ᠴᠠᠭᠠᠰᠤᠨ《 ᠪᠥᠮᠪᠥᠭᠡ》 ᠶ᠋ᠢᠨ ᠴᠡᠨᠡᠭᠴᠢᠨ - ᠴ᠂ ᠭᠠᠢᠳᠤᠪ Цаасан " бөмбөг" ин цэнэгчин - Ч᠂ Гайдов
ᠴᠠᠭᠠᠰᠤᠨ《 ᠪᠥᠮᠪᠥᠭᠡ》 ᠶ᠋ᠢᠨ ᠴᠡᠨᠡᠭᠴᠢᠨ
( ᠱᠣᠭ ᠰᠢᠯᠦᠭ)
ᠴ᠂ ᠭᠠᠢᠳᠣᠪ
ᠪᠣᠯᠳᠠᠭ ᠰᠠᠨ ᠪᠣᠯ ᠬᠦᠨᠳᠦ ᠰᠤᠷᠲᠠᠯ ᠢ᠋
ᠴᠢᠨᠣ᠎ᠠ ᠠ᠋ᠴᠠ ᠳᠤᠲᠠᠬᠤ ᠦᠭᠡᠢ ᠬᠡᠮᠡᠯᠢᠬᠦ ᠶᠤᠮᠰᠠᠨ᠃
— ᠮᠠᠶᠺᠤᠸᠰᠺᠢ
ᠭᠠᠷ ᠨᠢ ᠴᠦ᠍ ᠴᠢᠯᠥᠭᠡ ᠦᠭᠡᠢ
ᠲᠣᠭᠲᠠᠭᠠᠯ ᠲᠤᠰᠢᠶᠠᠯ ᠰᠠᠷᠠᠴᠢᠭᠠᠳ( ᠡᠷᠢᠶᠡᠴᠢᠭᠡᠳ) ᠯᠡ
ᠭᠠᠯᠴᠢ ᠨᠢ ᠴᠦ᠍ ᠵᠠᠪ ᠦᠭᠡᠢ
ᠳᠣᠣᠷᠠᠲᠤ ᠪᠠᠢᠭᠤᠯᠭ᠎ᠠ ᠤᠷᠤᠭᠤ ᠪᠠᠨ ᠰᠠᠵᠢᠯᠠᠭᠠᠳ ᠯᠠ
ᠭᠠᠩᠰᠠ ᠲᠠᠮᠠᠬᠢᠨ ᠠ᠋ᠴᠠ ᠨᠢ
ᠬᠥᠬᠡ ᠤᠲᠤᠭ᠎ᠠ ᠡᠪᠬᠡᠷᠡᠭᠡᠳ ᠯᠡ
ᠭᠠᠳᠠᠭ᠎ᠠ ᠡᠭᠦᠳᠦᠨ ᠳ᠋ᠦ᠍ᠨᠢ
ᠬᠦᠯᠢᠶᠡᠭᠰᠡᠨ ᠬᠥᠮᠦᠰ ᠡᠪᠰᠢᠶᠡᠭᠡᠳ ᠯᠡ
ᠰᠤᠯᠠ ᠨᠤᠷᠰᠢᠶᠠ ᠦᠭᠡ ᠪᠡᠷ
ᠴᠠᠭ ᠮᠢᠨᠦ᠋ᠲ ᠤᠰᠠᠳᠬᠠᠵᠤ ᠪᠠᠢᠳᠠᠭ
《 ᠰᠤᠭᠠᠢ ᠰᠤᠭᠡᠢ》 ᠬᠣᠶᠠᠷ ᠢ᠋ᠶ᠋ᠠᠷ
ᠴᠠᠭᠠᠰᠤᠨ《 ᠪᠥᠮᠪᠥᠭᠡ》 ᠴᠡᠨᠡᠭᠯᠡᠵᠦ( ᠬᠢᠵᠦ) ᠰᠠᠭᠤᠳᠠᠭ
ᠵᠠᠷᠢᠮ ᠨᠢᠭᠡ
ᠬᠦᠨᠳᠦ ᠰᠤᠷᠲᠠᠯᠳᠠᠨ ᠢ᠋
ᠬᠠᠷᠠᠬᠤᠯᠠᠷ ᠯᠠ ᠪᠦᠷ
ᠵᠠᠷᠠᠭ᠎ᠠ ᠠᠪᠴᠢᠷᠠᠭᠠᠳ
ᠬᠦᠵᠦᠭᠦᠨ ᠳᠡᠭᠡᠷ᠎ᠡ ᠨᠢ
ᠰᠢᠳᠡᠴᠢᠬᠡᠮᠡᠷ ᠰᠠᠨᠠᠭᠳᠠᠬᠤ ᠶᠤᠮ
ᠬᠠᠭᠠᠯᠭ᠎ᠠ ᠡᠭᠦᠳᠡ ᠶ᠋ᠢ ᠨᠢ
ᠬᠥᠮᠦᠨ ᠲᠣᠭᠰᠢᠪᠠᠯ
– ᠵᠢᠭᠠᠬᠠᠨ ᠬᠦᠯᠢᠶᠡ! ᠭᠡᠵᠦ ᠵᠠᠩᠳᠤᠷᠴᠢᠬᠠᠭᠠᠳ
ᠬᠠᠷᠢᠯᠴᠠᠬᠤ ᠤᠲᠠᠰᠤ ᠨᠢ ᠳᠤᠤᠭᠠᠷᠪᠠᠯ
– ᠵᠠ ᠡᠨᠡ ᠴᠦ᠍
ᠳᠠᠷᠤᠭ᠎ᠠ ᠪᠠᠢᠬᠤ ᠭᠡᠵᠦ ᠥᠨᠳᠡᠯᠵᠡᠭᠡᠳ
– ᠮᠠᠯ ᠢ᠋ ᠥᠰᠬᠡᠰᠦᠭᠡᠢ!
– ᠰᠣᠶᠣᠯ ᠢ᠋ ᠬᠥᠭᠵᠢᠭᠦᠯᠰᠦᠭᠡᠢ!
– ᠮᠡᠳᠡᠭᠡ ᠢᠷᠡᠭᠦᠯᠰᠦᠭᠡᠢ ! ᠭᠡᠵᠦ
ᠮᠠᠨᠤᠤᠬᠠᠢ ᠪᠣᠯᠭᠠᠵᠤ
ᠰᠤᠨᠵᠢᠷᠠᠭᠰᠠᠨ ᠦᠭᠡ ᠨᠦ᠍ᠭᠦᠳ
ᠡᠳᠦᠷᠵᠢᠨ ᠰᠠᠷᠠᠴᠢᠭᠴᠢᠳ
– ᠢᠩᠭᠡ ᠶ᠋ᠢ ᠴᠢᠨᠢ
ᠰᠠᠭᠤᠵᠤ ᠪᠠᠢᠵᠤ
ᠰᠠᠭᠠᠳᠠᠭ ᠶᠤᠮ !
– ᠢᠰᠢᠭᠡ ᠶ᠋ᠢ ᠴᠢᠨᠢ
ᠰᠣᠷᠣᠨ ᠨᠣᠭᠲᠣ ᠪᠠᠷ
ᠤᠶᠠᠳᠠᠭ ᠶᠤᠮ— ᠭᠡᠵᠦ
ᠠᠮᠢᠳᠤᠷᠠᠯ ᠮᠡᠳᠡᠳᠡᠭ
ᠠᠢᠬᠤᠪᠲᠤᠷ ᠰᠦᠷᠡᠬᠡᠢ
ᠬᠥᠮᠦᠨ ᠪᠣᠯᠬᠤ ᠭᠡᠳ
ᠠᠮᠢᠲᠠᠨ ᠬᠥᠮᠦᠨ ᠳ᠋ᠦ᠍
ᠠᠵᠢᠭ ᠴᠤ᠌ ᠦᠭᠡᠢ《 ᠫᠤᠤᠳᠠᠵᠤ》
ᠮᠡᠳᠡᠬᠦ ᠯᠡ ᠶᠦ᠍ᠮ ᠰᠢᠦ!
ᠠᠢ ᠳᠠ ᠵᠠᠢᠯᠠᠭᠤᠯ
ᠠᠮᠢᠰᠬᠤᠭ᠎ᠠ ᠴᠢᠯᠥᠭᠡ ᠦᠭᠡᠢ ᠰᠢᠳᠡᠭᠰᠡᠨ
ᠲᠡᠷᠡ ᠴᠠᠭᠠᠰᠤᠨ《 ᠪᠥᠮᠪᠥᠭᠡ》 ᠨᠦ᠍ᠭᠦᠳ ᠨᠢ
ᠠᠵᠢᠯ ᠪᠣᠯᠤᠭᠠᠳ
ᠠᠷᠪᠠᠨ ᠲᠠᠢᠰᠢ ᠪᠠᠨ
《ᠲᠡᠰᠦᠷᠡᠳᠡᠭ》 ᠪᠣᠯ ᠴᠤ᠌ ᠪᠠᠰᠠ ᠶᠠᠭᠠᠬᠢᠬᠤᠪ
ᠰᠢᠳᠤᠷᠭᠤ ᠪᠠᠷ ᠯᠠ ᠬᠡᠯᠡᠬᠦ ᠳ᠋ᠦ᠍
ᠭᠠᠯᠴᠢ ᠵᠠᠷᠯᠢᠭ ᠵᠠᠷᠤᠯᠭ᠎ᠠ ᠶ᠋ᠢᠨ ᠬᠢᠨᠢ ᠤᠯᠠ ᠶ᠋ᠢ
ᠠᠮᠲᠠᠯᠠᠵᠤ ᠠᠮᠲᠠᠯᠠᠵᠤ
ᠰᠢᠳᠳᠠᠨ ᠤ᠋ ᠪᠣᠭᠴᠣ ᠶ᠋ᠢᠨ
ᠬᠠᠮᠤᠭ ᠵᠠᠢ ᠶ᠋ᠢ
ᠡᠵᠡᠯᠡᠵᠦ ᠡᠵᠡᠯᠡᠵᠦ
ᠬᠡᠭᠡᠷ᠎ᠡ ᠶ᠋ᠢᠨ ᠵᠠᠮ ᠳ᠋ᠤ᠌
ᠮᠠᠰᠢᠨ ᠤ᠋ ᠨᠢᠷᠤᠭᠤ ᠶ᠋ᠢ
ᠴᠢᠯᠡᠭᠡᠵᠦ ᠴᠢᠯᠡᠭᠡᠵᠦ
ᠬᠡᠷᠡᠭ ᠳᠡᠭᠡᠷ᠎ᠡ ᠪᠡᠨ
ᠶᠠᠭᠤ ᠪᠣᠯᠳᠠᠭ ᠢ᠋ ᠨᠢ
ᠠᠪᠤᠭᠠᠳ ᠦᠵᠡ ᠯᠡ ᠳᠡ!
– ᠮᠡᠳᠡᠵᠦ ᠴᠥᠬᠥᠬᠦ
ᠶᠠᠭᠤ ᠪᠠᠢᠬᠤᠪ
ᠡᠨᠡ ᠪᠢᠴᠢᠭ ᠦ᠋ᠳ ᠴᠦ᠍
ᠮᠡᠳᠡᠭᠡ ᠪᠦᠷᠢᠳᠬᠡᠯ ᠯᠡ
ᠱᠠᠭᠠᠷᠳᠠᠵᠤ ᠪᠠᠢᠭ᠎ᠠ
ᠪᠠᠢᠯᠭᠦᠢ ᠶᠠᠭᠠᠬᠢᠬᠤᠪ
ᠴᠠᠭᠠᠰᠤ ᠱᠤᠭᠤᠮᠳᠠᠭᠰᠠᠭᠠᠷ ᠰᠠᠭᠤᠭᠠᠳ
ᠬᠠᠮᠤᠭ ᠠᠵᠢᠯ
ᠥᠷᠡᠭᠳᠡᠴᠢᠬᠡᠬᠦ ᠶᠦᠮ᠃
ᠴᠠᠭ ᠬᠡᠮᠵᠢᠶ᠎ᠡ ᠲᠡᠢ
ᠰᠢᠲᠠᠪᠠᠯ ᠶᠠᠭᠠᠬᠢᠳᠠᠭ ᠶᠤᠮ ᠪᠣᠢ?
ᠡᠨᠡ《 ᠪᠥᠮᠪᠥᠭᠡ》 ᠨᠦ᠍ᠭᠦᠳ ᠠ᠋
ᠲᠠᠰᠤᠯᠭᠠᠨ ᠠ᠋ᠴᠠ ᠭᠠᠷᠤᠭᠠᠳ
ᠬᠥᠳᠡᠭᠡ ᠶ᠋ᠢᠨ ᠠᠮᠢᠳᠤᠷᠠᠯ ᠲᠠᠢ
ᠲᠠᠨᠢᠯᠴᠠᠳᠠᠭ ᠴᠤ᠌ ᠪᠣᠯᠤᠭᠠᠰᠠᠢ!
ᠲᠠᠮᠠᠭ᠎ᠠ ᠪᠠᠨ ᠡᠪᠦᠷᠲᠦᠯᠡᠭᠡᠳ ᠴᠦ᠍ ᠭᠡᠰᠡᠨ
ᠬᠦᠷᠴᠦ ᠢᠷᠡᠭᠡᠳ
ᠵᠢᠭᠠᠪᠤᠷᠢᠯᠠᠳᠠᠭ ᠴᠤ᠌ ᠪᠣᠯᠤᠭᠠᠰᠠᠢ! ᠭᠡᠵᠦ
ᠬᠦᠯᠢᠶᠡᠵᠦ ᠠᠪᠤᠭᠰᠠᠨ
ᠭᠠᠵᠠᠷ ᠤ᠋ᠨ ᠬᠢᠨᠢ ᠬᠥᠮᠦᠨ
ᠲᠣᠯᠣᠭᠠᠢ ᠪᠠᠨ ᠪᠠᠷᠢᠵᠤ ᠤᠴᠠᠭᠠᠷᠯᠠᠭᠠᠳ
ᠭᠦᠶᠦᠯᠭᠡᠵᠦ ᠨᠢᠭᠡ ᠬᠠᠷᠠᠭᠰᠠᠨ ᠢ᠋ᠶ᠋ᠠᠨ
ᠲᠣᠮᠣ ᠬᠠᠪᠲᠠᠰᠤᠨ ᠳ᠋ᠠᠭᠠᠨ
ᠴᠢᠬᠢᠵᠦ ᠣᠷᠬᠢᠬᠤ ᠶᠤᠮ᠃
ᠠᠢ ᠳᠠ ᠵᠠᠢᠯᠠᠭᠤᠯ
ᠠᠮᠢ ᠨᠢ ᠲᠡᠮᠡᠴᠡᠵᠦ ᠪᠠᠢᠭ᠎ᠠ
ᠲᠡᠷᠡ ᠣᠯᠠᠨ ᠪᠢᠴᠢᠭ
ᠠᠵᠢᠯ ᠪᠣᠯᠤᠭᠠᠳ
ᠠᠷᠪᠠᠨ ᠳᠠᠢᠰᠢ ᠪᠠᠨ
ᠳᠡᠯᠪᠡᠷᠡᠬᠦ ᠴᠦ᠍ ᠪᠠᠢᠲᠤᠭᠠᠢ
ᠨᠢᠮᠭᠡᠨ ᠴᠠᠭᠠᠰᠤ ᠲᠠᠢ ᠨᠢᠭᠡ ᠨᠢ
ᠵᠠᠬ᠎ᠠ ᠠ᠋ᠴᠠ ᠪᠠᠨ ᠤᠷᠠᠭᠤᠯᠵᠤ
ᠲᠠᠮᠠᠬᠢ ᠣᠷᠢᠶᠠᠯᠭᠠᠭᠠᠳ᠂
ᠨᠢᠭᠡ ᠵᠢᠯ ᠥᠩᠭᠡᠷᠡᠪᠡᠯ
ᠵᠠ ᠳᠠ ᠲᠡᠭᠡᠭᠡᠳ
ᠠᠷᠬᠢᠸ ᠲᠠᠢᠰᠢ ᠳᠠᠯᠠᠢᠬᠤ ᠨᠢ ᠲᠡᠷᠡ ᠠ᠋
ᠣᠯᠠᠨ ᠤ᠋ ᠠᠵᠢᠯ ᠢ᠋
ᠴᠠᠭᠠᠰᠤ ᠡᠷᠢᠶᠡᠴᠢᠭᠡᠳ
ᠮᠡᠬᠡᠯᠡᠵᠦ ᠰᠠᠭᠤᠳᠠᠭ
ᠣᠨᠣᠪᠴᠢᠲᠠᠢ ᠰᠢᠭᠦᠮᠵᠢᠯᠡᠯ ᠳ᠋ᠦ᠍
ᠴᠢᠷᠠᠢ ᠨᠢ ᠤᠯᠠᠢᠭᠠᠳ
ᠮᠠᠨᠴᠤᠢᠵᠤ ᠪᠠᠢᠳᠠᠭ᠃
ᠵᠠᠷᠢᠮ ᠨᠢᠭᠡ
ᠬᠦᠨᠳᠦ ᠰᠤᠷᠲᠤᠯᠳᠠᠨ ᠢ᠋
ᠬᠠᠷᠠᠬᠤ ᠪᠠᠷ ᠯᠠ ᠪᠦᠷ
ᠵᠠᠷᠠᠭ᠎ᠠ ᠠᠪᠴᠢᠷᠠᠭᠠᠳ
ᠬᠦᠵᠦᠭᠦᠨ ᠳᠡᠭᠡᠷ᠎ᠡ ᠨᠢ
ᠰᠢᠳᠡᠴᠢᠬᠡᠮᠡᠷ ᠰᠠᠨᠠᠭᠳᠠᠬᠤ ᠶᠤᠮ᠃
ᠪᠢᠴᠢᠭᠰᠡᠨ ᠰᠢᠯᠦᠭ ᠢ᠋ ᠮᠢᠨᠢ ᠦᠵᠡᠭᠡᠳ
ᠨᠠᠳᠠ ᠳ᠋ᠤ᠌ ᠪᠢᠲᠡᠭᠡᠢ
ᠠᠭᠤᠷᠯᠠᠭᠠᠳ ᠪᠠᠢᠭᠠᠷᠠᠢ!
ᠪᠡᠶ᠎ᠡ ᠲᠡᠢ ᠤᠳᠤᠷᠢᠳᠤᠯᠭ᠎ᠠ ᠶ᠋ᠢ
ᠨᠠᠮ ᠪᠢᠳᠡᠨ ᠡᠴᠡ
ᠱᠠᠭᠠᠷᠳᠠᠵᠤ ᠪᠠᠢᠨ᠎ᠠ ᠰᠢᠦ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
2023᠂8᠂12~13 ᠤ᠋ ᠡᠳᠦᠷ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ ᠂ ᠪᠠᠭᠠᠲᠤᠷ
ᠬᠢᠨᠠᠭ᠍ᠴᠢ : ᠴᠣᠯᠮᠣᠨᠲᠤᠶᠠᠭ᠎ᠠ
2023᠂8᠂12~13 ᠤ᠋ ᠡᠳᠦᠷ
