ᠬᠠᠶ᠋ᠢᠷᠠᠯᠠᠶ᠎ᠠ ᠥᠬᠢᠨ ᠴᠢᠨᠢ -  ᠠᠨᠠᠷ Хайрлая охин чинь - Анар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3.  ᠬᠠᠶ᠋ᠢᠷᠠᠯᠠᠶ᠎ᠠ ᠥᠬᠢᠨ ᠴᠢᠨᠢ -  ᠠᠨᠠᠷ Хайрлая охин чинь - Анар

 ᠬᠠᠶ᠋ᠢᠷᠠᠯᠠᠶ᠎ᠠ ᠥᠬᠢᠨ ᠴᠢᠨᠢ -  ᠠᠨᠠᠷ Хайрлая охин чинь - Анар

2023-08-23

272

ᠬᠠᠶ᠋ᠢᠷᠠᠯᠠᠶ᠎ᠠ ᠥᠬᠢᠨ ᠴᠢᠨᠢ

     
                   ᠠᠨᠠᠷ  

 ᠰᠠᠷᠠᠭᠤᠯ ᠶᠢᠷᠲᠢᠨᠴᠦ ᠶ᠋ᠢᠨ ᠠᠮᠢᠲᠠᠨ ᠢ᠋ ᠡᠩᠬᠡ ᠶ᠋ᠢᠨ ᠢᠷᠦᠭᠡᠯ ᠡᠴᠡ ᠴᠦ᠍ ᠪᠤᠤ 
     ᠬᠣᠯᠠᠳᠤᠭᠠᠰᠠᠢ ᠭᠡᠵᠦ ᠳᠠᠭᠠᠳᠬᠠᠳᠠᠭ᠂ ᠪᠤᠷᠬᠠᠨ ᠤ᠋ ᠪᠦᠷᠢᠯᠸ᠎ᠠ ᠡᠵᠢ ᠮᠢᠨᠢ 
 ᠨᠢᠭᠡ ᠨᠢ ᠰᠠᠨᠰᠠᠷ ᠲᠩᠷᠢ ᠶ᠋ᠢᠨ ᠣᠳᠣᠳ ᠢ᠋ ᠣᠯᠠᠨ ᠤ᠋ ᠵᠠᠶᠠᠭᠠᠨ ᠠ᠋ᠴᠠ ᠨᠢᠭᠡ ᠴᠦ᠍ ᠪᠤᠤ 
     ᠬᠠᠯᠢᠭᠠᠰᠠᠢ ᠭᠡᠵᠦ ᠵᠠᠯᠪᠠᠷᠢᠳᠠᠭ᠂ ᠠᠮᠢᠨ ᠤ᠋ ᠰᠠᠬᠢᠶ᠎ᠠ ᠡᠵᠢ ᠮᠢᠨᠢ 
 ᠰᠠᠩ ᠤ᠋ᠨ ᠪᠣᠢᠫᠣᠷ ᠲᠤ᠌ ᠲᠦᠮᠡᠨ ᠦ᠌ ᠦᠷ᠎ᠡ ᠶ᠋ᠢ ᠲᠠᠢᠪᠤᠩ  
     ᠪᠠᠢᠭᠠᠰᠠᠢ ᠭᠡᠵᠦ ᠰᠢᠪᠡᠨᠡᠭᠡ ᠪᠡᠷ ᠢᠶᠠᠨ ᠰᠥᠬᠥᠷᠡᠳᠡᠭ ᠡᠵᠢ ᠮᠢᠨᠢ 
 ᠰᠠᠭᠠᠯᠢ ᠶ᠋ᠢᠨ ᠳᠠᠯᠠᠢ ᠰᠦᠷᠦᠭ ᠮᠢᠨᠢ ᠵᠤᠵᠠᠭᠠᠨ ᠢ᠋ᠶ᠋ᠠᠷ ᠢ᠋ᠶ᠋ᠠᠨ 
     ᠲᠣᠭᠲᠠᠭᠠᠰᠠᠢ ᠭᠡᠵᠦ ᠬᠤᠪᠢᠩ ᠲᠠᠢ ᠰᠦ ᠪᠡᠷ ᠢᠶᠠᠨ ᠬᠤᠷᠤᠢᠯᠠᠳᠠᠭ ᠡᠵᠢ ᠮᠢᠨᠢ  
 ᠡᠨᠡᠷᠢᠯᠲᠦ ᠡᠵᠢ ᠶ᠋ᠢᠨ ᠮᠢᠨᠢ ᠬᠠᠢᠷ᠎ᠠ ᠰᠤᠷᠭᠠᠯ ᠬᠣᠶᠠᠷ ᠠᠭᠤᠯᠠ ᠪᠣᠯᠪᠠᠴᠤ 
     ᠵᠤᠯᠠᠢ ᠪᠠᠷ ᠢ᠋ᠶ᠋ᠠᠨ ᠳᠤᠰᠤᠶ᠎ᠠ ᠥᠬᠢᠨ ᠴᠢᠨᠢ  
 ᠡᠭᠡᠯ ᠶᠠᠩᠵᠤ ᠪᠠᠷ ᠢ᠋ᠶ᠋ᠠᠨ ᠪᠤᠷᠤᠭᠤ ᠵᠥᠪ ᠬᠣᠶᠠᠷ ᠢ᠋ ᠨᠢᠭᠤᠯ ᠦᠭᠡᠢ 
     ᠴᠠᠢᠯᠭᠠᠨ ᠢ᠋ᠶ᠋ᠠᠷ ᠲᠤᠩᠭᠠᠵᠤ ᠶᠠᠪᠤᠶ᠎ᠠ ᠥᠬᠢᠨ ᠴᠢᠨᠢ  
 ᠥᠩᠭᠡᠯᠢᠭ ᠽᠠᠨᠳᠠᠨ ᠡᠵᠢ ᠮᠢᠨᠢ ᠥᠨᠳᠡᠢᠬᠦ ᠬᠠᠷᠢᠭᠤ ᠦᠭᠡᠢ ᠥᠲᠡᠯᠦᠭᠰᠡᠨ ᠴᠦ᠍  
     ᠡᠪᠦᠷ ᠦ᠋ᠨ ᠰᠢᠭᠢᠳᠬᠡᠷ ᠥᠬᠢᠨ ᠴᠢᠨᠢ ᠨᠢᠯᠬ᠎ᠠ ᠶ᠋ᠢᠨ ᠶᠣᠰᠣᠭᠠᠷ ᠬᠠᠢᠷᠠᠯᠠᠶ᠎ᠠ ᠡᠵᠢ ᠮᠢᠨᠢ  
 ᠽᠠᠮᠪᠤᠲᠢᠪ  ᠤ᠋ᠨ ᠵᠢᠷᠭᠤᠭᠠᠨ ᠵᠦᠢᠯ ᠦ᠋ᠨ ᠣᠴᠢ ᠥᠨᠳᠥᠷ ᠪᠠᠢᠭᠠᠰᠠᠢ ᠭᠡᠵᠦ  
     ᠨᠠᠷᠠᠨ ᠪᠤᠷᠬᠠᠨ ᠳ᠋ᠤ᠌ ᠪᠠᠨ ᠳᠠᠭᠠᠳᠬᠠᠳᠠᠭ ᠬᠡᠢᠮᠣᠷᠢ ᠶ᠋ᠢᠨ ᠰᠠᠩ ᠠᠪᠤ ᠮᠢᠨᠢ  
 ᠽᠠᠨᠳᠠᠨ ᠪᠣᠷᠣ ᠡᠷᠢᠭᠡ ᠪᠡᠨ ᠲᠣᠭᠠᠯᠠᠵᠤ ᠨᠠᠯᠠᠭᠠᠷ ᠪᠠᠶᠠᠨ ᠪᠠᠢᠭᠠᠰᠠᠢ ᠭᠡᠵᠦ    
     ᠨᠠᠮᠰᠠᠷᠠᠢ ᠪᠤᠷᠬᠠᠨ ᠳ᠋ᠤ᠌ ᠪᠠᠨ ᠳᠠᠭᠠᠳᠬᠠᠳᠠᠭ ᠪᠤᠶᠠᠨ ᠤ᠋ ᠢᠷᠦᠭᠡᠯ ᠠᠪᠤ ᠮᠢᠨᠢ᠃ 
 ᠵᠢᠭᠠᠯᠬᠠᠨ ᠠᠯᠠᠭ ᠦᠷᠡᠰ ᠦ᠋ᠳ ᠢ᠋ ᠢᠯᠭᠠᠯ ᠦᠭᠡᠢ ᠬᠠᠢᠷᠠᠯᠠᠳᠠᠭ   
     ᠥᠮᠥᠭ ᠪᠣᠯᠤᠭᠰᠠᠨ ᠬᠥᠮᠦᠨ ᠦ᠌ ᠳᠡᠭᠡᠳᠦ ᠠᠪᠤ ᠮᠢᠨᠢ  
 ᠵᠠᠶᠠᠭ᠎ᠠ ᠳᠦᠭᠦᠷᠡᠩ ᠭᠡᠷ ᠲᠡᠭᠡᠨ ᠳᠡᠯᠭᠡᠷ ᠠᠮᠢᠳᠤᠷᠠᠶ᠎ᠠ ᠭᠡᠵᠦ  
     ᠵᠢᠳᠬᠦᠵᠦ ᠬᠦᠴᠦᠨ ᠲᠤᠯᠭᠠᠭᠤᠷᠢ ᠠᠪᠤ ᠮᠢᠨᠢ   
 ᠬᠠᠢᠷᠬᠠᠨ ᠪᠤᠭᠤᠷᠤᠯ ᠠᠪᠤ ᠶ᠋ᠢᠨ ᠮᠢᠨᠢ ᠪᠤᠶᠠᠨ ᠲᠦᠰᠢᠭ ᠬᠣᠶᠠᠷ ᠳᠠᠯᠠᠢ ᠪᠣᠯᠪᠠᠴᠤ 
     ᠡᠯᠢᠭᠡᠨ ᠳ᠋ᠡᠭᠡᠨ ᠰᠢᠩᠭᠡᠭᠡᠶ᠎ᠡ ᠥᠬᠢᠨ ᠴᠢᠨᠢ  
 ᠬᠠᠨᠢᠰᠠᠬᠤ ᠶ᠋ᠢᠨ ᠲᠠᠪᠢᠯᠠᠩ ᠪᠦᠬᠦᠨ ᠲᠡᠢ ᠪᠡᠨ ᠬᠠᠷᠠᠮ ᠦᠭᠡᠢ    
     ᠬᠤᠪᠢᠶᠠᠯᠴᠠᠵᠤ ᠠᠮᠢᠳᠤᠷᠠᠶ᠎ᠠ ᠥᠬᠢᠨ ᠴᠢᠨᠢ 
 ᠬᠠᠷᠴᠠᠭᠠᠢ ᠰᠢᠭ᠋ ᠡᠷᠡᠯᠬᠡᠭ ᠠᠪᠤ ᠮᠢᠨᠢ ᠰᠣᠷᠮᠤᠤᠰᠤ ᠨᠢ ᠴᠠᠢᠲᠠᠯ᠎ᠠ ᠥᠲᠡᠯᠦᠭᠰᠡᠨ ᠴᠦ᠍   
     ᠬᠠᠢᠷᠠᠲᠤ ᠥᠬᠢᠨ ᠴᠢᠨᠢ ᠥᠰᠬᠦ ᠶ᠋ᠢᠨ ᠶᠣᠰᠣᠭᠠᠷ ᠠᠰᠠᠷᠠᠶ᠎ᠠ ᠠᠪᠤ ᠮᠢᠨᠢ  
 ᠣᠷᠴᠢᠯᠠᠩ ᠳᠡᠯᠡᠬᠡᠢ ᠶ᠋ᠢᠨ ᠪᠦᠬᠦᠨ ᠢ᠋ ᠡᠩᠬᠡ ᠪᠠᠢᠬᠤ ᠶ᠋ᠢ ᠬᠦᠰᠡᠶ᠎ᠡ 
     ᠠᠭᠤᠯᠠ ᠲᠦᠰᠢᠭ ᠠᠪᠤ ᠶ᠋ᠢᠨ ᠢᠶᠠᠨ ᠥᠨᠳᠥᠷ ᠨᠠᠰᠤᠯᠠᠬᠤ ᠶ᠋ᠢ ᠢᠷᠥᠭᠡᠶ᠎ᠡ 
 ᠵᠠᠶᠠᠭ᠎ᠠ ᠲᠠᠪᠢᠯᠠᠩ ᠬᠣᠶᠠᠷ ᠤ᠋ᠨ ᠲᠡᠭᠰᠢ ᠪᠠᠢᠬᠤ ᠶ᠋ᠢ ᠬᠦᠰᠡᠶ᠎ᠡ  
     ᠵᠠᠵᠢᠨ ᠪᠤᠭᠤᠷᠤᠯ ᠡᠵᠢ ᠶ᠋ᠢᠨ ᠢᠶᠠᠨ ᠤᠷᠲᠤ ᠨᠠᠰᠤᠯᠠᠬᠤ ᠶ᠋ᠢ ᠢᠷᠥᠭᠡᠶ᠎ᠡ            

          ᠬᠠᠢᠭ᠄ ᠤᠷᠠᠳ ᠤ᠋ᠨ ᠬᠣᠢᠲᠤ ᠬᠣᠰᠢᠭᠤ  
   
※ ᠢᠷᠡᠯᠲᠡ᠄   ᠲᠤᠷᠤᠭ ᠰᠠᠷᠠᠨ᠎ᠠ( ᠤᠷᠠᠨ ᠵᠣᠬᠢᠶᠠᠯ ᠤ᠋ᠨ ᠬᠣᠣᠰ ᠰᠠᠷ᠎ᠠ ᠶ᠋ᠢᠨ ᠰᠡᠳᠬᠦᠯ)

    ᠦᠰᠦᠭ ᠠᠮᠢᠯᠠᠭᠤᠯᠤᠭᠴᠢ᠄ ᠣᠤᠠᠬᠠᠨᠴᠡᠴᠡᠭ  
     ᠬᠢᠨᠠᠭᠴᠢ ᠪᠠᠭᠰᠢ᠄ ᠰᠡᠬᠡᠭᠡᠷᠡᠯ᠂ ᠭᠠᠷᠮ᠎ᠠ᠂ ᠰᠡᠷᠭᠦᠯᠡᠩ᠂ ᠣᠤᠠᠬᠠᠨᠰᠣ᠎ᠠ