ᠡᠵᠢ ᠳ᠋ᠦ᠍ ᠪᠡᠨ ᠪᠢᠴᠢᠭᠰᠡᠨ ᠨᠢᠭᠡᠨ ᠵᠠᠬᠢᠳᠠᠯ ᠤ᠋ᠨ ᠲᠡᠦᠬᠡ-ᠷ᠂ ᠴᠣᠢᠨᠣᠮЭэждээ бичсэн нэгэн захидлын түүх-Р.Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳ᠋ᠦ᠍ ᠪᠡᠨ ᠪᠢᠴᠢᠭᠰᠡᠨ ᠨᠢᠭᠡᠨ ᠵᠠᠬᠢᠳᠠᠯ ᠤ᠋ᠨ ᠲᠡᠦᠬᠡ-ᠷ᠂ ᠴᠣᠢᠨᠣᠮЭэждээ бичсэн нэгэн захидлын түүх-Р.Чойном

ᠡᠵᠢ ᠳ᠋ᠦ᠍ ᠪᠡᠨ ᠪᠢᠴᠢᠭᠰᠡᠨ ᠨᠢᠭᠡᠨ ᠵᠠᠬᠢᠳᠠᠯ ᠤ᠋ᠨ ᠲᠡᠦᠬᠡ-ᠷ᠂ ᠴᠣᠢᠨᠣᠮЭэждээ бичсэн нэгэн захидлын түүх-Р.Чойном

2023-08-22

383

ᠡᠵᠢ ᠳ᠋ᠦ᠍ ᠪᠡᠨ ᠪᠢᠴᠢᠭᠰᠡᠨ ᠨᠢᠭᠡᠨ ᠵᠠᠬᠢᠳᠠᠯ ᠤ᠋ᠨ ᠲᠡᠦᠬᠡ

                         ᠷ᠂ ᠴᠣᠢᠨᠣᠮ
      ᠬᠥᠬᠡ ᠨᠣᠭᠣᠭᠠᠨ ᠤ᠋ ᠤᠨᠢᠶᠠᠷ ᠲᠤ᠌ ᠪᠠᠢᠭᠠᠯᠢ ᠰᠣᠭᠲᠣᠭᠰᠠᠨ ᠵᠤᠨ ᠤ᠋ ᠢᠳᠡ ᠰᠠᠷ᠎ᠠ ᠳ᠋ᠤ᠌ ᠬᠣᠨᠢ ᠬᠣᠯᠪᠣᠭᠠᠳ ᠰᠠᠭᠠᠵᠤ ᠰᠠᠭᠤᠭᠰᠠᠨ ᠡᠬᠡ ᠳ᠋ᠦ᠍ ᠨᠢ᠄ ᠬᠦᠦ ᠨᠢ ᠤᠯᠤᠰ ᠲᠥᠷᠥ ᠶ᠋ᠢᠨ ᠬᠡᠷᠡᠭᠲᠡᠨ ᠪᠣᠯᠵᠤ ᠱᠣᠷᠣᠩ ᠳ᠋ᠤ᠌ ᠣᠷᠣᠵᠤ ᠭᠡᠨ᠎ᠡ ᠭᠡᠰᠡᠨ ᠠᠶᠤᠮᠰᠢᠭᠲᠤ ᠮᠡᠳᠡᠭᠡ ᠢᠷᠡᠵᠡᠢ᠃ ᠪᠡᠶ᠎ᠡ ᠰᠤᠯᠠ ᠲᠠᠢ ᠴᠤ᠌ ᠢᠩᠭᠢᠲᠡᠯ᠎ᠡ ᠪᠡᠨ ᠵᠣᠪᠠᠭᠠᠵᠤ ᠪᠠᠢᠭ᠎ᠠ ᠦᠭᠡᠢ ᠬᠦᠦ ᠪᠡᠨ ᠶᠠᠭᠠᠬᠢᠴᠢᠬᠠᠪᠠ ᠳᠠ ᠭᠡᠭᠰᠡᠭᠡᠷ ᠬᠥᠭᠡᠷᠦᠬᠦᠢ ᠡᠬᠡ ᠤᠤᠯᠭ᠎ᠠ ᠠᠯᠲᠠᠨ ᠰᠠᠨᠳᠤᠷᠴᠤ ᠳᠡᠮᠡᠢ ᠯᠡ᠄ ᠲᠥᠷᠥ ᠶ᠋ᠢᠨ ᠰᠦᠯᠳᠡ ᠥᠷᠥᠰᠢᠶᠡ ᠭᠡᠮᠡᠨ ᠵᠠᠯᠪᠠᠷᠢᠵᠤ ᠪᠠᠢᠪᠠ᠃
      ᠭᠠᠭᠴᠠ ᠬᠤᠳᠳᠤᠭ ᠲᠤ᠌ ᠪᠠᠢᠬᠤ ᠳ᠋ᠤ᠌ ᠨᠢ ᠠᠲᠠᠭᠠᠵᠤ ᠲᠡᠪᠡᠳᠡᠭᠰᠡᠭᠡᠷ ᠢᠷᠡᠵᠦ ᠬᠦᠦ ᠲᠡᠢ ᠪᠡᠨ ᠠᠭᠤᠯᠵᠠᠬᠤ ᠭᠡᠰᠡᠨ ᠪᠣᠯᠪᠠᠴᠤ ᠠᠭᠤᠯᠵᠠᠵᠤ ᠴᠢᠳᠠᠯ ᠦᠭᠡᠢ᠂ ᠬᠠᠷᠢᠨ ᠮᠥᠷᠳᠡᠨ ᠪᠠᠢᠴᠠᠭᠠᠭᠴᠢ ᠲᠠᠢ ᠨᠢ ᠠᠭᠤᠯᠵᠠᠭᠰᠠᠨ ᠪᠠᠢᠨ᠎ᠠ᠃ ᠡᠵᠢ ᠶ᠋ᠢ ᠪᠡᠨ ᠢᠷᠡᠭᠡᠳ ᠵᠣᠪᠠᠵᠤ ᠰᠢᠨᠠᠯᠵᠤ ᠪᠣᠢ ᠶ᠋ᠢ ᠲᠤᠭᠤᠯᠤᠭᠰᠠᠨ ᠬᠦᠦ ᠨᠢ ᠱᠣᠷᠣᠩ ᠤ᠋ᠨ ᠳᠠᠪᠴᠢᠭᠤ ᠥᠷᠥᠭᠡᠨ ᠳ᠋ᠦ᠍ ᠣᠯᠳᠠᠭᠰᠠᠨ ᠠᠯᠠᠭ᠎ᠠ ᠳᠠᠷᠤᠮ᠎ᠠ ᠴᠠᠭᠠᠰᠤ ᠶ᠋ᠢ ᠰᠢᠯᠦᠭ ᠢᠶᠠᠨ ᠪᠢᠴᠢᠨ᠎ᠡ ᠭᠡᠵᠦ ᠬᠠᠢᠷᠠᠯᠠᠯ ᠦᠭᠡᠢ ᠪᠡᠷ ᠵᠢᠵᠢᠭᠬᠡᠨ ᠦᠰᠦᠭ ᠢ᠋ᠶ᠋ᠡᠷ ᠵᠤᠷᠠᠢᠲᠠᠯ᠎ᠠ ᠪᠢᠴᠢᠭᠰᠡᠨ ᠵᠠᠬᠢᠶ᠎ᠠ ᠨᠢ ᠬᠤᠷᠢᠶᠠᠭᠳᠠᠵᠤ᠂ ᠡᠵᠢ ᠳ᠋ᠦ᠍ ᠨᠢ ᠣᠴᠢᠭᠰᠠᠨ ᠦᠭᠡᠢ᠂ ᠬᠠᠪᠲᠠᠰᠤᠲᠤ ᠬᠡᠷᠡᠭ ᠲᠦ᠍ ᠨᠢ ᠬᠠᠳᠠᠭᠠᠯᠠᠭᠳᠠᠭᠰᠠᠭᠠᠷ ᠪᠠᠢᠵᠠᠢ᠃ ᠡᠵᠢ ᠳ᠋ᠦ᠍ ᠨᠢ ᠢᠷᠡᠭᠡ ᠦᠭᠡᠢ ᠬᠦᠦ ᠶ᠋ᠢᠨ ᠵᠢᠷᠦᠬᠡᠨ ᠦ᠌ ᠦᠭᠡ ᠶ᠋ᠢ ᠬᠣᠷᠢᠨ ᠬᠡᠳᠦᠨ ᠵᠢᠯ ᠦ᠋ᠨ ᠳᠠᠷᠠᠭ᠎ᠠ ᠡᠵᠢ ᠨᠢ ᠰᠣᠨᠣᠰᠤᠭᠰᠠᠨ ᠢ᠋ᠶ᠋ᠠᠨ ᠤᠩᠰᠢᠭᠴᠢ ᠲᠠᠨ ᠳ᠋ᠤ᠌ ᠰᠣᠨᠣᠷᠳᠠᠭᠤᠯᠤᠶ᠎ᠠ᠃
      ᠮᠥᠷᠳᠡᠨ ᠡᠴᠡ ᠬᠦᠦ ᠴᠣᠢᠨᠣᠮ ᠪᠢᠴᠢᠪᠡ᠃
      ᠬᠦᠨᠳᠦᠲᠦ ᠨᠠᠢᠵᠠ ᠲᠣᠭᠣᠭ᠎ᠠ ᠮᠢᠨᠢ᠂ ᠰᠠᠢᠨ ᠪᠠᠢᠨ᠎ᠠ ᠤᠤ᠂ ᠮᠢᠨᠦ ᠡᠨᠡ ᠵᠠᠬᠢᠳᠠᠯ ᠢ᠋ ᠡᠵᠢ ᠳ᠋ᠦ᠍ ᠮᠢᠨᠢ ᠤᠩᠰᠢᠵᠤ ᠥᠭᠭᠦᠭᠡᠷᠡᠢ᠃ ᠪᠢ ᠴᠢᠮᠠᠲᠤ ᠶᠡᠬᠡ ᠪᠠᠶᠠᠷᠯᠠᠭᠰᠠᠨ᠃
      ᠡᠵᠢ ᠳ᠋ᠦ᠍ ᠪᠢᠴᠢᠬᠦ ᠨᠢ᠄ ᠬᠠᠢᠷᠠᠲᠤ ᠡᠵᠢ ᠮᠢᠨᠢ ᠰᠠᠢᠨ ᠪᠠᠢᠨ᠎ᠠ ᠤᠤ᠂ ᠶᠠᠭᠤᠨ ᠳ᠋ᠤ᠌ ᠶᠠᠭᠠᠷᠠᠵᠤ ᠰᠠᠨᠳᠤᠷᠴᠤ ᠢᠷᠡᠭᠡ ᠪᠣᠢ᠂ ᠢᠰᠢᠲᠡᠨᠵᠢᠨ ᠠᠬ᠎ᠠ ᠡᠳᠡ ᠨᠠᠷ ᠰᠦᠷ ᠪᠣᠯᠵᠤ ᠶᠠᠭᠠᠷᠠᠨ ᠬᠡᠯᠡ ᠥᠭᠴᠦ ᠰᠠᠨᠳᠤᠷᠭ᠎ᠠ ᠰᠢᠪ ᠳᠡ᠃ ᠰᠠᠶᠢ ᠪᠠᠢᠴᠠᠭᠠᠭᠴᠢ ᠮᠠᠨᠢ ᠬᠡᠯᠡ ᠥᠭᠴᠦ ᠡᠨᠡ ᠲᠤᠬᠠᠢ ᠶᠠᠷᠢᠯ᠎ᠠ᠃ ᠪᠢ ᠮᠥᠷᠳᠡᠨ ᠳ᠋ᠦ᠍ ᠰᠠᠭᠤᠵᠤ ᠯᠠ ᠪᠠᠢᠨ᠎ᠠ᠃ ᠡᠨᠡ ᠲᠤᠬᠠᠢ ᠲᠠ ᠣᠭᠲᠣ ᠰᠠᠨᠠᠭ᠎ᠠ ᠵᠣᠪᠠᠬᠤ ᠬᠡᠷᠡᠭ ᠦᠭᠡᠢ᠃ ᠪᠢ ᠴᠠᠭᠠᠳᠬᠠᠭᠳᠠᠬᠤ ᠦᠭᠡᠢ ᠶᠦᠮ ᠭᠡᠬᠦ ᠳ᠋ᠦ᠍ ᠲᠠᠪᠤ ᠠ᠋ᠴᠠ ᠳᠡᠭᠡᠭᠰᠢ ᠵᠢᠯ ᠠᠪᠬᠤ ᠦᠭᠡᠢ᠃ ᠲᠡᠭᠡᠭᠡᠳ ᠶᠡᠬᠡ ᠬᠤᠷᠠᠯ ᠤ᠋ᠨ ᠳᠠᠷᠤᠭ᠎ᠠ ᠳ᠋ᠤ᠌ ᠡᠷᠭᠦᠳᠡᠯ ᠥᠭᠭᠦᠨ᠎ᠡ᠃ ᠠᠶᠤᠬᠤ ᠬᠡᠷᠡᠭ ᠶᠠᠭᠤᠮ᠎ᠠ ᠣᠭᠲᠣ ᠪᠠᠢᠬᠤ ᠦᠭᠡᠢ ᠠ᠋᠃ ᠣᠳᠣ ᠮᠥᠷᠳᠡᠨ ᠳ᠋ᠦ᠍ ᠪᠡᠶ᠎ᠡ ᠰᠠᠢᠨ᠂ ᠬᠣᠭᠣᠯᠠ ᠡᠮᠨᠡᠯᠭᠡ ᠶ᠋ᠢᠨ ᠵᠥᠪᠰᠢᠶᠡᠷᠡᠯ ᠢ᠋ᠶ᠋ᠡᠷ ᠲᠤᠰ ᠲᠤ᠌ ᠪᠠᠨ ᠬᠣᠨᠢᠨ ᠮᠢᠬ᠎ᠠ᠂ ᠭᠤᠯᠢᠷ ᠲᠠᠢ ᠬᠣᠭᠣᠯᠠ᠂ ᠬᠠᠭᠠᠰ ᠺᠢᠯᠣᠭ᠌ᠷᠠᠮ ᠲᠠᠯᠬ᠎ᠠ᠂ ᠰᠢᠷ᠎ᠠ ᠲᠣᠰᠣ᠂ ᠰᠢᠬᠢᠷ ᠦ᠋ᠨ ᠨᠣᠷᠮ᠎ᠠ ᠲᠠᠢ᠃ ᠨᠠᠮᠠᠶ᠋ᠢ ᠡᠮᠴᠢ ᠨᠠᠷ ᠦᠷᠭᠦᠯᠵᠢ ᠦᠵᠡᠵᠦ ᠪᠠᠢᠭ᠎ᠠ᠃ ᠮᠢᠨᠦ ᠬᠡᠷᠡᠭ ᠤᠯᠤᠰ ᠲᠥᠷᠥ ᠶ᠋ᠢᠨ ᠬᠡᠷᠡᠭ ᠭᠡᠳᠡᠭ ᠪᠣᠯᠪᠠᠴᠤ ᠭᠠᠢᠭᠤᠢ ᠬᠥᠩᠭᠡᠨ ᠬᠡᠷᠡᠭ ᠰᠢᠦ ᠳᠡ᠃
      ᠪᠢ ᠠᠩᠬ᠎ᠠ ᠶᠡᠬᠡ ᠠᠶᠤᠭᠰᠠᠨ ᠶᠤᠮ᠃ ᠣᠳᠣ ᠰᠠᠨᠠᠬᠤ ᠳ᠋ᠤ᠌ ᠢᠨᠢᠶᠡᠳᠦ ᠬᠦᠷᠴᠦ ᠪᠠᠢᠨ᠎ᠠ᠃ ᠡᠨᠳᠡ ᠬᠠᠷᠢᠨ ᠨᠢᠭᠡ ᠮᠠᠭᠤ ᠲᠠᠯ᠎ᠠ ᠨᠢ ᠨᠣᠮ ᠶᠡᠷᠦ ᠳ᠋ᠦ᠍ ᠪᠡᠨ ᠦᠵᠡᠭᠦᠯᠬᠦ ᠦᠭᠡᠢ᠂ ᠪᠢᠴᠢᠭᠦᠯᠬᠦ ᠦᠭᠡᠢ ᠶᠦᠮ᠃ ᠭᠡᠪᠡᠴᠦ ᠪᠢ ᠴᠠᠭᠠᠰᠤ ᠣᠯᠤᠭᠠᠳ ᠶᠠᠭᠤᠮ᠎ᠠ ᠪᠠᠨ ᠪᠢᠴᠢᠭᠡᠳ ᠬᠡᠪᠲᠡᠵᠦ ᠪᠠᠢᠨ᠎ᠠ᠃ ᠡᠵᠢ ᠲᠠᠨ ᠤ᠋ ᠬᠤᠪᠢ ᠳ᠋ᠤ᠌ ᠪᠣᠯ ᠨᠢᠭᠡᠨᠲᠡ ᠣᠳᠣ ᠪᠠᠷ ᠨᠠᠳᠠ ᠲᠠᠢ ᠠᠭᠤᠯᠵᠠᠭᠤᠯᠬᠤ ᠦᠭᠡᠢ ᠲᠤᠯᠠ ᠶᠠᠭᠠᠷᠠᠨ ᠪᠤᠴᠠᠭᠠᠳ ᠰᠡᠳᠬᠢᠯ ᠠᠭᠤᠵᠢᠭᠤ ᠬᠦᠯᠢᠶᠡᠵᠦ ᠪᠠᠢ᠃ ᠪᠢ ᠲᠠᠰᠤᠯᠤᠭᠳᠠᠭᠠᠳ ᠵᠠᠬᠢᠶ᠎ᠠ ᠪᠢᠴᠢᠨ᠎ᠡ᠃ ᠥᠭᠡᠷ᠎ᠡ ᠬᠥᠮᠦᠨ ᠦ᠌ ᠡᠯᠳᠡᠪ ᠵᠠᠬᠢᠳᠠᠯ ᠳ᠋ᠤ᠌ ᠪᠤᠤ ᠢᠲᠡᠭᠡᠭᠡᠷᠡᠢ᠂ ᠶᠠᠭᠤᠮ᠎ᠠ ᠦᠵᠡᠭᠡ ᠦᠭᠡᠢ ᠲᠡᠳᠡ ᠵᠢᠭᠠᠬᠠᠨ ᠶᠠᠭᠤᠮ᠎ᠠ ᠳᠣᠭᠣᠯᠴᠢᠬᠠᠭᠠᠳ ᠠᠶᠤᠬᠤ ᠳ᠋ᠠᠭᠠᠨ ᠬᠡᠳᠦ ᠥᠰᠬᠡᠵᠦ( ᠥᠰᠬᠡᠭᠡᠨ ᠲᠥᠰᠭᠡᠭᠡᠨ) ᠴᠦ᠍ ᠪᠠᠢᠵᠤ ᠮᠡᠳᠡᠨ᠎ᠡ᠃
      ᠡᠵᠢ ᠶ᠋ᠢ ᠰ᠂ ᠤᠳᠪᠠᠯᠠ ᠳᠠᠷᠤᠭ᠎ᠠ(ᠲᠡᠷᠡ ᠮᠣᠩᠭᠣᠯ ᠤ᠋ᠨ ᠵᠣᠬᠢᠶᠠᠯᠴᠢᠳ ᠤ᠋ᠨ ᠬᠣᠷᠢᠶᠠᠨ ᠤ᠋ ᠳᠠᠷᠤᠭ᠎ᠠ) ᠳ᠋ᠤ᠌ ᠣᠷᠣᠬᠤ ᠳ᠋ᠠᠭᠠᠨ ᠪᠠᠷᠢᠵᠤ ᠣᠷᠣᠬᠤ ᠡᠷᠭᠦᠳᠡᠯ ᠢ᠋ ᠬᠠᠪᠤᠷ ᠥᠭᠭᠦᠨ᠎ᠡ᠃ ᠭᠤᠷᠪᠠᠳᠤᠭᠠᠷ ᠰᠠᠷ᠎ᠠ ᠶ᠋ᠢᠨ ᠨᠠᠢ᠍ᠮᠠᠨ ᠤ᠋ ᠨᠠᠭᠠᠨ᠎ᠠ ᠣᠷᠣᠨ᠎ᠠ ᠭᠡᠵᠦ ᠪᠣᠳᠣᠭᠠᠳ ᠲᠠ ᠬᠥᠳᠡᠭᠡ ᠪᠠᠢᠵᠤ ᠪᠠᠢ᠃ ᠪᠢ ᠡᠨᠳᠡ ᠠᠯᠵᠢᠬᠤ ᠦᠭᠡᠢ ᠠ᠋᠃ ᠪᠢ ᠲᠠᠰᠤᠯᠤᠭᠳᠠᠭᠠᠳ ᠬᠦᠨᠳᠦ ᠠᠵᠢᠯ ᠬᠢᠬᠦ ᠦᠭᠡᠢ᠂ ᠵᠢᠷᠤᠭ ᠵᠢᠷᠤᠭᠠᠳ ᠳᠤᠯᠠᠭᠠᠨ ᠪᠠᠢᠰᠢᠩ ᠳ᠋ᠤ᠌ ᠰᠠᠭᠤᠨ᠎ᠠ᠃ ᠮᠢᠨᠦ ᠡᠷᠡᠭᠦᠯ ᠮᠡᠨᠳᠦ ᠶ᠋ᠢ ᠬᠠᠷᠠᠵᠤ ᠬᠠᠮᠠᠭᠠᠯᠠᠬᠤ ᠡᠮᠨᠡᠯᠭᠡ ᠶ᠋ᠢᠨ ᠺᠣᠮᠢᠰ ᠪᠠᠢᠭᠤᠯᠤᠭᠳᠠᠭᠰᠠᠨ᠃ ᠲᠠᠰᠤᠯᠤᠭᠳᠠᠬᠤ ᠪᠠᠷ ᠳᠣᠲᠣᠭᠠᠳᠤ ᠶᠠᠮᠤᠨ ᠥᠪᠡᠷ ᠲᠦ᠍ ᠪᠡᠨ ᠲᠠᠲᠠᠵᠤ ᠠᠪᠴᠤ᠂ ᠠᠵᠤ ᠠᠬᠤᠢ ᠳᠡᠭᠡᠷ᠎ᠡ ᠪᠡᠨ ᠵᠢᠷᠤᠭᠠᠴᠢ ᠪᠠᠷ ᠠᠵᠢᠯᠯᠠᠭᠤᠯᠤᠨ᠎ᠠ ᠭᠡᠰᠡᠨ᠃ ᠡᠵᠢ ᠮᠢᠨᠢ ᠲᠠ ᠮᠣᠩᠴᠠᠮᠸ(《ᠮᠣᠩᠭᠣᠯ ᠤ᠋ᠨ ᠴᠠᠬᠢᠯᠭᠠᠨ ᠮᠡᠳᠡᠭᠡ》 ᠭᠡᠬᠦ ᠰᠣᠨᠢᠨ ᠮᠡᠳᠡᠭᠡᠨ ᠦ᠌ ᠪᠠᠢᠭᠤᠯᠤᠯᠭ᠎ᠠ) ᠠ᠋ᠴᠠ ᠮᠢᠨᠦ ᠬᠡᠳᠦᠨ ᠲᠥᠭᠥᠷᠢᠭ( ᠵᠣᠬᠢᠶᠠᠯ ᠤ᠋ᠨ ᠬᠠᠷᠠᠮᠵᠢ ᠮᠥᠩᠭᠥ ᠶ᠋ᠢ ᠬᠡᠯᠡᠵᠦ ᠪᠠᠢᠭ᠎ᠠ ᠪᠣᠯᠤᠯᠲᠠᠢ) ᠭᠠᠷᠤᠭᠰᠠᠨ ᠪᠠᠢᠪᠠᠯ ᠠᠪᠴᠤ ᠪᠤᠴᠠᠭᠠᠷᠠᠢ᠃ ᠡᠨᠡ ᠱᠣᠷᠣᠩ ᠳ᠋ᠤ᠌ ᠮᠥᠩᠭᠥ ᠶᠡᠬᠡ ᠬᠡᠷᠡᠭᠲᠡᠢ ᠶᠦᠮ ᠪᠠᠢᠨ᠎ᠠ᠃ ᠵᠠ ᠪᠠᠶᠠᠷᠲᠠᠢ᠃ ᠶᠣᠰᠣᠯᠠᠭᠰᠠᠨ ᠬᠦᠦ ᠷ᠂ ᠴᠣᠢᠨᠣᠮ ᠭᠡᠵᠡᠢ᠃
      ᠬᠦᠦ ᠶ᠋ᠢᠨ ᠵᠠᠬᠢᠳᠠᠯ ᠢ᠋ ᠨᠠᠮᠤᠭᠤᠬᠠᠨ ᠳᠠᠭᠤᠳᠠᠭᠤᠯᠵᠤ ᠰᠠᠭᠤᠭ᠎ᠠ ᠡᠬᠡ ᠶ᠋ᠢᠨ ᠨᠢᠯᠪᠤᠰᠤ ᠠᠰᠬᠠᠷᠠᠭᠰᠠᠭᠠᠷ ᠪᠢᠳᠡᠨ ᠦ᠌ ᠰᠡᠳᠬᠢᠯ ᠢ᠋ ᠬᠥᠪᠰᠥᠯᠵᠡᠭᠦᠯᠦᠨ᠎ᠡ᠃ ᠭᠠᠭᠴᠠ ᠬᠤᠳᠳᠤᠭ ᠲᠤ᠌ ᠪᠠᠢᠬᠤ ᠳ᠋ᠤ᠌ ᠨᠢ ᠭᠠᠭᠴᠠᠬᠠᠨ ᠤᠳᠠᠭ᠎ᠠ ᠬᠥᠭᠡᠭᠡᠴᠡᠯᠳᠦᠵᠦ ᠪᠠᠢᠵᠤ ᠠᠭᠤᠯᠵᠠᠨ ᠬᠦᠦ ᠶ᠋ᠢᠨ ᠢᠶᠠᠨ ᠳᠤᠬᠤ ᠶ᠋ᠢ ᠦᠨᠦᠷᠯᠡᠭᠰᠡᠨ ᠶᠦᠮ᠃ ᠶᠠᠭᠤᠮ᠎ᠠ ᠴᠤ᠌ ᠶᠠᠷᠢᠵᠤ ᠪᠣᠯᠬᠤ ᠦᠭᠡᠢ᠂ ᠳᠡᠮᠡᠢ ᠵᠢᠭᠠᠬᠠᠨ ᠤᠬᠢᠯᠠᠭᠰᠠᠭᠠᠷ ᠡᠷᠭᠢᠯᠲᠡ ᠶ᠋ᠢᠨ ᠴᠠᠭ ᠳᠠᠭᠤᠰᠴᠤ ᠠᠪᠴᠢᠷᠠᠭᠰᠠᠨ ᠵᠢᠭᠠᠬᠠᠨ ᠶᠠᠭᠤᠮ᠎ᠠ ᠪᠠᠨ ᠥᠭᠴᠦ ᠬᠤᠪᠴᠠᠰᠤ ᠶ᠋ᠢ ᠨᠢ ᠰᠣᠯᠢᠭᠠᠳ ᠭᠠᠷᠤᠭᠰᠠᠨ ᠠᠵᠠᠢ᠃
      ᠢᠷᠠᠭᠤ ᠨᠠᠢᠷᠠᠭᠴᠢ ᠷ᠂ ᠴᠥᠢᠨᠤᠮ ᠡᠵᠡᠨ ᠳ᠋ᠦ᠍ ᠪᠡᠨ ᠬᠦᠷᠦᠭᠡ ᠦᠭᠡᠢ ᠡᠨᠡ ᠵᠠᠬᠢᠳᠠᠯ ᠳ᠋ᠤ᠌ ᠪᠠᠨ ᠨᠠᠮᠠᠶ᠋ᠢ ᠡᠢᠮᠦᠷᠬᠦ ᠶᠠᠪᠤᠭ᠎ᠠ ᠶ᠋ᠢ ᠨᠥᠬᠥᠳ ᠪᠣᠯᠭᠠᠨ ᠳ᠋ᠤ᠌ ᠳᠣᠭᠣᠯᠭᠠᠭᠠᠷᠠᠢ ᠭᠡᠵᠦ ᠵᠠᠬᠢᠭᠰᠠᠨ ᠨᠢ ᠪᠣᠢ᠃ ᠥᠨᠥᠳᠥᠷ ᠤᠩᠰᠢᠭᠴᠢ ᠣᠯᠠᠨ ᠳ᠋ᠤ᠌ ᠪᠠᠨ᠂ ᠲᠡᠭᠦᠨ ᠦ᠌ ᠢᠷᠠᠭᠤ ᠨᠠᠢᠷᠠᠭ ᠢ᠋ ᠬᠦᠨᠳᠦᠯᠡᠳᠡᠭ ᠪᠦᠬᠦᠨ ᠳ᠋ᠦ᠍ ᠡᠨᠡ ᠦᠭᠡ ᠶ᠋ᠢ ᠳᠣᠭᠣᠯᠭᠠᠵᠤ ᠪᠠᠢᠨ᠎ᠠ᠃