨ ᠪᠢᠯᠡ  

 ᠭᠤᠷᠪᠠᠨ ᠮᠢᠩᠭᠠᠨ ᠺᠢᠯᠣᠮᠧᠲ᠋ᠷ ᠭᠡᠵᠦ ᠠᠯᠤᠰ ᠤ᠋ᠨ ᠨᠢᠭᠡᠨ ᠨᠤᠲᠤᠭ ᠭᠡᠬᠦ ᠳ᠋ᠦ᠍ 
 ᠭᠤᠷᠪᠠᠨ ᠵᠠᠭᠤᠨ ᠵᠢᠷᠠᠨ ᠵᠢᠯ ᠭᠡᠵᠦ ᠠᠶᠠᠨ ᠤ᠋ ᠠᠯᠲᠠᠨ ᠬᠠᠭᠤᠳᠠᠰᠤ ᠪᠤᠶᠤ 
 ᠭᠤᠷᠪᠠᠨ ᠳᠠᠢᠴᠢᠨ ᠠᠬᠠᠯᠠᠭᠴᠢ ᠭᠡᠵᠦ ᠠᠯᠮᠠᠰ ᠪᠠᠲᠤ ᠵᠣᠷᠢᠭᠲᠠᠨ ᠭᠡᠬᠦ ᠳ᠋ᠦ᠍ 
 ᠭᠤᠷᠪᠠᠨ ᠤᠷᠠᠳ ᠤ᠋ᠨ ᠨᠤᠲᠤᠭ ᠭᠡᠵᠦ ᠠᠮᠢᠳᠤᠷᠠᠯ ᠲᠡᠮᠡᠴᠡᠯ ᠦ᠋ᠨ ᠡᠭᠡᠰᠢᠭᠯᠢᠭ ᠪᠤᠶᠤ   

 ᠠᠯᠳᠠᠭ ᠤᠨᠤᠭ ᠠᠮᠢᠳᠤᠷᠠᠯ ᠨᠢ ᠳᠥᠷᠥᠭᠡ  ᠴᠢᠩᠭᠠᠯᠠᠭᠰᠠᠨ ᠳᠠᠪᠠᠭ᠎ᠠ ᠭᠡᠬᠦ ᠳ᠋ᠦ᠍ 
 ᠠᠯᠳᠠᠷᠠᠢ ᠰᠢᠨᠡᠬᠡᠨ ᠪᠠᠭᠤᠴᠠ ᠨᠢ ᠰᠦ ᠪᠡᠨ ᠢᠪᠢᠯᠦᠭᠰᠡᠨ ᠡᠵᠢ ᠪᠤᠶᠤ 
 ᠠᠷᠤ ᠥᠪᠥᠷ ᠲᠦᠮᠡᠨ ᠭᠡᠵᠦ ᠳᠡᠭᠡᠳᠦᠰ ᠨᠢᠭᠡᠲᠡᠢ ᠠᠬᠠᠨ ᠳᠡᠭᠦᠦ ᠭᠡᠬᠦ ᠳ᠋ᠦ᠍ 
 ᠠᠯᠲᠠᠨ ᠬᠢᠯᠢ ᠪᠡᠨ ᠰᠠᠬᠢᠨ᠎ᠠ ᠭᠡᠵᠦ ᠠᠮᠤᠭᠤᠯᠠᠩ ᠬᠠᠭᠠᠨ ᠤ᠋ ᠵᠠᠷᠯᠢᠭ ᠪᠤᠶᠤ ᠁  

 ᠨᠣᠮᠢᠨ ᠨᠣᠭᠣᠭᠠᠨ ᠨᠤᠲᠤᠭ ᠮᠢᠨᠢ  ᠡᠳᠦᠷᠵᠢᠨ ᠰᠠᠯᠬᠢᠯᠠᠬᠤ ᠨᠢ ᠬᠡᠴᠡᠭᠦᠦ ᠪᠠᠢᠨ᠎ᠠ 
 ᠨᠣᠮᠣᠬᠠᠨ ᠰᠢᠯᠤᠭᠤᠨ ᠠᠷᠠᠳ ᠤ᠋ᠳ ᠮᠢᠨᠢ ᠨᠤᠲᠤᠭ ᠢ᠋ᠶ᠋ᠠᠨ ᠣᠷᠬᠢᠭᠠᠳ ᠬᠣᠲᠠᠵᠢᠵᠤ ᠪᠠᠢᠨ᠎ᠠ 
 ᠨᠣᠶᠠᠨ ᠰᠠᠷᠢᠳᠠᠭ᠂ ᠬᠠᠨ ᠬᠠᠩᠭᠠᠢ᠂ ᠬᠥᠬᠥᠯ ᠵᠢᠯᠠᠭ᠎ᠠ᠂ ᠭᠣᠪᠢ ᠨᠤᠭᠤᠳ ᠮᠢᠨᠢ ᠠ᠋ 
 ᠨᠣᠭᠲᠣ ᠦᠭᠡᠢ᠂ ᠡᠵᠡᠨ ᠴᠦ᠍ ᠦᠭᠡᠢ᠂ ᠳᠡᠯᠲᠦ ᠰᠢᠪᠠᠭᠤ ᠶ᠋ᠢ ᠮᠢᠨᠢ ᠬᠠᠷᠠᠪᠠ ᠤᠤ᠂ ᠳᠠ!  

 ᠡᠷᠬᠡᠮᠰᠦᠭ ᠳᠠᠷᠬᠠᠨ ᠬᠠᠢᠷᠬᠠᠨ ᠮᠢᠨᠢ ᠡᠮᠡᠭᠡᠯ ᠲᠣᠬᠣᠰᠢᠨ ᠳ᠋ᠤ᠌ ᠡᠪᠭᠦᠢᠷᠬᠡᠨ᠎ᠡ 
 ᠡᠩ ᠦᠭᠡᠢ ᠰᠢᠷᠭᠠᠯ ᠭᠣᠪᠢ ᠮᠢᠨᠢ ᠡᠯᠳᠡᠭᠦᠷ ᠮᠠᠯᠲᠠᠭᠤᠷ ᠲᠤ᠌ ᠰᠢᠨᠠᠯᠤᠨ᠎ᠠ 
 ᠡᠴᠢᠭᠡ ᠳᠡᠭᠡᠳᠦ ᠶ᠋ᠢᠨ ᠨᠤᠲᠤᠭ ᠢ᠋ᠶ᠋ᠠᠨ ᠭᠡᠮᠡᠨ ᠦᠷ᠎ᠡ ᠬᠡᠦᠬᠡᠳ ᠮᠢᠨᠢ ᠵᠣᠪᠠᠨᠢᠨ᠎ᠠ 
 ᠡᠪ ᠢ᠋ ᠨᠢ ᠦᠵᠡᠭᠡᠳ ᠭᠠᠳᠠᠨ᠎ᠠ ᠠ᠋ᠴᠠ ᠳᠣᠲᠣᠭᠰᠢ ᠲᠡᠨᠦᠭᠦᠯ ᠮᠠᠢᠮᠠᠢᠴᠢᠳ ᠴᠤᠪᠤᠷᠠᠨ᠎ᠠ  

 ᠲᠠᠯ᠎ᠠ ᠪᠠᠨ ᠲᠣᠣᠷᠯᠠᠭᠤᠯᠤᠭᠰᠠᠨ ᠮᠠᠯᠴᠢᠳ ᠲᠠᠭᠲᠤ ᠳ᠋ᠤ᠌ ᠰᠠᠭᠤᠭᠠᠳ ᠪᠠᠶᠠᠰᠤᠯᠴᠠᠨ᠎ᠠ 
 ᠲᠠᠭᠲᠤ ᠳ᠋ᠤ᠌ ᠰᠠᠭᠤᠭᠰᠠᠨ ᠲᠡᠳᠡᠨᠦᠰ《 ᠶᠠᠰᠤᠨ ᠬᠡᠷᠡᠮ》 ᠳ᠋ᠦ᠍ ᠶᠠᠭᠠᠷᠠᠯᠳᠤᠨ᠎ᠠ 
 ᠲᠠᠲᠠᠭᠤ ᠭᠠᠷ ᠲᠠᠢ ᠰᠢᠭ᠋ ᠦ᠋ᠳ ᠨᠢ ᠬᠣᠲᠠ ᠵᠡᠭᠡᠯᠢ ᠶ᠋ᠢ ᠴᠡᠪᠡᠷᠯᠡᠨ᠎ᠡ 
 ᠳᠡᠷᠡᠰᠦᠨ ᠳ᠋ᠦ᠍ ᠲᠠᠯ᠎ᠠ ᠲᠠᠢ ᠰᠢᠭ᠋ ᠦ᠋ᠳ ᠨᠢ ᠬᠣᠭᠣᠯᠠᠨ ᠭᠡᠷ ᠢ᠋ ᠪᠠᠶᠠᠰᠬᠠᠨ᠎ᠠ   

 ᠠᠷᠠᠳ ᠨᠢ ᠴᠥᠭᠡᠨ ᠴᠦ᠍ ᠶᠠᠰᠤ ᠨᠢ ᠬᠠᠲᠠᠭᠤ ᠬᠠᠰᠠᠷ ᠤ᠋ᠨ ᠳᠠᠢᠴᠢᠨ ᠤᠳᠤᠮ ᠮᠢᠨᠢ 
 ᠠᠪᠤ ᠳᠡᠭᠡᠳᠦ ᠶ᠋ᠢᠨ ᠨᠤᠲᠤᠭ ᠮᠢᠨᠢ ᠬᠢᠮᠤᠷᠠᠭ᠎ᠠ ᠲᠣᠰᠤᠭᠠᠳ ᠬᠠᠯᠠᠭᠤᠷᠠᠵᠤ ᠪᠠᠢᠨ᠎ᠠ ᠰᠢᠦ 
 ᠠᠷᠠᠳ ᠨᠢ ᠴᠥᠭᠡᠨ ᠴᠦ᠍ ᠶᠣᠰᠣ ᠨᠢ ᠲᠠᠩᠰᠤᠭ ᠴᠡᠴᠡᠨ ᠤᠷᠠᠳ ᠲᠦᠮᠡᠨ ᠮᠢᠨᠢ ᠠ᠋  
 ᠠᠭᠢᠭᠠᠳ ᠪᠢᠳᠡ ᠬᠥᠯᠥᠨ ᠨᠤᠲᠤᠭ ᠲᠠᠭᠠᠨ ᠪᠤᠴᠠᠯᠲᠠᠢ ᠪᠢᠰᠢ ᠭᠡᠳᠡᠭ  ᠢᠶᠠᠨ ᠤᠬᠠᠭᠠᠷᠠᠭᠠᠷᠠᠢ!
   
       ᠬᠠᠶᠢᠭ᠄ ᠤᠷᠠᠳ ᠤ᠋ᠨ ᠳᠤᠮᠳᠠᠳᠤ ᠬᠤᠰᠢᠭᠤᠨ ᠤ᠋ ᠮᠣᠩᠭᠣᠯ ᠦᠨᠳᠦᠰᠦᠲᠡᠨ ᠦ᠌ ᠰᠤᠷᠭᠠᠭᠤᠯᠢ  

※ᠢᠷᠡᠯᠲᠡ᠄  ᠲᠤᠷᠤᠭ ᠰᠠᠷᠠᠨ᠎ᠠ( ᠬᠣᠣᠰ ᠰᠠᠷ᠎ᠠ ᠶ᠋ᠢᠨ ᠰᠡᠳᠬᠦᠯ)    

   ᠦᠰᠦᠭ ᠠᠮᠢᠯᠠᠭᠤᠯᠤᠭᠴᠢ᠄  ᠣᠳᠬᠠᠨᠴᠡᠴᠡᠭ 
     ᠬᠢᠨᠠᠭᠴᠢ ᠪᠠᠭᠰᠢ᠄ ᠰᠡᠬᠡᠭᠡᠷᠡᠯ