ᠠᠯᠲᠠᠢ- ᠷ᠂ ᠴᠣᠢᠨᠣᠮАлтай-р,чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠢ- ᠷ᠂ ᠴᠣᠢᠨᠣᠮАлтай-р,чойном

ᠠᠯᠲᠠᠢ- ᠷ᠂ ᠴᠣᠢᠨᠣᠮАлтай-р,чойном

2023-08-24

383

ᠠᠯᠲᠠᠢ

     ᠷ᠂ᠴᠣᠢᠨᠣᠮ 
( ᠤᠶᠠᠩᠭ᠎ᠠ ᠶ᠋ᠢᠨ ᠨᠠᠶ᠋ᠢᠷᠠᠭᠯᠠᠯ) 
ᠬᠦᠯᠦᠭ ᠮᠣᠷᠢ ᠳᠡᠯ ᠢ᠋ᠶ᠋ᠡᠷ ᠢᠶᠠᠨ ᠭᠠᠢᠬᠠᠭᠤᠯᠤᠨ᠎ᠠ 
ᠬᠥᠮᠦᠨ ᠲᠥᠷᠥᠯᠬᠢᠲᠡᠨ ᠰᠡᠳᠬᠢᠯ ᠢ᠋ᠶ᠋ᠡᠷ ᠢᠶᠠᠨ ᠭᠠᠢᠬᠠᠭᠤᠯᠤᠨ᠎ᠠ 
                    ᠠᠪᠠᠢ ᠺᠦᠨᠡᠡᠪᠠᠶᠸᠸ 

ᠣᠷᠣᠰᠢᠯ 

ᠠᠶᠠᠰ ᠤ᠋ᠨ ᠪᠣᠳᠣᠯ ᠢ᠋ ᠤᠨᠳᠤᠷᠭᠠᠭᠰᠠᠨ᠂ ᠬᠡᠵᠢᠶᠡᠨ ᠦ᠌ ᠶᠠᠮᠠᠷ ᠳᠤᠷᠠᠳᠬᠠᠯ ᠢ᠋ᠶ᠋ᠠᠷ 
ᠠᠮᠲᠠᠲᠤ ᠵᠡᠭᠦᠳᠦ ᠶ᠋ᠢ ᠰᠠᠨᠳᠤᠷᠭᠠᠭᠰᠠᠨ᠂ ᠬᠡᠨ ᠦ᠌ ᠶᠠᠮᠠᠷ ᠳᠠᠭᠤᠳᠠᠯᠭ᠎ᠠ ᠪᠠᠷ 
ᠠᠢᠵᠠᠮ ᠬᠥᠩᠭᠡᠨ ᠰᠢᠯᠦᠭ ᠮᠢᠨᠢ ᠳᠡᠭᠦᠯᠢᠨ ᠳᠡᠭᠦᠯᠢᠨ ᠨᠢᠰᠦᠨᠡᠮ ᠪᠣᠢ? 
ᠠᠯᠢᠬᠠᠨ ᠭᠠᠵᠠᠷ ᠤ᠋ᠨ ᠬᠡᠨ ᠢ᠋ ᠳᠠᠭᠤᠯᠠᠨ ᠳᠠᠭᠤᠯᠠᠨ ᠬᠦᠰᠡᠨᠡᠮ ᠪᠣᠢ? 

ᠰᠢᠨᠵᠢᠨ ᠬᠠᠷᠠᠬᠤ ᠨᠢᠳᠦᠨ ᠦ᠌ ᠮᠥᠷᠥᠭᠡᠳᠦᠨ ᠳᠤᠷᠠᠯᠠᠬᠤ ᠲᠠᠯᠠᠪᠠᠢ 
ᠰᠢᠷᠦᠭᠦᠨ ᠵᠠᠭᠤᠨ ᠨᠤᠭᠤᠳ ᠢ᠋ ᠲᠤᠭᠤᠯᠤᠭᠰᠠᠨ ᠮᠥᠩᠭᠥᠨ ᠪᠤᠭᠤᠷᠤᠯ ᠲᠣᠯᠣᠭᠠᠢ 
ᠰᠢᠨ᠎ᠡ ᠡᠷᠢᠨ ᠢ᠋ ᠳᠠᠭᠤᠯᠤᠭᠰᠠᠨ ᠮᠥᠰᠥᠨ ᠴᠠᠰᠤᠨ ᠮᠠᠯᠠᠭᠠᠢ 
ᠰᠢᠵᠢᠷ ᠴᠠᠭᠠᠨ ᠠᠯᠲᠠᠢ ᠶ᠋ᠢᠨ ᠤᠨᠠᠭᠠᠨ ᠪᠦᠰᠡᠭᠦᠢ ᠶ᠋ᠢ ᠳᠠᠭᠤᠯᠠᠨᠠᠮ ᠪᠢ! 

ᠴᠡᠷᠢᠭ ᠦ᠋ᠨ ᠱᠤᠭᠤᠮ ᠵᠢᠭᠰᠠᠭᠠᠯ ᠰᠢᠭ᠋ ᠡᠩᠨᠡᠭᠡ ᠵᠢᠭᠳᠡᠷᠡᠬᠦ ᠰᠢᠯᠦᠭ
ᠴᠡᠯᠮᠡᠭ ᠨᠣᠮᠢᠨ ᠲᠩᠷᠢ ᠪᠡᠷ ᠡᠵᠡᠨ ᠢᠶᠠᠨ ᠨᠢᠰᠬᠡᠬᠦ ᠰᠢᠯᠦᠭ
ᠴᠡᠩᠭᠡᠭ ᠬᠠᠷᠠᠬᠠᠨ ᠨᠢᠳᠦᠲᠡᠢ ᠴᠢᠮ᠎ᠠ ᠳ᠋ᠠᠭᠠᠨ ᠪᠠᠷᠢᠬᠤ ᠪᠡᠯᠡᠭ ᠯᠡ —
ᠴᠡᠴᠡᠨ ᠮᠡᠷᠭᠡᠨ ᠣᠶᠤᠨ ᠳ᠋ᠤ᠌ ᠴᠢᠨᠢ᠂ ᠮᠢᠨᠦ ᠦᠭᠡ ᠶ᠋ᠢ ᠬᠡᠯᠡᠭ!

ᠠᠯᠤᠰ ᠪᠠᠷᠠᠭᠤᠨ ᠬᠢᠵᠠᠭᠠᠷ ᠲᠤ᠌
ᠠᠯᠲᠠᠢ ᠶ᠋ᠢᠨ ᠰᠦᠷᠯᠢᠭ ᠨᠢᠷᠤᠭᠤᠳ ᠯᠠ᠁
ᠠᠯᠲᠠᠢ ᠶ᠋ᠢᠨ ᠰᠡᠷᠢᠭᠦᠨ ᠬᠣᠷᠮᠣᠢ ᠳ᠋ᠤ᠌
ᠠᠶ᠎ᠠ᠂ ᠮᠢᠨᠦ ᠮᠥᠷᠥᠭᠡᠳᠦᠯ!

ᠤᠤᠭᠠᠨ ᠳᠠᠭᠤᠯᠠᠯ

ᠠᠭᠤᠯᠵᠠᠯ ᠦᠭᠡᠢ ᠪᠢᠳᠡ᠂ ᠬᠣᠯᠠ ᠬᠥᠨᠳᠡᠢᠷᠡᠵᠦ ᠣᠪᠣᠭ᠎ᠠ ᠤᠳᠠᠯ᠎ᠠ
ᠤᠷᠭᠤᠮᠠᠯ ᠨᠣᠭᠣᠭ᠎ᠠ᠂ ᠳᠣᠯᠣᠭ᠎ᠠ ᠳᠡᠯᠭᠡᠷᠡᠵᠦ ᠳᠣᠯᠣᠭ᠎ᠠ ᠭᠠᠩᠳᠠᠯ᠎ᠠ
ᠠᠭᠤᠯᠠ ᠣᠯᠠᠨ ᠢ᠋ ᠭᠡᠲᠦᠯᠦᠭᠦᠯᠵᠦ᠂ ᠤᠰᠤ ᠣᠯᠠᠨ ᠢ᠋ ᠭᠠᠲᠤᠯᠤᠭᠤᠯᠵᠤ
ᠤᠶᠠᠬᠠᠨ ᠬᠣᠩᠭᠣᠷ ᠨᠠᠢᠵᠠ ᠳ᠋ᠠᠭᠠᠨ᠂ ᠤᠤᠭᠠᠨ ᠳᠠᠭᠤᠯᠠᠯ ᠢ᠋ᠶ᠋ᠠᠨ ᠳᠤᠷᠠᠰᠬᠠᠶ᠎ᠠ

ᠬᠦᠯᠦᠭ ᠮᠣᠷᠢᠳ ᠤ᠋ᠨ ᠮᠢᠨᠢ ᠲᠤᠭᠤᠷᠠᠢ ᠪᠥᠮᠪᠥᠷ ᠰᠢᠭ ᠨᠢᠵᠢᠭᠢᠨᠡᠬᠦ ᠲᠠᠯ᠎ᠠ ᠪᠠᠷ
ᠰᠢᠯᠦᠭ ᠮᠥᠷᠥᠭᠡᠳᠦᠯ ᠦ᠋ᠨ ᠮᠢᠨᠢ ᠴᠤᠤᠷᠢᠶ᠎ᠠ᠂ ᠪᠠᠮᠪᠠᠷ ᠰᠢᠭ᠋ ᠭᠡᠷᠡᠯᠲᠦᠨ ᠳᠡᠭᠦᠯᠢᠭᠡᠴᠢ!
ᠡᠭᠦᠯᠡ ᠨᠢ ᠦᠭᠡᠢ ᠲᠩᠷᠢ ᠶ᠋ᠢᠨ᠂ ᠬᠥᠮᠦᠨ ᠦ᠌ ᠰᠡᠳᠬᠢᠯ ᠰᠢᠭ ᠠᠭᠤᠳᠠᠮ ᠮᠠᠨᠳᠠᠯ ᠢ᠋ᠶ᠋ᠠᠷ
ᠦᠷ ᠦ᠋ᠨ ᠲᠤᠶᠠᠭ᠎ᠠ ᠲᠡᠷᠢᠭᠦᠯᠡᠨ ᠲᠤᠰᠬᠤ ᠠᠯᠲᠠᠢ ᠬᠠᠨ ᠢ᠋ ᠳᠠᠭᠤᠯᠠᠭᠠᠴᠢ!

ᠠᠯᠲᠠᠢ— ᠴᠠᠢᠳᠠᠮ ᠡᠬᠡ ᠨᠤᠲᠤᠭ ᠤ᠋ᠨ ᠮᠢᠨᠢ ᠮᠥᠩᠭᠥᠨ ᠳᠠᠭᠢᠨᠢ
ᠠᠯᠲᠠᠢ— ᠴᠠᠭ ᠤ᠋ᠨ ᠬᠠᠷᠠᠭᠤᠯ ᠳ᠋ᠤ᠌ ᠵᠣᠭᠰᠣᠭᠰᠠᠨ ᠮᠥᠩᠬᠡ ᠶ᠋ᠢᠨ ᠪᠠᠭᠠᠨ᠎ᠠ
ᠠᠯᠲᠠᠢ— ᠮᠣᠩᠭᠣᠯ ᠨᠢᠰᠬᠡᠭᠴᠢ ᠶ᠋ᠢ ᠰᠢᠯᠭᠠᠭᠰᠠᠨ ᠶᠣᠰᠣᠯᠠᠯ ᠤ᠋ᠨ ᠬᠠᠭᠠᠯᠭ᠎ᠠ
ᠠᠯᠲᠠᠢ— ᠮᠣᠩᠭᠣᠯ ᠳᠠᠭᠤᠤ ᠳ᠋ᠤ᠌ ᠤᠶᠠᠷᠠᠭᠰᠠᠨ ᠪᠠᠭᠠᠲᠤᠷ ᠤ᠋ᠨ ᠳᠤᠭᠤᠯᠠᠭ᠎ᠠ!

ᠬᠠᠨ ᠪᠤᠭᠤᠷᠤᠯ ᠴᠢᠨᠦ ᠬᠤᠭᠤᠷ ᠤ᠋ᠨ ᠮᠥᠩᠭᠥᠨ ᠤᠲᠠᠰᠤ
ᠬᠠᠯᠢᠯ ᠥᠨᠳᠥᠷ ᠡᠴᠡ ᠪᠠᠭᠤᠭᠰᠠᠨ ᠪᠤᠤᠷ᠎ᠠ ᠶ᠋ᠢᠨ ᠠᠳᠠᠯᠢ ᠮᠥᠷᠡᠨ ᠢ᠋ᠶ᠋ᠡᠷ
ᠬᠠᠳᠠᠨ ᠬᠥᠷᠥᠰᠥ ᠪᠡᠨ ᠤᠮᠳᠠᠭᠠᠯᠠᠭᠰᠠᠨ ᠠᠺ ᠴᠣᠯᠫᠠᠨ ᠤ᠋ ᠨᠤᠲᠤᠭ—
ᠬᠠᠢᠷ᠎ᠠ ᠶ᠋ᠢᠨ ᠡᠨᠡ ᠳᠠᠭᠤᠤ ᠶ᠋ᠢ ᠵᠣᠷᠢᠭᠤᠯᠤᠭᠰᠠᠨ ᠺᠠᠽᠠᠭ ᠲᠦᠮᠡᠨ ᠢ᠋ ᠳᠠᠭᠤᠯᠠᠶ᠎ᠠ

ᠣᠷᠣᠭᠰᠠᠨ ᠭᠡᠢᠴᠢᠨ ᠪᠦᠬᠦᠨ ᠳ᠋ᠦ᠍᠂ ᠥᠨᠳᠥᠷ ᠭᠡᠷ ᠨᠢ ᠵᠠᠢ ᠲᠠᠢ
ᠣᠢᠷ᠎ᠠ ᠬᠣᠯᠠ ᠦᠭᠡᠢ ᠵᠣᠴᠢᠯᠠᠳᠠᠭ ᠥᠳᠬᠡᠨ ᠰᠢᠷᠭᠠᠯ ᠴᠠᠢ ᠲᠠᠢ
ᠣᠨᠳᠣᠣ ᠵᠠᠩᠰᠢᠯ ᠪᠠᠢᠳᠠᠯᠲᠤ ᠡᠨᠡ ᠬᠦ᠌ ᠲᠦᠮᠡᠨ ᠦ᠌ ᠳᠤᠮᠳᠠ
ᠥᠬᠢᠨ ᠬᠣᠩᠭᠣᠷ ᠲᠠᠨᠢᠯ ᠮᠢᠨᠢ ᠨᠢᠭᠡ ᠶ᠋ᠢᠨ ᠵᠡᠷᠭᠡᠬᠡᠨ ᠪᠣᠢ!

ᠲᠡᠷᠡ᠄

ᠭᠦᠨ ᠬᠠᠷᠠᠬᠠᠨ ᠨᠢᠳᠦᠨ ᠳ᠋ᠦ᠍ᠨᠢ ᠬᠣᠷᠢᠳᠠᠬᠢ ᠵᠠᠭᠤᠨ ᠭᠡᠢᠭᠰᠡᠨ
ᠬᠥᠯᠵᠠᠭᠠᠨ ᠭᠡᠳᠡᠭ ᠨᠡᠷ᠎ᠡ ᠲᠡᠢ᠂ ᠬᠠᠰᠠᠭ ᠪᠦᠰᠡᠭᠦᠢ ᠪᠢᠯᠡ
ᠬᠥᠯ- ᠵᠠᠭᠠᠨ ᠭᠡᠵᠦ ᠮᠣᠩᠭᠣᠯ ᠢ᠋ᠶ᠋ᠠᠷ 《ᠰᠢᠨ᠎ᠡ ᠴᠡᠴᠡᠭ》 ᠭᠡᠰᠡᠨ
ᠬᠥᠯᠵᠠᠭᠠᠨ ᠭᠡᠵᠦ ᠮᠢᠨᠦ ᠴᠢᠩ ᠬᠠᠢᠷᠠᠲᠠᠨ ᠪᠢᠯᠡ!

ᠬᠠᠭᠤᠴᠢᠨ ᠴᠠᠭ ᠢ᠋ᠶ᠋ᠠᠷ ᠬᠠᠰᠠᠭ ᠤ᠋ᠨ ᠬᠤᠪᠢ ᠦᠭᠡᠢ ᠲᠣᠺᠡᠯ ᠭᠡᠭᠳᠡᠬᠦ
ᠬᠣᠲᠠ ᠶ᠋ᠢᠨ ᠭᠡᠷ ᠦ᠋ᠨ ᠡᠭᠦᠳᠡᠨ ᠳ᠋ᠦ᠍ ᠰᠡᠥ᠋ᠺᠸᠯ ᠡᠮᠦᠰᠦᠭᠰᠡᠨ ᠰᠥᠭᠥᠳᠬᠦ
ᠤᠷᠲᠤ ᠦᠰᠦᠨ ᠳᠤᠮᠳᠠ ᠨᠢ ᠮᠥᠩᠭᠥᠨ ᠴᠣᠯᠫ ᠰᠢᠭᠢᠳᠬᠦ 
ᠠᠭᠤᠷᠲᠤ ᠪᠠᠢ— ᠪᠠᠱ᠌ᠢ ᠳ᠋ᠤ᠌ ᠵᠠᠩᠨᠠᠭᠤᠯᠬᠤ ᠮᠥᠷᠥᠢ ᠲᠠᠯᠪᠢᠭᠰᠠᠨ ᠨᠠᠰᠤᠨ ᠳ᠋ᠠᠭᠠᠨ

ᠰᠢᠨ᠎ᠡ ᠴᠠᠭ ᠤ᠋ᠨ ᠠᠭᠠᠷ ᠲᠤ᠌ ᠴᠡᠭᠡᠵᠢ ᠲᠡᠨᠢᠭᠡᠷ ᠥᠰᠴᠦ
ᠰᠢᠨᠵᠢᠯᠡᠬᠦ ᠤᠬᠠᠭᠠᠨ ᠤ᠋ ᠲᠠᠯᠠᠪᠤᠷ ᠲᠤ᠌ ᠴᠢᠮᠡᠭ ᠵᠡᠭᠦᠯᠲᠡ ᠦᠭᠡᠢ ᠥᠨᠳᠡᠢᠵᠦ
ᠰᠢᠯᠢ ᠭᠠᠵᠠᠷ ᠤ᠋ᠨ ᠥᠨᠳᠥᠷ ᠡᠴᠡ ᠳᠣᠷᠣᠨ᠎ᠠ ᠶ᠋ᠢᠨ ᠲᠠᠯ᠎ᠠ ᠳ᠋ᠤ᠌ ᠮᠢᠨᠢ ᠵᠣᠴᠢᠯᠠᠨ
ᠰᠢᠩᠭᠡᠨ ᠴᠡᠩᠭᠡᠯ ᠳᠠᠭᠤᠤ ᠪᠠᠨ ᠳᠠᠭᠤᠯᠠᠨ ᠳᠠᠰᠤᠭᠰᠠᠨ ᠬᠥᠯᠵᠠᠭᠠᠨ!

《 ᠮᠥᠩᠭᠥᠨ ᠤᠲᠠᠰᠤ ᠰᠢᠭ᠋ ᠤᠶᠠᠨ ᠴᠡᠮᠴᠡᠭᠡᠷ ᠪᠡᠶ᠎ᠡ ᠪᠡᠷ ᠢ᠋ᠶ᠋ᠡᠨ
ᠮᠥᠩᠬᠡ ᠶ᠋ᠢᠨ ᠢᠷᠦᠭᠡᠯᠲᠦ ᠡᠳᠦᠷ ᠢ᠋ᠶ᠋ᠡᠨ ᠣᠯᠵᠤ ᠲᠥᠷᠥᠭᠰᠡᠨ ᠠᠺᠳᠠᠮ᠎ᠠ》 ᠰᠢᠭ᠋
ᠮᠥᠷᠥ ᠵᠡᠷᠭᠡᠴᠡᠭᠰᠡᠨ ᠵᠠᠯᠠᠭᠤᠰ ᠤ᠋ᠨ ᠥᠷᠭᠡᠨ ᠡᠩᠨᠡᠭᠡᠨ ᠳ᠋ᠦ᠍ ᠪᠠᠭᠲᠠᠵᠤ
ᠮᠥᠰᠥᠨ ᠭᠣᠣᠯ ᠢ᠋ ᠪᠣᠭᠣᠯᠴᠠᠬᠤ ᠠᠵᠠᠲᠠᠢ ᠲᠥᠷᠥᠭᠰᠡᠨ ᠬᠥᠯᠵᠠᠭᠠᠨ ᠮᠢᠨᠢ!

ᠤᠯᠠᠭᠠᠨ ᠵᠢᠷᠦᠬᠡ ᠶ᠋ᠢ ᠪᠤᠯᠭᠢᠭᠤᠯᠵᠤ᠂ ᠬᠣᠷᠣᠮ ᠤ᠋ᠨ ᠲᠡᠳᠦᠢ ᠰᠠᠢᠨ ᠲᠥᠷᠥᠭᠰᠡᠨ ᠴᠦ᠍
ᠤᠬᠠᠭᠠᠨ ᠪᠣᠳᠣᠯ ᠢ᠋ ᠳᠣᠷᠭᠢᠭᠤᠯᠵᠤ᠂ ᠬᠣᠷᠢᠨ ᠨᠠᠰᠤ ᠪᠠᠷ ᠲᠥᠷᠥᠭᠰᠡᠨ ᠴᠦ᠍
ᠤᠷᠤᠭᠤᠯ ᠳᠠᠪᠠᠨ ᠠᠯᠬᠤᠵᠤ᠂ ᠴᠢᠨᠦ ᠰᠣᠨᠣᠷ ᠲᠤ᠌ ᠬᠦᠷᠦᠭᠡ ᠦᠭᠡᠢ
ᠤᠤᠭᠠᠨ ᠬᠠᠢᠷ᠎ᠠ ᠶ᠋ᠢᠨ ᠳᠥᠯᠥ᠂ ᠮᠢᠨᠦ ᠰᠡᠳᠬᠢᠯ ᠳ᠋ᠦ᠍ ᠪᠠᠢᠳᠠᠭ ᠶᠤᠮ!

ᠡᠩᠬᠦᠷᠡᠢᠬᠡᠨ ᠬᠣᠩᠭᠣᠷ ᠬᠥᠯᠵᠠᠭᠠᠨ
ᠮᠢᠨᠦ
ᠡᠬᠡ ᠶ᠋ᠢᠨ ᠢ᠋ᠶ᠋ᠡᠨ ᠰᠣᠳᠣᠨ ᠤᠴᠠᠷᠠᠯ ᠢ᠋
ᠴᠢᠨᠦ

ᠡᠷᠭᠢᠵᠦ ᠨᠢᠭᠡ ᠳᠤᠷᠠᠰᠤᠶ᠎ᠠ᠄ ᠵᠤᠨ ᠤ᠋ ᠦᠳᠡᠰᠢ ᠳᠤᠯᠠᠭᠠᠬᠠᠨ
ᠡᠬᠡ ᠨᠤᠲᠤᠭ ᠤ᠋ᠨ ᠴᠢᠨᠢ ᠵᠦᠭ ᠲᠦ᠍᠂ ᠲᠩᠷᠢ ᠶ᠋ᠢᠨ ᠬᠠᠶᠠᠭ᠎ᠠ ᠤᠯᠠᠭᠠᠬᠠᠨ
ᠡᠨᠡᠬᠡᠨ ᠪᠠᠢᠳᠠᠯ ᠤ᠋ᠨ ᠳᠤᠮᠳᠠ ᠮᠢᠨᠦ ᠨᠢᠳᠦ ᠶ᠋ᠢ ᠪᠤᠯᠢᠶᠠᠭᠰᠠᠨ
ᠡᠩᠬᠦᠷᠡᠢ ᠴᠢᠮ᠎ᠠ ᠲᠠᠢ ᠪᠢ᠂ ᠪᠥᠮᠪᠥᠭᠡ ᠲᠣᠭᠯᠠᠵᠤ ᠲᠠᠨᠢᠯᠴᠠᠭᠰᠠᠨ

ᠲᠣᠷᠭᠠᠨ ᠪᠡᠭᠡᠯᠡᠢᠲᠦ ᠮᠣᠳᠣᠷ ᠢ᠋ᠶ᠋ᠠᠷ ᠴᠢᠨᠢ ᠴᠣᠬᠢᠭᠤᠯᠵᠤ ᠢᠷᠡᠭᠰᠡᠨ ᠪᠥᠮᠪᠥᠭᠡ
ᠲᠣᠭᠠᠲᠠᠢ ᠬᠣᠨᠣᠭ ᠤ᠋ᠨ ᠦᠢᠯᠡ ᠪᠡᠷ ᠴᠣᠬᠣᠭᠤᠯᠵᠤ ᠢᠷᠡᠭᠰᠡᠨ ᠶᠦ᠍ᠮ ᠰᠢᠭ
ᠲᠣᠣᠷ ᠤ᠋ᠨ ᠬᠡᠴᠡᠨ ᠳᠡᠭᠡᠭᠦᠷ ᠴᠣᠬᠢᠯᠠᠵᠤ ᠨᠠᠳᠠ ᠳ᠋ᠤ᠌ ᠲᠤᠰᠤᠭᠰᠠᠨ ᠰᠠᠨ
ᠲᠣᠭᠯᠠᠭᠠᠮ ᠤ᠋ᠨ ᠪᠥᠮᠪᠥᠭᠡ ᠰᠢᠭ ᠢ᠋ᠶ᠋ᠡᠨ ᠴᠦᠢᠯᠡᠵᠦ ᠬᠢᠰᠠᠭᠰᠠᠨ ᠰᠠᠨ᠃

ᠨᠠᠮ ᠲᠠᠢᠪᠤᠩ ᠬᠡᠷᠦᠯᠦᠨ ᠦ᠌ ᠠᠯᠠᠭ ᠲᠡᠷᠯᠡᠨ ᠬᠥᠨᠳᠡᠢ ᠪᠡᠷ
ᠨᠠᠮᠤᠭ ᠤ᠋ᠨ ᠰᠢᠪᠠᠭᠤ ᠭᠠᠩᠭᠠᠨᠠᠬᠤ᠂ ᠠᠳᠠᠭ ᠰᠠᠷ᠎ᠠ ᠶ᠋ᠢᠨ ᠪᠦᠷᠦᠢ ᠪᠡᠷ 
ᠨᠠᠮᠠᠶ᠋ᠢ ᠴᠢᠮᠠᠶ᠋ᠢ ᠴᠠᠴᠤᠷᠠᠭᠠᠭᠰᠠᠨ ᠠᠮᠠᠷᠠᠭ ᠰᠠᠯᠬᠢᠨ ᠦᠯᠢᠶᠡᠭᠰᠡᠭᠡᠷ
ᠨᠠᠰᠤᠨ ᠪᠠᠭᠠᠬᠠᠨ ᠵᠢᠷᠦᠬᠡᠨ ᠳ᠋ᠦ᠍ ᠮᠢᠨᠢ ᠤᠷᠬᠠᠭ ᠰᠠᠭᠤᠭᠰᠠᠨ ᠢ᠋ ᠮᠡᠳᠡᠭᠰᠡᠨ ᠦᠦ?

ᠠᠶ᠎ᠠ᠂ ᠬᠥᠯᠵᠠᠭᠠᠨ!
ᠠᠯᠠᠭᠬᠠᠨ ᠨᠢᠳᠦᠨ ᠬᠥᠯᠵᠠᠭᠠᠨ!
ᠠᠮᠢᠩᠬᠠᠨ ᠰᠤᠳᠠᠰᠤᠨ ᠤ᠋ ᠰᠦᠯᠵᠢᠶ᠎ᠡ
ᠠᠮᠠᠷᠠᠭᠬᠠᠨ ᠴᠢ ᠮᠢᠨᠢ ᠬᠠᠮᠢᠭ᠎ᠠ ᠪᠠᠢᠨ᠎ᠠ?

ᠠᠮᠠᠨ ᠦᠯᠢᠭᠡᠷ ᠦ᠋ᠨ ᠺᠦᠦᠵᠢ ᠰᠢᠭ ᠠᠯᠲᠠᠢ ᠶ᠋ᠢᠨ ᠰᠢᠷᠤᠢᠨ᠎ᠠ ᠤᠨᠠᠭᠰᠠᠨ
ᠠᠮᠤᠭᠤᠯᠠᠩ ᠲᠣᠯᠪᠣ ᠶ᠋ᠢᠨ ᠤᠰᠤ ᠪᠠᠷ ᠠᠷᠢᠭᠤᠨ ᠪᠡᠶ᠎ᠡ ᠪᠡᠨ ᠤᠬᠢᠶᠠᠭᠰᠠᠨ
ᠠᠨᠢ— ᠠᠫᠠ ᠶ᠋ᠢᠨ ᠡᠪᠦᠷ ᠳᠡᠭᠡᠷ᠎ᠡ ᠠᠨᠠᠷ ᠤ᠋ᠨ ᠮᠣᠳᠣ ᠰᠢᠭ᠋ ᠤᠷᠭᠤᠭᠰᠠᠨ
ᠠᠯᠳᠠᠩᠬᠠᠨ ᠬᠠᠷᠢᠶᠠᠴᠠᠢ ᠭᠥᠯᠵᠠᠭᠠᠨ᠂ ᠠᠯᠢᠬᠠᠨ ᠭᠠᠵᠠᠷ ᠶᠠᠪᠤᠨᠠᠮ ᠪᠣᠢ?

ᠤᠳᠠᠭᠠᠬᠢ ᠳᠠᠭᠤᠯᠠᠯ

ᠠᠮᠠᠨ ᠦᠯᠢᠭᠡᠷ ᠺᠦᠦᠵᠢ ᠰᠢᠭ ᠠᠯᠲᠠᠢ ᠶ᠋ᠢᠨ ᠰᠢᠷᠤᠢᠨ᠎ᠠ ᠤᠨᠠᠭᠰᠠᠨ
ᠠᠮᠤᠭᠤᠯᠠᠩ ᠲᠣᠯᠪᠣ ᠶ᠋ᠢᠨ ᠤᠰᠤ ᠪᠠᠷ ᠠᠷᠢᠭᠤᠨ ᠪᠡᠶ᠎ᠡ ᠪᠡᠨ ᠤᠬᠢᠶᠠᠭᠰᠠᠨ
ᠠᠨᠢ— ᠠᠫᠠ ᠶ᠋ᠢᠨ ᠡᠪᠦᠷ ᠳᠡᠭᠡᠷ᠎ᠡ ᠠᠨᠠᠷ ᠤ᠋ᠨ ᠮᠣᠳᠣ ᠰᠢᠭ᠋ ᠤᠷᠭᠤᠭᠰᠠᠨ
ᠠᠯᠳᠠᠩᠬᠠᠨ ᠬᠠᠷᠢᠶᠠᠴᠠᠢ ᠬᠥᠯᠵᠠᠭᠠᠨ᠂ ᠠᠯᠢᠬᠠᠨ ᠭᠠᠵᠠᠷ ᠶᠠᠪᠤᠨᠠᠮ ᠪᠣᠢ?

ᠬᠠᠯᠠᠭᠤᠨ ᠵᠤᠨ ᠤ᠋ ᠲᠩᠷᠢ ᠳ᠋ᠦ᠍᠂ ᠡᠭᠦᠯᠡᠰ ᠴᠢᠭᠤᠯᠭᠠᠨ ᠪᠠᠷᠠᠭᠠᠳᠠᠭᠰᠠᠨ
ᠬᠠᠨ ᠠᠯᠲᠠᠢ ᠶ᠋ᠢᠨ ᠬᠣᠷᠮᠣᠢ ᠳ᠋ᠠᠭᠠᠨ ᠳᠠᠭᠤᠯᠠᠵᠤ ᠶᠠᠪᠤᠨ᠎ᠠ ᠤᠤ᠂ ᠬᠥᠯᠵᠠᠭᠠᠨ?
ᠬᠠᠷ᠎ᠠ ᠰᠠᠢᠬᠠᠨ ᠨᠢᠳᠦ ᠶ᠋ᠢ ᠴᠢᠨᠢ ᠮᠠᠷᠲᠠᠯ ᠦᠭᠡᠢ ᠮᠥᠷᠥᠭᠡᠳᠦᠭᠰᠡᠨ
ᠬᠠᠯᠬ᠎ᠠ ᠶ᠋ᠢᠨ ᠬᠦᠦ ᠶ᠋ᠢᠨ ᠲᠤᠬᠠᠢ ᠳᠤᠷᠠᠰᠴᠤ ᠶᠠᠪᠤᠨ᠎ᠠ ᠤᠤ᠂ ᠬᠥᠯᠵᠠᠭᠠᠨ?

ᠵᠤᠨ ᠤ᠋ ᠪᠣᠭᠣᠨᠢ ᠰᠥᠨᠢ ᠶ᠋ᠢᠨ ᠵᠡᠭᠦᠳᠦᠨ ᠳᠤᠮᠳᠠ ᠮᠢᠨᠢ ᠡᠰᠡ ᠴᠦ᠍
ᠵᠤᠯᠠ ᠰᠠᠷ᠎ᠠ ᠶ᠋ᠢᠨ ᠳ᠋ᠧᠩᠯᠦ ᠰᠢᠭ ᠵᠢᠷᠦᠬᠡᠨ ᠳᠤᠮᠳᠠ ᠴᠢᠨᠢ ᠪᠢᠰᠢ ᠴᠦ᠍ 
ᠵᠤᠭᠠᠯᠠᠵᠤ ᠶᠠᠪᠤᠭᠰᠠᠨ ᠲᠤᠬᠠᠢ ᠬᠠᠶᠠ ᠳᠤᠷᠠᠰᠬᠤ ᠴᠠᠭ ᠲᠤ᠌ ᠴᠢᠨᠢ
ᠵᠢᠷᠤᠭ ᠮᠡᠲᠦ ᠲᠣᠳᠣᠬᠠᠨ᠂ ᠬᠠᠳᠠᠨ ᠴᠣᠬᠢᠶ᠎ᠠ ᠦᠵᠡᠭᠳᠡᠨ᠎ᠡ ᠦᠦ?

ᠬᠠᠢᠷ᠎ᠠ ᠶ᠋ᠢᠨ ᠨᠢᠭᠤᠴᠠᠬᠠᠨ ᠰᠡᠳᠬᠢᠯ ᠳ᠋ᠦ᠍ ᠰᠣᠭᠲᠣᠭᠤ ᠶᠤᠮ ᠰᠢᠭ᠋ ᠡᠷᠭᠦᠭᠳᠡᠵᠦ
ᠬᠠᠳᠠᠨ ᠴᠣᠬᠢᠶᠠᠨ ᠳ᠋ᠤ᠌ ᠠᠪᠠᠷᠢᠭᠰᠠᠭᠠᠷ ᠬᠠᠯᠲᠤᠷᠢᠵᠤ ᠤᠨᠠᠭᠰᠠᠨ ᠢ᠋ᠶ᠋ᠠᠨ ᠪᠣᠳᠣᠵᠤ ᠪᠠᠢᠨ᠎ᠠ ᠪᠢ
ᠬᠠᠯᠠᠭᠤᠨ ᠨᠢᠷᠤᠭᠤᠨ ᠳ᠋ᠤ᠌ ᠴᠢᠨᠢ ᠡᠭᠦᠷᠦᠭᠦᠯᠦᠨ ᠨᠡᠮᠨᠡᠯᠭᠡ ᠶ᠋ᠢᠨ ᠭᠠᠵᠠᠷ ᠬᠦᠷᠭᠡᠭᠳᠡᠭᠰᠡᠨ
ᠬᠠᠭᠠᠰ ᠬᠣᠨᠣᠭ ᠤ᠋ᠨ ᠳᠠᠷᠠᠭ᠎ᠠ ᠤᠬᠠᠭᠠᠨ ᠣᠷᠣᠭᠰᠠᠨ ᠢ᠋ᠶ᠋ᠠᠨ ᠰᠠᠨᠠᠵᠤ ᠪᠠᠢᠨ᠎ᠠ ᠪᠢ!

ᠰᠠᠨᠠᠵᠤ ᠶᠠᠷᠢᠬᠤ ᠠ᠋ᠴᠠ ᠢᠯᠡᠭᠦᠦ᠂ ᠣᠯᠠᠨ ᠮᠥᠷ ᠢ᠋ ᠦᠯᠡᠳᠡᠭᠡᠭᠰᠡᠨ
ᠰᠠᠮᠨᠠᠵᠤ ᠤᠷᠭᠤᠭᠤᠯᠤᠭᠰᠠᠨ ᠦᠰᠦ ᠪᠡᠷ ᠤᠯᠠᠭᠠᠨ ᠰᠣᠷᠪᠢ ᠪᠠᠨ ᠪᠦᠲᠡᠭᠡᠭᠰᠡᠨ
ᠰᠠᠭᠰᠠᠭᠤ ᠵᠠᠯᠠᠭᠤ ᠨᠠᠰᠤᠨ ᠤ᠋ ᠮᠢᠨᠢ ᠪᠠᠷᠠᠭᠠᠨ ᠲᠣᠯᠣᠭᠠᠢ ᠳᠣᠲᠣᠷ᠎ᠠ
ᠰᠠᠢᠨ ᠰᠠᠢᠬᠠᠨ ᠳᠤᠷᠠᠳᠬᠠᠯ᠂ ᠪᠠᠶᠠᠷ ᠭᠤᠨᠢᠭ ᠳᠦᠭᠦᠷᠡᠩ ᠪᠠᠢᠨ᠎ᠠ᠃

ᠤᠲᠤᠭ᠎ᠠ ᠲᠣᠭᠣᠰᠣ ᠳᠠᠷᠤᠭᠰᠠᠨ ᠠᠵᠢᠯᠴᠢᠨ ᠬᠦᠦ ᠶ᠋ᠢᠨ ᠵᠢᠷᠦᠬᠡᠨ ᠳ᠋ᠦ᠍
ᠤᠯᠠᠭᠠᠬᠠᠨ ᠣᠴᠢ ᠦᠰᠦᠷᠬᠦ ᠶ᠋ᠢ ᠠᠵᠢᠭᠯᠠᠵᠤ ᠴᠢ ᠮᠡᠳᠡᠭᠡ ᠦᠭᠡᠢ ᠴᠦ᠍
ᠠᠭᠤᠷᠬᠠᠢᠴᠢ ᠠᠬ᠎ᠠ ᠶ᠋ᠢᠨ ᠳ᠋ᠡᠭᠡᠨ ᠢᠷᠡᠭᠰᠡᠨ ᠠᠮᠠᠷᠠᠯᠲᠠ ᠪᠠᠨ ᠳᠠᠭᠤᠰᠬᠤ ᠲᠡᠷᠡᠬᠡᠨ ᠳ᠋ᠦ᠍
ᠤᠴᠢᠷ ᠶᠡᠬᠡᠲᠡᠢ ᠬᠠᠷᠠᠴᠠ ᠪᠠᠷ ᠰᠢᠷᠲᠡᠨ ᠦᠯᠡᠳᠡᠬᠦ ᠶ᠋ᠢ ᠮᠢᠨᠢ ᠦᠵᠡᠭᠰᠡᠨ ᠴᠢ!

ᠳᠡᠯᠦᠮᠡᠨ ᠵᠢᠷᠣᠭ᠎ᠠ ᠮᠣᠷᠢᠨ ᠤ᠋ ᠵᠢᠭᠳᠡ ᠳᠥᠷᠪᠡᠨ ᠲᠤᠭᠤᠷᠠᠢ ᠰᠢᠭ᠋
ᠲᠡᠷᠡ ᠡᠳᠦᠷ ᠡᠴᠡ ᠬᠣᠢᠰᠢᠬᠢ ᠵᠢᠯ ᠰᠠᠷ᠎ᠠ ᠶ᠋ᠢᠨ ᠤᠷᠤᠰᠬᠠᠯ
ᠳᠡᠯᠢᠵᠦ ᠠᠭᠰᠢᠬᠤ ᠪᠠᠢᠳᠠᠭ ᠵᠢᠷᠦᠬᠡᠨ ᠳ᠋ᠦ᠍ ᠭᠠᠷᠤᠭᠰᠠᠨ ᠴᠤᠤᠷᠢᠶ᠎ᠠ ᠰᠢᠭ᠋
ᠲᠡᠨᠡᠭ ᠪᠠᠭ᠎ᠠ ᠶ᠋ᠢᠨ ᠰᠡᠳᠬᠢᠯ ᠢ᠋ ᠴᠣᠴᠢᠭᠠᠵᠤ ᠥᠭᠭᠦᠭᠰᠡᠨ ᠳᠤᠷᠠᠰᠬᠠᠯ

ᠡᠨᠡᠬᠡᠨ ᠰᠣᠷᠪᠢᠨ ᠤ᠋ ᠴᠠᠭᠠᠨ᠎ᠠ ᠡᠩᠬᠦᠷᠡᠢ ᠴᠢ ᠮᠢᠨᠢ ᠪᠦᠬᠦᠯᠢ ᠪᠡᠷ ᠢ᠋ᠶ᠋ᠡᠨ
ᠡᠷᠢᠨ ᠦᠶ᠎ᠡ ᠪᠡᠷ ᠵᠠᠯᠠᠭᠤᠵᠢᠭᠰᠠᠨ ᠡᠬᠡ ᠣᠷᠣᠨ ᠮᠢᠨᠢ ᠪᠣᠢᠳᠣᠨ ᠢ᠋ᠶ᠋ᠠᠷ ᠢ᠋ᠶ᠋ᠠᠨ
ᠡᠭᠡᠯᠵᠢ ᠶ᠋ᠢᠨ ᠠᠵᠢᠯ ᠢ᠋ᠶ᠋ᠠᠷ ᠠᠮᠢᠰᠬᠤᠯᠯᠠᠭᠰᠠᠨ ᠦᠢᠯᠡᠳᠪᠦᠷᠢ ᠵᠠᠪᠤᠳ᠋ ᠪᠦᠭᠦᠳᠡ ᠪᠡᠷ ᠢ᠋ᠶ᠋ᠡᠨ
ᠡᠩᠨᠡᠭᠡ ᠡᠩᠨᠡᠭᠡ ᠰᠢᠯᠦᠭ ᠦ᠋ᠨ ᠬᠦᠳᠡᠷ ᠪᠣᠯᠤᠨ ᠴᠣᠭᠴᠠᠯᠠᠵᠤ ᠪᠠᠢᠨ᠎ᠠ!

ᠲᠣᠰᠣᠲᠠᠢ ᠭᠠᠷ ᠤ᠋ᠨ ᠢ᠋ᠶ᠋ᠠᠨ ᠳᠣᠣᠷ᠎ᠠ ᠠ᠋ᠴᠠ ᠣᠳᠣ ᠴᠢᠮᠠᠶ᠋ᠢ ᠳᠤᠷᠠᠰᠴᠤ
ᠲᠣᠯᠣᠭᠠᠢ ᠰᠡᠭᠦᠯ ᠨᠡᠢᠯᠡᠭᠰᠡᠨ ᠮᠣᠩᠭᠣᠯ ᠰᠢᠯᠦᠭ ᠤᠷᠤᠰᠴᠤ
ᠠᠰᠬ᠎ᠠ ᠬᠠᠳᠠᠨ ᠳᠣᠲᠣᠷ᠎ᠠ ᠠ᠋ᠴᠠ ᠠᠯᠲᠠᠨ ᠤ᠋ ᠰᠢᠷᠬᠡᠭ ᠭᠠᠷᠳᠠᠭ ᠰᠢᠭ᠋
ᠠᠵᠢᠯᠴᠢᠨ ᠡᠷ᠎ᠡ ᠶ᠋ᠢᠨ ᠰᠡᠳᠬᠢᠯ ᠡᠴᠡ ᠠᠮᠠᠷᠠᠭ ᠤ᠋ᠨ ᠳᠠᠭᠤᠤ ᠭᠠᠷᠴᠤ ᠪᠠᠢᠨ᠎ᠠ!

ᠥᠷᠭᠡᠨ ᠳᠡᠯᠡᠬᠡᠢ ᠶ᠋ᠢᠨ ᠬᠥᠷᠥᠰᠥᠨ ᠳ᠋ᠦ᠍ ᠵᠠᠯᠠᠭᠤ ᠶᠠᠪᠤᠬᠤ ᠶ᠋ᠢᠨ ᠵᠣᠪᠠᠯᠠᠩ
ᠡᠪᠡᠳᠴᠢᠨ ᠠᠳᠠᠯᠢ ᠲᠣᠰᠳᠠᠭ ᠬᠠᠯᠠᠭᠤᠨ ᠬᠠᠢᠷ᠎ᠠ ᠶ᠋ᠢᠨ ᠲᠠᠪᠢᠯᠠᠩ
ᠥᠪᠡᠷ ᠦ᠋ᠨ ᠪᠡᠶ᠎ᠡ ᠡᠴᠡ ᠬᠡᠲᠦᠷᠡᠭᠡ ᠦᠭᠡᠢ᠂ ᠲᠡᠷᠡ ᠡᠳᠦᠷ ᠦ᠋ᠳ ᠦ᠋ᠨ ᠵᠢᠱ᠌ᠢᠶ᠎ᠡ
ᠥᠨᠥ ᠳᠠᠬᠢᠨ ᠳᠤᠷᠠᠰᠤᠭᠰᠠᠨ ᠮᠢᠨᠢ ᠵᠢᠷ ᠦ᠋ᠨ ᠬᠡᠷᠡᠭ ᠪᠢᠰᠢ ᠠ᠋!

ᠡᠷᠭᠢ ᠱᠠᠩᠳᠠ ᠶ᠋ᠢᠨ ᠬᠥᠪᠡᠭᠡ ᠪᠡᠷ᠂ ᠨᠢᠴᠦᠭᠦᠨ ᠬᠥᠯ ᠢ᠋ᠶ᠋ᠡᠷ ᠤᠷᠤᠯᠳᠤᠵᠤ
ᠡᠷᠢᠶᠡᠨ ᠴᠢᠯᠠᠭᠤ ᠲᠡᠭᠦᠭᠡᠳ ᠭᠡᠷ ᠪᠠᠷᠢᠨ ᠤᠷᠤᠯᠳᠤᠵᠤ
ᠡᠷᠬᠡ ᠲᠣᠮᠣᠭ᠎ᠠ ᠦᠭᠡᠢ ᠨᠠᠢᠵᠠ ᠨᠤᠭᠤᠳ ᠲᠠᠢ ᠴᠠᠮᠴᠠ ᠪᠠᠨ ᠤᠷᠠᠨ ᠪᠠᠷᠢᠯᠳᠤᠵᠤ
ᠡᠨᠳᠡᠵᠦ ᠭᠡᠨᠡᠳᠡᠵᠦ ᠥᠰᠦᠭᠰᠡᠨ ᠴᠠᠢᠳᠠᠮ ᠲᠠᠯ᠎ᠠ ᠶ᠋ᠢᠨ ᠬᠦᠦ ᠪᠢ

ᠪᠠᠭ᠎ᠠ ᠶ᠋ᠢᠨ ᠶᠠᠪᠤᠳᠠᠯ ᠢ᠋ ᠥᠭᠡᠷᠡᠴᠢᠯᠡᠵᠦ ᠬᠥᠯᠵᠠᠭᠠᠨ ᠴᠢᠮᠠᠶ᠋ᠢ ᠬᠠᠷᠠᠬᠤ ᠳ᠋ᠠᠭᠠᠨ
ᠪᠠᠷᠠᠭᠤᠨ ᠬᠢᠵᠠᠭᠠᠷ ᠤ᠋ᠨ ᠲᠤᠬᠠᠢ ᠭᠦᠨ ᠰᠡᠳᠬᠢᠯ ᠲᠥᠷᠥᠬᠦ ᠳ᠋ᠡᠭᠡᠨ
ᠠᠯᠠᠭ ᠨᠢᠳᠦᠨ ᠳ᠋ᠡᠭᠡᠨ ᠢᠲᠡᠭᠡᠭᠰᠡᠨ ᠵᠢᠷ ᠦ᠋ᠨ ᠲᠡᠮᠡᠦᠯᠦᠯ ᠳ᠋ᠦ᠍ ᠣᠷᠣᠬᠤ ᠳ᠋ᠠᠭᠠᠨ
ᠠᠷᠠᠳ ᠠ᠋ᠴᠠ ᠠᠷᠠᠳ ᠲᠤ᠌ ᠳᠤᠷᠠᠯᠠᠭᠰᠠᠨ ᠵᠢᠩᠬᠢᠨᠢ ᠬᠠᠢᠷ᠎ᠠ ᠶ᠋ᠢ ᠤᠬᠠᠭᠠᠷᠠᠭᠰᠠᠨ ᠶᠤᠮ!

ᠴᠠᠭ ᠤ᠋ᠨ ᠰᠠᠭᠠᠬᠠᠯᠲᠠ ᠳ᠋ᠤ᠌ ᠪᠠᠭᠤᠷᠠᠰᠢ ᠦᠭᠡᠢ ᠬᠥᠮᠦᠨ ᠦ᠌ ᠬᠦᠦ ᠶ᠋ᠢᠨ ᠢᠲᠡᠭᠡᠯ
ᠴᠠᠢᠳᠠᠮ ᠲᠠᠯ᠎ᠠ ᠨᠤᠲᠤᠭ ᠲᠤ᠌ ᠮᠢᠨᠢ ᠬᠦᠷᠡᠯ ᠵᠠᠭᠤᠨ ᠠ᠋ᠴᠠ ᠦᠯᠡᠳᠡᠭᠰᠡᠨ ᠶᠦᠮ
ᠴᠠᠭᠠᠰᠤᠨ ᠳ᠋ᠤ᠌ ᠪᠠᠭᠤᠯᠭᠠᠨ ᠪᠢᠴᠢᠭᠰᠡᠨ ᠮᠢᠨᠦ ᠬᠠᠯᠠᠭᠤᠨ ᠰᠡᠳᠬᠢᠯ
ᠴᠠᠰᠤᠲᠤ ᠠᠯᠲᠠᠢ ᠶ᠋ᠢᠨ ᠳᠠᠭᠢᠨᠢ ᠳ᠋ᠤ᠌ ᠰᠥᠶᠦ᠋ᠨ᠋ᠰᠡ ᠪᠣᠯᠭᠠᠨ ᠪᠡᠯᠡᠳᠬᠡᠭᠰᠡᠨ ᠶᠦᠮ!

ᠳᠥᠷᠪᠡᠨ ᠮᠣᠩᠭᠣᠯ ᠬᠢᠮᠤᠷᠠᠵᠤ᠂ ᠬᠥᠯᠬᠢᠵᠦ ᠪᠠᠢᠭᠰᠠᠨ ᠨᠤᠲᠤᠭ ᠢ᠋ᠶ᠋ᠠᠷ
ᠳᠥᠩᠭᠡ ᠵᠡᠭᠦᠭᠰᠡᠨ ᠲᠡᠮᠦᠵᠢᠨ ᠮᠥᠯᠬᠥᠵᠦ ᠶᠠᠪᠤᠭᠰᠠᠨ ᠨᠤᠭᠤ ᠪᠠᠷ
ᠳᠥᠷᠥᠭᠡ ᠭᠥᠯᠢᠮ ᠬᠣᠶᠠᠷ ᠢ᠋ᠶ᠋ᠠᠨ ᠮᠢᠨᠦ ᠡᠴᠢᠭᠡ ᠶ᠋ᠢᠨ ᠡᠯᠡᠭᠡᠭᠰᠡᠨ
ᠳᠥᠴᠢᠨ ᠨᠢᠭᠡᠨ ᠴᠢᠯᠠᠭᠤ ᠪᠠᠷ ᠴᠢᠨᠦ ᠠᠪᠤ ᠶ᠋ᠢᠨ ᠬᠦᠯᠢᠶᠡᠭᠰᠡᠨ

ᠬᠥᠭᠵᠢᠯ ᠦ᠋ᠨ ᠬᠠᠪᠤᠷ ᠢᠷᠡᠯ᠎ᠡ! ᠰᠢᠷᠭᠢᠰᠢ ᠦᠭᠡᠢ ᠨᠠᠷᠠ ᠶ᠋ᠢ ᠭᠠᠷᠭᠠᠯ᠎ᠠ!
ᠬᠥᠯᠥᠰᠥ᠂ ᠴᠢᠰᠤᠲᠠᠢ ᠰᠢᠷᠦᠢᠨ᠎ᠡ ᠰᠢᠨ᠎ᠡ ᠴᠡᠴᠡᠭ ᠤᠷᠭᠤᠯ᠎ᠠ!
ᠬᠥᠳᠡᠭᠡ ᠬᠡᠭᠡᠷ᠎ᠡ ᠶ᠋ᠢᠨ ᠪᠡᠯᠴᠢᠭᠡᠷ ᠲᠦ᠍ ᠬᠤᠳᠳᠤᠭ ᠤ᠋ᠨ ᠰᠡᠩᠰᠡ ᠡᠷᠭᠢᠯ᠎ᠡ!
ᠬᠥᠳᠡᠯᠮᠦᠷᠢ ᠶ᠋ᠢᠨ ᠵᠠᠯᠠᠭᠤ ᠲᠣᠰᠬᠣᠨ ᠳ᠋ᠤ᠌ ᠪᠢ ᠬᠠᠢᠷ᠎ᠠ ᠪᠠᠨ ᠴᠢᠮ᠎ᠠ ᠳ᠋ᠠᠭᠠᠨ ᠡᠷᠭᠦᠯ᠎ᠡ!

ᠥᠷᠭᠡᠨ ᠮᠥᠷᠡᠨ ᠦ᠌ ᠬᠠᠷᠠᠵᠠ ᠰᠢᠭ᠋ ᠮᠣᠢᠯ ᠬᠠᠷᠠᠬᠠᠨ ᠨᠢᠳᠦ ᠪᠡᠷ ᠢ᠋ᠶ᠋ᠡᠷ
ᠥᠨᠳᠥᠷ ᠠᠯᠲᠠᠢ ᠶ᠋ᠢᠨ ᠨᠤᠲᠤᠭ ᠠ᠋ᠴᠠ ᠨᠠᠭᠠᠰᠢ ᠪᠠᠨ ᠬᠠᠷᠠᠭᠠᠴᠢ ᠬᠥᠯᠵᠠᠭᠠᠨ!
ᠡᠪᠴᠢᠭᠦᠦ ᠴᠠᠭᠠᠨ ᠳᠡᠰ ᠦ᠋ᠨ ᠬᠥᠭᠡᠷᠦᠨ ᠨᠢᠰᠬᠦ ᠡᠴᠡ ᠳᠣᠣᠷᠠᠬᠠᠨᠠᠭᠤᠷ
ᠥᠭᠭᠢᠶᠡᠮᠦᠷ ᠪᠠᠶᠠᠨ ᠣᠷᠣᠨ ᠮᠢᠨᠢ ᠬᠥᠬᠡᠷᠡᠩᠬᠡᠨ ᠴᠠᠯᠠᠢᠵᠤ ᠪᠠᠢᠨ᠎ᠠ!

ᠳᠠᠷᠠᠭᠠᠬᠢ ᠳᠠᠭᠤᠯᠠᠯ

ᠥᠷᠭᠡᠨ ᠮᠥᠷᠡᠨ ᠦ᠌ ᠬᠠᠷᠠᠵᠠ ᠰᠢᠭ᠋ ᠮᠣᠢᠯ ᠬᠠᠷᠠᠬᠠᠨ ᠨᠢᠳᠦ ᠪᠡᠷ ᠢ᠋ᠶ᠋ᠡᠷ
ᠥᠨᠳᠥᠷ ᠠᠯᠲᠠᠢ ᠶ᠋ᠢᠨ ᠨᠤᠲᠤᠭ ᠠ᠋ᠴᠠ ᠨᠠᠭᠠᠰᠢ ᠪᠠᠨ ᠬᠠᠷᠠᠭᠠᠴᠢ ᠬᠥᠯᠵᠠᠭᠠᠨ!
ᠡᠪᠴᠢᠭᠦᠦ ᠴᠠᠭᠠᠨ ᠳᠡᠰ ᠦ᠋ᠨ ᠬᠥᠭᠡᠷᠦᠨ ᠨᠢᠰᠬᠦ ᠡᠴᠡ ᠳᠣᠣᠷᠠᠬᠠᠨᠠᠭᠤᠷ
ᠥᠭᠭᠢᠶᠡᠮᠦᠷ ᠪᠠᠶᠠᠨ ᠣᠷᠣᠨ ᠮᠢᠨᠢ ᠬᠥᠬᠡᠷᠡᠩᠬᠡᠨ ᠴᠠᠯᠠᠢᠵᠤ ᠪᠠᠢᠨ᠎ᠠ!

ᠢᠰᠡᠭᠡᠢ ᠬᠦᠷᠢᠶᠡᠨ ᠦ᠌ ᠳᠣᠪᠣᠨ ᠠ᠋ᠴᠠ ᠴᠢᠯᠠᠭᠤᠨ ᠬᠣᠲᠠ ᠰᠦᠨᠳᠡᠷᠯᠡᠵᠦ
ᠡᠯᠡᠰᠦᠨ ᠭᠣᠪᠢ ᠶ᠋ᠢᠨ ᠡᠩᠭᠡᠷ ᠡᠴᠡ ᠨᠧᠹᠲ ᠦ᠋ᠨ ᠴᠠᠮᠬᠠᠭ ᠥᠨᠳᠥᠷᠯᠡᠵᠦ
ᠡᠭᠡᠷᠡᠮ᠎ᠡ ᠲᠠᠯ᠎ᠠ ᠪᠠᠨ ᠪᠢᠳᠡ ᠭᠠᠩ ᠵᠠᠮ ᠢ᠋ᠶ᠋ᠠᠷ ᠱᠤᠭᠤᠮᠳᠠᠵᠤ
ᠡᠩᠬᠡ ᠬᠥᠭᠵᠢᠯ ᠦ᠋ᠨ ᠳ᠋ᠦᠩ ᠢᠶᠠᠨ ᠢᠯᠴᠢᠲᠦ ᠲᠡᠷᠭᠡ ᠪᠡᠷ ᠪᠢᠴᠢᠵᠦ ᠪᠠᠢᠨ᠎ᠠ!

ᠵᠢᠯ ᠦ᠋ᠨ ᠠᠭᠠᠰᠢᠨ ᠳ᠋ᠤ᠌ ᠳᠡᠢᠯᠲᠡᠭᠰᠡᠨ ᠨᠡᠭᠦᠳᠡᠯᠴᠢ ᠠᠷᠠᠳ ᠤ᠋ᠨ ᠨᠡᠷ᠎ᠡ ᠡᠴᠡ
ᠵᠢᠭᠳᠡᠬᠡᠨ ᠵᠠᠯᠠᠭᠤ ᠨᠢᠭᠡᠳᠦᠯ ᠦ᠋ᠳ ᠣᠯᠠᠨ ᠢᠬᠡᠷ᠎ᠡ ᠰᠢᠭ ᠥᠰᠴᠦ ᠪᠠᠢᠨ᠎ᠠ!
ᠵᠢᠩ ᠦ᠋ᠨ ᠳᠠᠭᠠᠭᠠᠮᠠᠯ ᠳ᠋ᠤ᠌ ᠵᠠᠩᠨᠠᠭᠤᠯᠤᠭᠰᠠᠨ ᠬᠥᠲᠥᠴᠢ ᠬᠦᠦ ᠶ᠋ᠢᠨ ᠮᠥᠷ ᠡᠴᠡ
ᠵᠢᠷᠢᠯᠵᠡᠨ ᠭᠠᠷᠤᠭᠰᠠᠨ ᠵᠠᠮ ᠢ᠋ᠶ᠋ᠠᠷ  ᠲᠡᠭᠡᠭᠡᠪᠦᠷᠢ ᠶ᠋ᠢᠨ ᠮᠠᠰᠢᠨ ᠥᠭᠰᠥᠵᠦ ᠪᠠᠢᠨ᠎ᠠ!

ᠰᠢᠨ᠎ᠡ ᠡᠷᠢᠨ ᠢ᠋ ᠡᠪᠦᠷᠯᠡᠭᠰᠡᠨ ᠪᠠᠭᠠᠴᠤᠳ ᠬᠡᠦᠬᠡᠳ ᠦ᠋ᠨ ᠵᠤᠰᠠᠯᠠᠩ ᠲᠠᠢ
ᠰᠢᠨᠡᠰᠦ ᠮᠣᠳᠣᠨ ᠳᠤᠮᠳᠠ ᠨᠢ ᠰᠡᠷᠭᠦᠯᠡᠩ ᠵᠠᠯᠠᠭᠤᠰ ᠤ᠋ᠨ ᠬᠦᠰᠡᠯᠡᠩ ᠲᠡᠢ
ᠰᠢᠯᠢ ᠰᠠᠷᠢᠳᠠᠭ ᠠᠭᠤᠯᠠᠰ ᠢ᠋ ᠮᠢᠨᠢ ᠲᠣᠣᠷ ᠤ᠋ᠨ ᠬᠡᠴᠡ ᠰᠢᠭ ᠳᠠᠪᠠᠵᠤ
ᠰᠢᠳᠡᠵᠦ ᠴᠣᠬᠢᠭᠰᠠᠨ ᠪᠥᠮᠪᠥᠭᠡ ᠰᠢᠭ ᠬᠤᠷᠳᠤᠨ ᠣᠩᠭᠣᠴᠠ ᠨᠢᠰᠬᠦ ᠪᠠᠢᠨ᠎ᠠ

ᠵᠠᠭᠤᠨ ᠵᠠᠭᠤᠨ ᠢ᠋ ᠥᠩᠭᠡᠷᠡᠭᠡᠭᠰᠡᠨ ᠬᠥᠬᠡ ᠲᠩᠷᠢ ᠶ᠋ᠢᠨ ᠢᠶᠠᠨ ᠮᠠᠨᠳᠠᠯ ᠢ᠋ᠶ᠋ᠠᠷ
ᠳᠠᠭᠤᠤ ᠳᠠᠭᠤᠤ ᠶ᠋ᠢᠨ ᠢᠶᠠᠨ ᠳᠡᠭᠡᠵᠢ ᠶ᠋ᠢ ᠳᠤᠷᠠᠰᠬᠠᠨ ᠵᠣᠷᠢᠭᠤᠯᠤᠭᠰᠠᠨ ᠠᠯᠲᠠᠢ ᠤᠷᠤᠭᠤ
ᠳᠠᠭᠤᠴᠢᠨ ᠵᠢᠭᠠᠬᠠᠨ ᠬᠥᠯᠵᠠᠭᠠᠨ ᠤ᠋ ᠪᠠᠨ ᠮᠡᠨᠳᠦᠯᠡᠨ ᠲᠣᠷᠨᠢᠭᠰᠠᠨ ᠨᠤᠲᠤᠭ ᠤᠷᠤᠭᠤ
ᠲᠤᠤᠯᠢᠮ᠎ᠠ ᠲᠠᠯ᠎ᠠ ᠶ᠋ᠢᠨ ᠬᠦᠦ ᠪᠢ᠂ ᠮᠥᠩᠭᠥᠨ ᠣᠩᠭᠣᠴᠠ ᠪᠠᠷ ᠨᠢᠰᠴᠦ ᠪᠠᠢᠨ᠎ᠠ!

ᠰᠠᠢᠬᠠᠨ ᠳᠠᠰᠢᠭᠰᠠᠨ ᠬᠥᠯᠵᠠᠭᠠᠨ ᠤ᠋ ᠮᠢᠨᠢ ᠳᠤᠷᠠᠨ ᠬᠠᠷ᠎ᠠ ᠨᠢᠳᠦ
ᠰᠠᠯ ᠳᠣᠮᠪᠣᠷ ᠤ᠋ᠨ ᠠᠶᠠᠨ ᠳ᠋ᠤ᠌ ᠪᠥᠵᠢᠭᠯᠡᠶ᠎ᠡ ᠭᠡᠵᠦ ᠳᠠᠭᠤᠳᠠᠭᠠᠳ ᠪᠠᠢᠨ᠎ᠠ!
ᠰᠠᠷᠬᠤᠳ ᠨᠠᠩᠴᠢᠳ ᠳᠡᠯᠭᠡᠭᠰᠡᠨ ᠥᠨᠳᠥᠷ ᠭᠡᠷ ᠦ᠋ᠨ ᠬᠢᠨᠢ ᠡᠭᠦᠳᠡ
ᠰᠠᠳᠤᠨ ᠲᠥᠷᠥᠯ ᠦ᠋ᠨ ᠶᠣᠰᠣ ᠪᠠᠷ ᠪᠤᠵᠢᠭᠢᠨᠠᠶ᠎ᠠ ᠭᠡᠵᠦ ᠤᠷᠢᠭᠠᠳ ᠪᠠᠢᠨ᠎ᠠ!

ᠠᠶᠠᠯᠭᠤ ᠰᠠᠢᠬᠠᠨ ᠬᠡᠯᠡ ᠪᠡᠷ ᠨᠢ ᠠᠪᠠᠢ ᠶ᠋ᠢᠨ ᠰᠢᠯᠦᠭ ᠢ᠋ ᠤᠩᠰᠢᠬᠤ ᠭᠡᠵᠦ
ᠠᠭ᠎ᠠ ᠰᠠᠺᠠᠯᠢ ᠶ᠋ᠢᠨ ᠠᠮᠠᠨ ᠠ᠋ᠴᠠ ᠠᠮᠲᠠᠲᠤ ᠳᠣᠮᠣᠭ ᠢ᠋ ᠨᠢ ᠰᠣᠨᠣᠰᠬᠤ ᠭᠡᠵᠦ
ᠠᠵᠢᠯᠰᠠᠭ ᠲᠦᠮᠡᠨ ᠦ᠌ ᠬᠥᠪᠡᠭᠦᠳ ᠲᠡᠢ ᠲᠣᠭᠠᠰ ᠺᠦᠮᠡᠯᠡᠺ ᠨᠠᠭᠠᠳᠬᠤ ᠭᠡᠵᠦ
ᠠᠯᠲᠠᠢ ᠶ᠋ᠢᠨ ᠥᠨᠳᠥᠷ ᠨᠤᠲᠤᠭ ᠥᠭᠡᠳᠡ ᠰᠡᠳᠬᠢᠯ ᠵᠢᠷᠦᠬᠡ ᠮᠢᠨᠢ ᠶᠠᠭᠠᠷᠠᠵᠤ ᠪᠠᠢᠨ᠎ᠠ

ᠬᠦᠯᠦᠭ ᠮᠣᠷᠢᠳ ᠤ᠋ᠨ ᠮᠢᠨᠢ ᠲᠤᠭᠤᠷᠠᠢ ᠪᠥᠮᠪᠥᠷ ᠰᠢᠭ ᠨᠢᠵᠢᠭᠢᠨᠡᠬᠦ ᠲᠠᠯ᠎ᠠ ᠪᠠᠷ
ᠰᠢᠯᠦᠭ ᠮᠥᠷᠥᠭᠡᠳᠦᠯ ᠦ᠋ᠨ ᠮᠢᠨᠢ ᠴᠤᠤᠷᠠᠢ᠂ ᠪᠠᠮᠪᠠᠷ ᠰᠢᠭ᠋ ᠭᠡᠷᠡᠯᠲᠦᠨ ᠳᠡᠭᠦᠯᠢᠭᠡᠴᠢ
ᠡᠭᠦᠯᠡ ᠨᠢ ᠦᠭᠡᠢ ᠲᠩᠷᠢ ᠶ᠋ᠢᠨ ᠬᠥᠮᠦᠨ ᠦ᠌ ᠰᠡᠳᠬᠢᠯ ᠰᠢᠭ ᠠᠭᠤᠵᠢᠮ ᠮᠠᠨᠳᠠᠯ ᠢ᠋ᠶ᠋ᠠᠷ
ᠦᠷ ᠦ᠋ᠨ ᠲᠤᠶᠠᠭ᠎ᠠ ᠲᠡᠷᠢᠭᠦᠯᠡᠨ ᠲᠤᠰᠬᠤ ᠠᠯᠲᠠᠢ ᠬᠠᠨ ᠢ᠋ ᠳᠠᠭᠤᠯᠠᠭᠠᠴᠢ!

ᠠᠯᠲᠠᠢ— ᠴᠠᠢᠳᠠᠮ ᠡᠬᠡ ᠨᠤᠲᠤᠭ ᠤ᠋ᠨ ᠮᠢᠨᠢ ᠮᠥᠩᠭᠥᠨ ᠳᠠᠭᠢᠨᠢ
ᠠᠯᠲᠠᠢ— ᠴᠠᠭ ᠤ᠋ᠨ ᠬᠠᠷᠠᠭᠤᠯ ᠳ᠋ᠤ᠌ ᠵᠣᠭᠰᠤᠭᠰᠠ ᠮᠥᠩᠬᠡ ᠶ᠋ᠢᠨ ᠪᠠᠭᠠᠨ᠎ᠠ!
ᠠᠯᠲᠠᠢ— ᠮᠣᠩᠭᠣᠯ ᠨᠢᠰᠬᠡᠭᠴᠢ ᠶ᠋ᠢ ᠰᠢᠯᠭᠠᠭᠰᠠᠨ ᠶᠣᠰᠣᠯᠠᠯ ᠤ᠋ᠨ ᠬᠠᠭᠠᠯᠭ᠎ᠠ!
ᠠᠯᠲᠠᠢ— ᠮᠣᠩᠭᠣᠯ ᠳᠠᠭᠤᠤ ᠳ᠋ᠤ᠌ ᠤᠶᠠᠷᠠᠭᠰᠠᠨ ᠪᠠᠭᠠᠲᠤᠷ ᠤ᠋ᠨ ᠳᠤᠭᠤᠯᠠᠭ᠎ᠠ!

ᠬᠠᠨ ᠪᠤᠭᠤᠷᠤᠯ ᠴᠢᠨᠦ ᠬᠤᠭᠤᠷ ᠤ᠋ᠨ ᠮᠥᠩᠭᠥᠨ ᠤᠲᠠᠰᠤ—
ᠬᠠᠯᠢᠯ ᠥᠨᠳᠥᠷ ᠡᠴᠡ ᠪᠠᠭᠤᠭᠰᠠᠨ ᠪᠤᠤᠷ᠎ᠠ ᠶ᠋ᠢᠨ ᠠᠳᠠᠯᠢ ᠮᠥᠷᠡᠨ ᠢ᠋ᠶ᠋ᠡᠷ
ᠬᠠᠳᠠᠨ ᠭᠥᠷᠥᠭᠡᠰᠦ ᠪᠡᠨ ᠤᠮᠳᠠᠭᠠᠯᠠᠭᠰᠠᠨ ᠠᠺ ᠴᠣᠯᠫᠠᠨ ᠤ᠋ ᠨᠤᠲᠤᠭ—
ᠬᠠᠢᠷ᠎ᠠ ᠶ᠋ᠢᠨ ᠡᠨᠡ ᠳᠠᠭᠤᠤ ᠶ᠋ᠢ ᠵᠣᠷᠢᠭᠤᠯᠤᠭᠰᠠᠨ ᠺᠠᠽᠠᠭ ᠤ᠋ᠨ ᠲᠦᠮᠡᠨ ᠪᠣᠢ!

ᠴᠡᠯ ᠪᠤᠭᠤᠷᠤᠯ ᠴᠢᠨᠦ ᠣᠯᠠᠨ ᠵᠠᠭᠤᠨ ᠤ᠋ ᠬᠤᠶᠠᠭ
ᠴᠠᠪᠴᠢᠮ᠎ᠠ ᠬᠢᠰᠠᠭᠠᠨ ᠣᠷᠣᠢ ᠠ᠋ᠴᠠ ᠥᠯᠥᠨ ᠪᠦᠷᠭᠦᠳ ᠢ᠋ ᠲᠡᠵᠢᠭᠡᠵᠦ
ᠴᠠᠰᠤᠨ ᠮᠥᠰᠥᠨ ᠬᠢᠷ᠎ᠠ ᠪᠠᠷ ᠨᠢ ᠲᠠᠬ᠎ᠠ ᠲᠠᠢ ᠮᠣᠷᠢ ᠪᠠᠷ ᠳᠠᠪᠬᠢᠭᠤᠯᠤᠭᠰᠠᠨ
ᠴᠢᠷᠠᠢ ᠰᠢᠭ᠋ ᠢᠶᠠᠨ ᠵᠣᠷᠢᠮᠠᠭ ᠰᠠᠯᠸᠪᠠᠲ ᠪᠠᠭᠠᠲᠤᠷ ᠤ᠋ᠨ ᠤᠳᠤᠮ ᠪᠣᠢ!

ᠡᠷᠡᠮᠡᠭ ᠴᠡᠴᠡᠨ ᠪᠤᠭᠤᠢᠯᠢ ᠶ᠋ᠢ ᠳᠠᠯᠠᠯᠵᠤ ᠥᠰᠦᠭᠰᠡᠨ ᠭᠠᠷ ᠲᠠᠢ
ᠡᠷᠬᠡ ᠴᠢᠯᠥᠭᠡᠨ ᠦ᠌ ᠢᠯᠳᠦ ᠶ᠋ᠢ ᠳᠠᠯᠠᠢᠵᠤ ᠲᠥᠷᠥᠭᠰᠡᠨ ᠪᠢᠷ᠎ᠠ ᠲᠠᠢ
ᠡᠷᠭᠢᠬᠦ ᠲᠡᠦᠬᠡ ᠶ᠋ᠢᠨ ᠬᠠᠭᠤᠳᠠᠰᠤᠨ ᠳ᠋ᠤ᠌ ᠳᠠᠷᠬᠠᠨ ᠮᠥᠩᠬᠡ ᠶ᠋ᠢᠨ ᠨᠡᠷ᠎ᠡ ᠲᠡᠢ
ᠡᠨᠡ ᠬᠦ᠌ ᠲᠦᠮᠡᠨ ᠳ᠋ᠦ᠍ ᠪᠢ ᠳᠠᠭᠤᠯᠠᠯ ᠰᠢᠭ᠋ ᠢᠶᠠᠨ ᠳᠤᠷᠠᠲᠠᠢ!

ᠭᠤᠨᠢᠭ ᠪᠠᠶᠠᠰᠤᠯ ᠬᠣᠣᠰᠯᠠᠭᠰᠠᠨ ᠠᠭᠤᠯᠠ ᠶ᠋ᠢᠨ ᠨᠡᠭᠦᠳᠡᠯᠴᠢᠨ ᠦ᠌ ᠤᠶᠠᠩᠭ᠎ᠠ ᠲᠠᠢ
ᠭᠤᠷᠪᠠᠨ ᠤᠲᠠᠰᠤᠲᠤ ᠳᠣᠮᠪᠣᠷ ᠤ᠋ᠨ ᠴᠣᠭᠭᠢᠭᠤᠯᠬᠤ ᠠᠶᠠᠨ ᠳ᠋ᠤ᠌ ᠪᠠᠶᠠᠷᠯᠠᠳᠠᠭ ᠪᠢ
ᠭᠤᠨᠳᠠᠵᠤ ᠭᠤᠯᠠᠷᠠᠵᠤ ᠰᠤᠷᠤᠭ᠎ᠠ ᠦᠭᠡᠢ ᠴᠠᠭᠠᠨ ᠠᠯᠴᠢᠭᠤᠷᠲᠤ ᠲᠡᠷᠢᠭᠦᠨ ᠲᠡᠢ
ᠭᠤᠷᠮᠤᠰᠤᠨ ᠰᠤᠷ ᠰᠢᠭ᠋ ᠪᠦᠰᠡᠭᠦᠢ ᠶ᠋ᠢᠨ ᠴᠣᠪᠣᠭᠣ ᠳᠠᠭᠤᠯᠠᠯ ᠳ᠋ᠤ᠌ ᠤᠶᠠᠷᠠᠳᠠᠭ ᠪᠢ

ᠤᠶᠠᠷᠠᠨ ᠲᠡᠮᠡᠦᠯᠬᠦ ᠰᠡᠳᠬᠢᠯ ᠦ᠋ᠨ ᠬᠦᠯᠦᠭ ᠪᠣᠯᠤᠨ ᠵᠢᠷᠣᠭᠠᠯᠠᠬᠤ
ᠠᠭᠤᠳᠠᠮ ᠲᠠᠯ᠎ᠠ ᠰᠢᠭ᠋ ᠬᠠᠭᠤᠳᠠᠰᠤᠨ ᠳ᠋ᠤ᠌ ᠰᠢᠯᠦᠭ ᠪᠣᠯᠤᠨ ᠵᠢᠷᠢᠯᠵᠡᠬᠦ
ᠤᠯᠠᠭᠠᠨ ᠲᠤᠭ ᠤ᠋ᠨ ᠳᠣᠣᠷ᠎ᠠ ᠠ᠋ᠴᠠ ᠪᠡᠯᠡᠭ ᠪᠣᠯᠭᠠᠨ ᠡᠷᠭᠦᠯᠴᠡᠬᠦ
ᠤᠶᠠᠩᠭ᠎ᠠ ᠶ᠋ᠢᠨ ᠡᠨᠡᠬᠡᠨ ᠨᠠᠢᠷᠠᠭᠯᠠᠯ ᠪᠦᠲᠦᠭᠰᠡᠨ ᠤᠴᠢᠷ ᠡᠢᠮᠦᠷᠬᠦ!

                    1961.4.18 ᠵᠠᠢᠰᠠᠩ

ᠲᠠᠢᠯᠪᠤᠷᠢ᠄
1. ᠠᠺ— ᠰᠤᠯᠫᠠᠨ— ᠺᠠᠽᠠᠭ ᠳᠠᠭᠤᠤ ᠳ᠋ᠤ᠌ ᠭᠠᠷᠳᠠᠭ ᠭᠤᠸ᠎ᠠ ᠪᠦᠰᠡᠭᠦᠢ ᠶ᠋ᠢᠨ ᠨᠡᠷ᠎ᠡ᠃
2. ᠲᠣᠺᠡᠯ— ᠪᠠᠭ᠎ᠠ ᠡᠬᠡᠨᠡᠷ᠃
3. ᠰᠡᠥ᠋ᠺᠸᠯ— ᠪᠣᠭᠲᠣᠯᠠᠨ ᠬᠢᠬᠦ ᠶᠣᠰᠣᠨ ᠳ᠋ᠤ᠌ ᠡᠮᠦᠰᠳᠡᠭ ᠬᠤᠪᠴᠠᠰᠤ᠃
4. ᠱᠤᠯᠫ— ᠦᠰᠦᠨ ᠦ᠌ ᠴᠢᠮᠡᠭ᠃ ᠨᠢᠭᠡᠨ ᠲᠥᠷᠥᠯ ᠦ᠋ᠨ ᠰᠢᠭᠢᠳᠬᠡᠭᠡ( ᠬᠠᠪᠴᠢᠶᠠᠷᠢ)᠃
5. ᠪᠠᠢ— ᠪᠠᠱ᠌ᠢ— ᠶᠡᠬᠡ ᠡᠬᠡᠨᠡᠷ᠃
6. ᠺᠥᠦᠴ— ᠺᠠᠽᠠᠭ ᠦᠯᠢᠭᠡᠷ ᠲᠦ᠍ ᠭᠠᠷᠳᠠᠭ ᠠᠪᠤᠷᠭᠤ ᠪᠡᠶᠡᠳᠡᠨ᠃
7. ᠠᠨᠢ— ᠠᠫᠠ— ᠡᠮᠡᠭᠡ ᠡᠵᠢ᠃
8. ᠰᠥᠶᠦ᠋ᠨ᠋ᠰᠡ— ᠱᠠᠩᠨᠠᠯ᠂ ᠪᠠᠢ ᠭᠡᠰᠡᠨ ᠤᠳᠬ᠎ᠠ ᠲᠠᠢ ᠦᠭᠡ᠃
9. ᠰᠠᠯ ᠳᠣᠮᠪᠣᠷ— ᠭᠣᠴᠣᠯᠠᠯ ᠳᠣᠮᠪᠣᠷ᠃
10. ᠠᠺ ᠰᠠᠺᠡᠯ— ᠶᠡᠬᠡᠰ ᠪᠤᠭᠤᠷᠤᠯ᠂ ᠥᠭᠡᠴᠢᠯᠡᠪᠡᠯ 《ᠴᠠᠭᠠᠨ ᠰᠠᠬᠠᠯ》᠃
11. ᠲᠣᠭᠠᠰ ᠺᠦ᠋ᠮᠡᠯᠡᠺ— ᠦᠨᠳᠦᠰᠦᠲᠡᠨ ᠦ᠌ ᠲᠣᠭᠯᠠᠭᠠᠮ( ᠵᠢᠷᠭᠢ ᠰᠢ)᠃

    ᠦᠰᠦᠭ ᠠᠮᠢᠯᠠᠭᠤᠯᠤᠭᠴᠢ᠄ ᠰᠡᠷᠭᠦᠯᠡᠩ᠂ ᠣᠳᠬᠠᠨᠰᠣ᠎ᠠ
    ᠬᠢᠨᠠᠭᠴᠢ᠄ ᠣᠳᠬᠠᠨᠰᠤ᠎ᠠ᠂ ᠰᠡᠬᠡᠭᠡᠷᠡᠯ᠂ ᠨᠠᠷᠠᠨᠲᠣᠭᠣᠨᠣ᠂ ᠨᠤᠮᠤᠴᠢᠨ ᠪᠢᠯᠢᠭ