ᠮᠣᠷᠢᠨ ᠬᠤᠭᠤᠷ-ᠬᠡᠦᠬᠡᠳ ᠦᠨ ᠳᠠᠭᠤᠤМорин хуур-хүүхдийн дуу ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠬᠤᠭᠤᠷ-ᠬᠡᠦᠬᠡᠳ ᠦᠨ ᠳᠠᠭᠤᠤМорин хуур-хүүхдийн дуу

ᠮᠣᠷᠢᠨ ᠬᠤᠭᠤᠷ-ᠬᠡᠦᠬᠡᠳ ᠦᠨ ᠳᠠᠭᠤᠤМорин хуур-хүүхдийн дуу

2022-02-20

1733

ᠮᠣᠷᠢᠨ ᠬᠤᠭᠤᠷ


    ᠤᠯᠤᠰ ᠤ᠋ᠨ ᠲᠡᠷᠢᠭᠦᠨ ᠦ᠌ 12 ᠳ᠋ᠤᠭᠠᠷ ᠴᠡᠴᠡᠷᠯᠢᠭ ᠦ᠋ᠨ ᠬᠥᠭᠵᠢᠮ ᠦ᠋ᠨ ᠪᠠᠭᠰᠢ  ᠪᠢᠮᠪᠠᠰᠦ᠋ᠷᠦᠩ 
    ᠦᠭᠡ ᠠᠶ᠎ᠠ ᠄  ᠶ᠋ᠢᠨ ᠰᠦᠬᠡᠪᠠᠭᠠᠲᠤᠷ 

ᠳᠠᠭᠠᠭᠠᠳ ᠳᠠᠭᠤᠯᠠᠭᠠᠷᠠᠢ ᠬᠡᠦᠬᠡᠳ ᠦ᠋ᠳ ᠠ᠋ 
ᠥᠷᠭᠥᠭᠡ ᠭᠡᠷ ᠦ᠋ᠨ ᠬᠣᠢᠮᠣᠷ ᠲᠤ᠌ 
ᠳᠡᠭᠡᠳᠦᠯᠡᠨ ᠲᠠᠯᠪᠢᠭᠰᠠᠨ ᠮᠣᠷᠢᠨ ᠬᠤᠭᠤᠷ ᠥᠭᠡᠳᠡᠯᠡᠬᠦ ᠪᠢᠳᠡᠨ ᠦ᠌ ᠪᠡᠯᠭᠡᠳᠡᠯ 
ᠳᠡᠯᠡᠬᠡᠢ ᠳ᠋ᠦ᠍ ᠬᠣᠣᠰ ᠦᠭᠡᠢ ᠮᠣᠷᠢᠨ ᠬᠤᠭᠤᠷ 

ᠮᠣᠷᠢᠨ ᠬᠤᠭᠤᠷ ᠰᠢᠭ᠋ ᠲᠩᠷᠢᠯᠢᠭ 
ᠮᠢᠨᠦ ᠠᠷᠠᠳ ᠤ᠋ᠨ ᠪᠦᠲᠦᠭᠡᠭᠰᠡᠨ 
ᠮᠥᠩᠬᠡᠳᠡ ᠡᠭᠡᠰᠢᠭᠯᠡᠬᠦ ᠠᠶᠠᠯᠭᠤ 
ᠮᠣᠩᠭᠣᠯ ᠲᠦᠮᠡᠨ ᠦ᠌ ᠪᠠᠬᠠᠷᠬᠠᠯ 

ᠬᠣᠷᠸ᠎ᠠ ᠳᠡᠯᠡᠬᠡᠢ ‍ᠶ᠋ᠢ ᠬᠥᠭᠯᠡᠭᠰᠡᠨ
ᠬᠣᠣᠰ ᠴᠢᠪᠬᠠᠳᠠᠰᠤᠲᠤ ᠮᠣᠷᠢᠨ ᠬᠤᠭᠤᠷ
ᠬᠣᠲᠠᠯᠠ ᠶᠢᠨ ᠳᠡᠭᠡᠳᠦ ᠢᠷᠦᠭᠡᠯᠲᠡᠢ
ᠬᠣᠷᠸ᠎ᠠ ᠳ᠋ᠤ᠌ ᠬᠣᠣᠰ ᠦᠭᠡᠢ ᠮᠣᠷᠢᠨ ᠬᠤᠭᠤᠷ

ᠮᠣᠷᠢᠨ ᠬᠤᠭᠤᠷ ᠰᠢᠭ᠋ ᠲᠩᠷᠢᠯᠢᠭ
ᠮᠢᠨᠦ ᠠᠷᠠᠳ ᠤ᠋ᠨ ᠪᠦᠲᠦᠭᠡᠭᠰᠡᠨ
ᠮᠥᠩᠬᠡᠳᠡ ᠡᠭᠡᠰᠢᠭᠯᠡᠬᠦ ᠠᠶᠠᠯᠭᠤ
ᠮᠣᠩᠭᠣᠯ ᠲᠦᠮᠡᠨ ᠦ᠌ ᠪᠠᠬᠠᠷᠬᠠᠯ

ᠪᠢ ᠮᠣᠩᠭᠣᠯ ᠂ ᠪᠢ ᠮᠣᠩᠭᠣᠯ

ᠡᠴᠢᠭᠡ ᠡᠪᠦᠭᠡᠳ ᠡᠴᠡ ᠥᠪᠯᠡᠭᠰᠡᠨ
ᠡᠷᠲᠡᠨ ᠦ᠌ ᠳᠣᠮᠣᠭ ᠲᠠᠢ ᠮᠣᠷᠢᠨ ᠬᠤᠭᠤᠷ
ᠡᠷᠬᠡᠲᠦ ᠲᠥᠷᠥ ᠳ᠋ᠡᠭᠡᠨ ᠳᠡᠭᠡᠳᠦᠯᠡᠭᠰᠡᠨ
ᠡᠭᠡᠰᠢᠭᠲᠦ ᠰᠠᠢᠬᠠᠨ ᠮᠣᠷᠢᠨ ᠬᠤᠭᠤᠷ

ᠮᠣᠷᠢᠨ ᠬᠤᠭᠤᠷ ᠰᠢᠭ᠋ ᠲᠩᠷᠢᠯᠢᠭ
ᠮᠢᠨᠦ ᠠᠷᠠᠳ ᠤ᠋ᠨ ᠪᠦᠲᠦᠭᠡᠭᠰᠡᠨ
ᠮᠥᠩᠬᠡᠳᠡ ᠡᠭᠡᠰᠢᠭᠯᠡᠬᠦ ᠠᠶᠠᠯᠭᠤ
ᠮᠣᠩᠭᠣᠯ ᠲᠦᠮᠡᠨ ᠦ᠌ ᠪᠠᠬᠠᠷᠬᠠᠯ

ᠮᠣᠷᠢᠨ ᠬᠤᠭᠤᠷ ᠰᠢᠭ᠋ ᠲᠩᠷᠢᠯᠢᠭ
ᠮᠢᠨᠦ ᠠᠷᠠᠳ ᠤ᠋ᠨ ᠪᠦᠲᠦᠭᠡᠭᠰᠡᠨ
ᠮᠥᠩᠬᠡᠳᠡ ᠡᠭᠡᠰᠢᠭᠯᠡᠬᠦ ᠠᠶᠠᠯᠭᠤ
ᠮᠣᠩᠭᠣᠯ ᠲᠦᠮᠡᠨ ᠦ᠌ ᠪᠠᠬᠠᠷᠬᠠᠯ
ᠮᠣᠩᠭᠣᠯ ᠲᠦᠮᠡᠨ ᠦ᠌ ᠪᠠᠬᠠᠷᠬᠠᠯ