ᠮᠠᠨ ᠤ ᠲᠠᠰᠤᠭ ᠤᠨ ᠳᠣᠯᠭᠠᠷᠮᠠ ᠭᠤᠸᠠᠢ – ᠱ᠂ ᠸᠠᠩᠴᠢᠭᠠᠷᠠᠢ Манай тасгийн долгормаа гуай – Ш᠂ Ванчаарай
ᠮᠠᠨ ᠤ ᠲᠠᠰᠤᠭ ᠤᠨ ᠳᠣᠯᠭᠠᠷᠮᠠ ᠭᠤᠸᠠᠢ
ᠳᠤᠯᠭᠠᠷᠮ᠎ᠠ ᠪᠢᠳᠠ ᠬᠣᠶᠠᠷ ᠨᠢᠭᠡ ᠥᠷᠥᠭᠡᠨ ᠳ᠋ᠦ᠍ ᠰᠠᠭᠤᠳᠠᠭ᠃ ᠲᠡᠭᠦᠨ ᠦ᠌ ᠢᠯᠡᠭᠦᠦ ᠳᠤᠲᠠᠭᠤ ᠶᠠᠭᠤᠮ᠎ᠠ ᠦᠭᠡᠢ ᠡᠪᠯᠢᠭ ᠬᠥᠳᠡᠯᠭᠡᠭᠡᠨ᠂ ᠪᠠᠢᠷᠢᠰᠢᠭᠤ ᠮᠢᠬᠠᠯᠢᠭ ᠭᠠᠯᠪᠠᠷ ᠲᠥᠷᠬᠦ ᠨᠢ ᠬᠡᠨ ᠦ᠌ ᠴᠦ᠍ ᠨᠢᠳᠦᠨ ᠳ᠋ᠦ᠍ ᠳᠤᠯᠠᠭᠠᠬᠠᠨ ᠬᠠᠷᠠᠭᠳᠠᠨ᠎ᠠ᠃ ᠬᠠᠷᠢᠨ ᠪᠣᠳᠣᠭᠰᠠᠨ ᠴᠤ᠌ ᠶᠦᠮ ᠰᠢᠭ᠋᠂ ᠦᠭᠡᠢ ᠴᠤ᠌ ᠶᠤᠮ ᠰᠢᠭ᠋ ᠬᠠᠷᠠᠬᠠᠨ ᠬᠥᠮᠥᠰᠬᠡ᠂ ᠰᠡᠷᠪᠡᠢᠭᠰᠡᠨ ᠰᠣᠷᠮᠤᠤᠰᠤ ᠨᠢ ᠠᠶᠠᠲᠠᠢᠬᠠᠨ ᠶᠠᠭᠠᠨ ᠴᠢᠷᠠᠢ ᠶ᠋ᠢ ᠨᠢ ᠴᠢᠮᠡᠬᠦ ᠪᠥᠯᠥᠭᠡ᠃ ᠳᠣᠯᠭᠠᠷᠮᠠ ᠭᠤᠸᠠᠢ ᠮᠢᠬᠠᠯᠢᠭ ᠵᠤᠵᠠᠭᠠᠨ ᠪᠠᠶᠠᠨ ᠳ᠋ᠠᠭᠠᠨ ᠬᠥᠯ ᠲᠤᠰᠢᠵᠤ ᠪᠡᠶ᠎ᠡ ᠪᠠᠷᠢᠭᠰᠠᠨ ᠬᠤᠪᠴᠠᠰᠤ ᠲᠤᠩ ᠴᠤ᠌ ᠵᠣᠬᠢᠮᠵᠢᠲᠠᠢ ᠲᠠᠭᠠᠷᠠᠭᠤᠯᠤᠨ ᠡᠮᠦᠰᠬᠦ ᠪᠥᠭᠡᠳ ᠬᠤᠳᠠᠯᠳᠤᠭᠠᠨ ᠳ᠋ᠤ᠌ ᠭᠠᠷᠤᠭᠰᠠᠨ ᠡᠷᠢᠶᠡᠨ ᠮᠡᠷᠢᠶᠡᠨ ᠪᠦᠭᠦᠳᠡ ᠪᠡᠷ ᠳᠠᠩ ᠳᠡᠪᠡᠯ ᠬᠢᠨ ᠡᠮᠦᠰᠴᠦ ᠦᠵᠡᠬᠦ ᠰᠢᠭ ᠨᠠᠳᠠ ᠳ᠋ᠤ᠌ ᠰᠠᠨᠠᠭᠳᠠᠨ᠎ᠠ᠃ ᠵᠠᠷᠢᠮ ᠳ᠋ᠠᠭᠠᠨ ᠵᠡᠭᠦᠦ ᠡᠴᠡ ᠳᠥᠩᠭᠡᠵᠦ ᠭᠠᠷᠤᠭᠰᠠᠨ ᠰᠢᠨ᠎ᠡ ᠳᠡᠪᠡᠯ ᠢ᠋ᠶ᠋ᠡᠨ ᠬᠠᠷᠠᠭᠰᠠᠭᠠᠷ ᠪᠠᠢᠲᠠᠯ᠎ᠠ ᠭᠠᠭᠴᠠ ᠬᠣᠶᠠᠷᠬᠠᠨ ᠡᠮᠦᠰᠦᠭᠰᠡᠨ ᠪᠣᠯᠤᠭᠠᠳ ᠳᠠᠬᠢᠵᠤ ᠶᠡᠷᠦ ᠡᠮᠦᠰᠳᠡᠭ ᠦᠭᠡᠢ ᠶᠦᠮ᠃ ᠪᠣᠳᠣᠪᠠᠯ ᠬᠡᠨ ᠨᠢᠭᠡᠨ ᠬᠥᠮᠦᠨ ᠳ᠋ᠦ᠍ ᠵᠠᠷᠤᠵᠤ ᠳᠠᠯᠳᠠ ᠣᠷᠣᠭᠤᠯᠳᠠᠭ ᠪᠢᠵᠡ᠃ ᠮᠠᠨ ᠤ᠋ ᠲᠠᠰᠤᠭ ᠤ᠋ᠨ ᠠᠬᠠᠯᠠᠬᠤ ᠪᠠᠢᠴᠠᠭᠠᠭᠴᠢ ᠪᠣᠯᠤᠭᠠᠳ ᠴᠤ᠌ ᠲᠡᠷᠡ ᠶᠣᠮ᠎ᠠ ᠤᠤ᠂ ᠠᠵᠢᠯ ᠳ᠋ᠠᠭᠠᠨ ᠶᠠᠭ ᠴᠠᠭ ᠲᠠᠭᠠᠨ ᠢᠷᠡᠭᠡᠳ ᠦᠳᠡ ᠶ᠋ᠢᠨ ᠵᠠᠪᠰᠠᠷᠯᠠᠭ᠎ᠠ ᠪᠠᠷ ᠭᠤᠸᠠᠨᠵᠠᠨ ᠳ᠋ᠤ᠌ ᠣᠷᠣᠯ ᠦᠭᠡᠢ ᠨᠢᠭᠡ ᠲᠠᠢᠰᠢ ᠪᠠᠨ ᠭᠠᠭᠴᠠᠭᠠᠷ ᠢ᠋ᠶ᠋ᠠᠨ ᠠᠯᠠᠭ᠎ᠠ ᠪᠣᠯᠤᠭᠠᠳ ᠮᠥᠨ ᠯᠡ ᠴᠠᠭ ᠲᠠᠭᠠᠨ ᠢᠷᠡᠵᠦ ᠴᠠᠳᠬᠤᠯᠠᠩ ᠴᠢᠷᠠᠢᠯᠠᠨ ᠰᠢᠷᠡᠭᠡᠨ ᠦ᠌ ᠪᠡᠨ ᠠᠷᠤ ᠳ᠋ᠤ᠌ ᠰᠠᠭᠤᠵᠤ ᠠᠪᠤᠨ᠎ᠠ ᠃
– ᠨᠠᠮ᠎ᠠ ᠶ᠋ᠢ ᠶᠠᠭᠤᠮ᠎ᠠ ᠠᠰᠠᠭᠤᠬᠤ ᠪᠠᠷ ᠢᠨᠢᠶᠡᠳᠦ ᠠᠯᠲᠠᠨ ᠨᠢᠭᠡ ᠶᠡᠬᠡ ᠦᠯᠡᠳᠡᠴᠡ ᠲᠡᠢ ᠪᠢᠰᠢ ᠴᠤ᠌ ᠭᠡᠰᠡᠨ ᠶᠣᠰᠣ ᠶᠤᠮ ᠰᠢᠭ᠋ ᠨᠢᠭᠤᠷ ᠤᠷᠤᠭᠤ ᠰᠡᠳᠬᠢᠯ ᠵᠣᠪᠠᠮᠠᠷ ᠬᠠᠷᠠᠭᠠᠳ᠄
– ᠶᠠᠭᠠᠬᠢᠬᠤ ᠪᠣᠢ ᠳᠠ᠂ ᠲᠡᠭᠡᠰᠬᠢᠭᠡᠳ ᠪᠣᠯᠴᠢᠬᠠᠬᠤ ᠦᠭᠡᠢ ᠦᠦ ᠭᠡᠳ ᠠᠵᠢᠯ ᠬᠢᠬᠦ ᠭᠡᠵᠦ ᠳᠦᠷᠡᠯᠵᠡᠵᠦ ᠪᠠᠢᠭᠰᠠᠨ ᠰᠡᠳᠬᠢᠯ ᠳᠡᠭᠡᠷ᠎ᠡ ᠮᠢᠨᠢ ᠬᠦᠢᠲᠡᠨ ᠤᠰᠤ ᠠᠰᠬᠠᠴᠢᠬᠠᠵᠤ ᠪᠠᠢᠭ᠎ᠠ ᠶᠤᠮ ᠰᠢᠭ᠋ ᠪᠣᠯᠭᠠᠨ᠎ᠠ᠃ ᠪᠢ《 ᠳᠣᠯᠭᠠᠷᠮᠠ ᠭᠤᠸᠠᠢ ᠠ᠋ᠴᠠ ᠠᠰᠠᠭᠤᠭᠰᠠᠨ ᠠᠰᠠᠭᠤᠭ᠎ᠠ ᠦᠭᠡᠢ ᠠᠳᠠᠯᠢᠬᠠᠨ ᠭᠡᠵᠦ ᠪᠣᠳᠣᠬᠤ ᠪᠣᠯᠪᠠᠴᠤ ᠲᠠᠰᠤᠭ ᠤ᠋ᠨ ᠳᠠᠷᠤᠭ᠎ᠠ < ᠮᠡᠳᠡᠬᠦ ᠦᠭᠡᠢ ᠶᠠᠭᠤᠮ᠎ᠠ ᠪᠠᠨ ᠳᠣᠯᠭᠠᠷᠮᠠ ᠠ᠋ᠴᠠ ᠰᠠᠢᠨ ᠠᠰᠠᠭᠤᠵᠤ ᠪᠠᠢ᠂ ᠴᠢ ᠲᠡᠭᠦᠨ ᠦ᠌ ᠤᠳᠤᠷᠢᠳᠤᠯᠭᠠᠨ ᠳ᠋ᠤ᠌ ᠰᠢᠭᠤᠳ ᠠᠵᠢᠯᠯᠠᠨ᠎ᠠ ᠰᠢᠦ > 》 ᠭᠡᠰᠡᠨ ᠪᠣᠯᠬᠣᠷ ᠰᠠᠩᠬᠦᠦ ᠶ᠋ᠢᠨ ᠲᠧᠭᠨᠢᠺᠤᠮ① ᠳᠥᠩᠭᠡᠵᠦ ᠲᠡᠭᠦᠰᠦᠭᠰᠡᠨ ᠪᠢ ᠲᠡᠰᠴᠦ ᠴᠢᠳᠠᠬᠤ ᠦᠭᠡᠢ ᠮᠡᠳᠡᠬᠦ ᠦᠭᠡᠢ ᠶᠠᠭᠤᠮ᠎ᠠ ᠪᠠᠨ ᠠᠰᠠᠭᠤᠴᠢᠬᠠᠭᠠᠳ ᠪᠠᠢᠨ᠎ᠠ ᠃
ᠲᠠᠰᠤᠭ ᠤ᠋ᠨ ᠳᠠᠷᠤᠭ᠎ᠠ ᠶ᠋ᠢ ᠪᠠᠢᠬᠤ ᠦᠶ᠎ᠡ ᠳ᠋ᠦ᠍ ᠳᠣᠯᠭᠠᠷᠮᠠ ᠭᠤᠸᠠᠢ ᠥᠷᠥᠭᠡᠨ ᠡᠴᠡ ᠭᠠᠷᠤᠨ᠎ᠠ ᠭᠡᠵᠦ ᠪᠠᠢᠬᠤ ᠦᠭᠡᠢ᠃ ᠥᠨᠥᠳᠥᠷ ᠲᠡᠷᠡ ᠮᠥᠨ ᠯᠡ ᠬᠢᠬᠦ ᠠᠵᠢᠯ ᠢ᠋ᠶ᠋ᠠᠨ ᠣᠯᠵᠤ ᠴᠥᠬᠥᠨᠡ᠂ ᠰᠢᠷᠡᠭᠡ ᠪᠡᠨ ᠬᠡᠢ ᠣᠩᠭᠢᠴᠢᠨ ᠪᠠᠢᠭᠰᠠᠨ ᠢ᠋ᠶ᠋ᠠᠨ ᠡᠪᠦᠷ ᠦ᠋ᠨ ᠢ᠋ᠶ᠋ᠡᠨ ᠬᠥᠬᠡ ᠳᠡᠪᠲᠡᠷ ᠢ᠋ ᠭᠠᠷᠭᠠᠭᠠᠳ ᠢᠷᠡᠪᠡ᠃ ᠴᠢᠮᠢᠨ ᠬᠢᠴᠡᠲᠡᠢ᠂ ᠨᠢᠴᠦᠭᠦᠨ ᠬᠡᠦᠬᠡᠨ ᠦ᠌ ᠵᠢᠷᠤᠭ ᠲᠠᠢ ᠡᠨᠡ ᠵᠢᠵᠢᠭ ᠳᠡᠪᠲᠡᠷ ᠲᠦ᠍ ᠤᠲᠠᠰᠤᠨ ᠤ᠋ ᠬᠢᠨᠢ ᠳ᠋ᠤᠭᠠᠷ ᠪᠠᠢᠬᠤ ᠦᠭᠡᠢ ᠠᠯᠪᠠᠨ ᠭᠠᠵᠠᠷ᠂ ᠠᠢᠯ ᠭᠡᠵᠦ ᠪᠠᠢᠬᠤ ᠦᠭᠡᠢ ᠶᠦᠮ ᠰᠢᠭ ᠨᠠᠳᠠ ᠳ᠋ᠤ᠌ ᠰᠠᠨᠠᠭᠳᠠᠳᠠᠭ᠃ ᠶᠠᠮᠠᠷ ᠨᠢᠭᠡᠨ ᠬᠥᠮᠦᠨ ᠡᠴᠡ ᠨᠢᠭᠤᠨ᠎ᠠ ᠭᠡᠵᠦ ᠵᠢᠭᠲᠡᠢᠬᠡᠨ᠂ ᠢᠩᠭᠢᠭᠡᠳ ᠳᠣᠯᠭᠠᠷᠮᠠ ᠭᠤᠸᠠᠢ ᠬᠦᠬᠡ ᠲᠡᠪᠲᠡᠷ ᠢ᠋ᠶ᠋ᠠᠨ ᠡᠮᠦᠨ᠎ᠡ ᠪᠡᠨ ᠳᠡᠯᠭᠡᠵᠦ ᠲᠠᠯᠪᠢᠭᠠᠳ ᠤᠲᠠᠰᠤ ᠪᠠᠷ ᠶᠠᠷᠢᠬᠤ ᠥᠨᠥᠬᠢ ᠠᠵᠢᠯ ᠳ᠋ᠠᠭᠠᠨ ᠣᠷᠣᠯ᠎ᠠ᠃ ᠢᠩᠭᠢᠬᠦᠯᠡᠷ ᠢ᠋ᠶ᠋ᠡᠨ ᠳᠣᠯᠭᠠᠷᠮᠠ ᠭᠤᠸᠠᠢ ᠶᠣᠰᠣᠲᠠᠢ ᠯᠠ ᠠᠵᠢᠯ ᠨᠢ ᠪᠦᠲᠦᠵᠦ ᠪᠠᠢᠭ᠎ᠠ ᠬᠥᠮᠥᠨ ᠰᠢᠭ ᠰᠡᠳᠬᠢᠯ ᠨᠢ ᠰᠡᠷᠭᠦᠭᠡᠳ ᠴᠡᠴᠡᠭ ᠦ᠋ᠨ ᠪᠠᠯ ᠠᠮᠲᠠᠯᠠᠭᠰᠠᠨ ᠡᠷᠪᠡᠬᠡᠢ ᠰᠢᠭ ᠰᠠᠯᠤᠨ᠎ᠠ ᠴᠤ᠌ ᠭᠡᠵᠦ ᠪᠠᠢᠬᠤ ᠦᠭᠡᠢ ᠳ᠋ᠠ᠃
– ᠬᠦᠢ᠂ ᠴᠢ ᠨᠠᠳᠠ ᠳ᠋ᠤ᠌ ᠬᠣᠶᠠᠷᠬᠠᠨ ᠢ᠋ ᠠᠷᠭᠠᠯᠠ᠂ ᠦᠳᠡᠰᠢᠯᠡᠭᠡ ᠶ᠋ᠢᠨ ᠳᠠᠷᠠᠭ᠎ᠠ ᠴᠢᠮ᠎ᠠ ᠪᠡᠷ ᠬᠦᠷᠭᠡᠭᠦᠯᠬᠦ ᠦᠭᠡᠢ᠂ ᠴᠢ ᠨᠠᠳᠠ ᠠ᠋ᠴᠠ ᠪᠢᠲᠡᠭᠡᠢ ᠠᠶᠤ ᠃
– ᠴᠢ ᠨᠠᠳᠠ ᠳ᠋ᠤ᠌ ᠬᠣᠶᠠᠷᠬᠠᠨ ᠤᠷᠢᠯᠭ᠎ᠠ᠂ ᠭᠡᠮ ᠦᠭᠡᠢ ᠣᠯᠤᠭᠠᠳ ᠥᠭᠴᠢᠭᠡ ᠯᠠ ᠳ᠋ᠠ᠃ ᠬᠠᠷᠢᠨ ᠪᠢ ᠴᠢᠮ᠎ᠠ ᠡᠴᠡ ᠵᠦᠭᠡᠷ ᠯᠠ ᠭᠣᠶᠣᠵᠤ ᠪᠠᠢᠭ᠎ᠠ ᠶᠤᠮ᠃ ᠨᠠᠢᠵᠠ ᠨᠢ ᠁ ᠡᠨᠡ ᠤᠳᠠᠭ᠎ᠠ ᠁ ᠭᠡᠳ ᠨᠠᠮ᠎ᠠ ᠶ᠋ᠢ ᠮᠠᠷᠲᠠᠴᠢᠬᠠᠭᠰᠠᠨ ᠪᠣᠯᠤᠯᠲᠠᠢ ᠨᠠᠳᠠ ᠤᠷᠤᠭᠤ ᠨᠢᠳᠦ ᠨᠢ ᠭᠢᠯᠠᠰᠬᠢᠨ ᠨᠢᠭᠡ ᠲᠣᠮᠣ ᠬᠠᠷᠠᠭᠠᠳ ᠴᠢᠷᠠᠢ ᠨᠢ ᠲᠦᠪᠰᠢᠨ ᠭᠦᠨᠳᠦᠦ ᠦᠭᠡᠢ ( ᠲᠣᠮᠣᠭᠠᠲᠠᠢ ) ᠪᠣᠯᠵᠤ ᠳᠠᠭᠤ ᠪᠠᠨ ᠨᠠᠮᠳᠠᠭᠠᠨ᠄
– ᠵᠠ ᠶᠠᠭᠠᠬᠢᠬᠤ ᠪᠣᠢ᠂ ᠳᠠᠷᠠᠭ᠎ᠠ ᠴᠢᠮ᠎ᠠ ᠳ᠋ᠤ᠌ ᠬᠡᠯᠡᠨ᠎ᠡ᠃ ᠲᠡᠭᠡᠭᠡᠳ ᠴᠢ ᠴᠢᠳᠠᠬᠤ ᠦᠭᠡᠢ ᠶᠦᠮ ᠪᠢᠵᠡ ᠳᠡ ᠁ ᠵᠠ ᠪᠠᠶᠠᠷᠲᠠᠢ ᠁ ᠴᠢ ᠶᠠᠭᠠᠬᠢᠭᠠᠳ ᠣᠢᠷ᠎ᠠ ᠳ᠋ᠤ᠌ ᠪᠠᠨ ᠨᠠᠳᠠ ᠤᠷᠤᠭᠤ ᠤᠲᠠᠰᠤᠳᠠᠬᠤ ᠪᠠᠨ ᠪᠠᠢᠴᠢᠬᠠᠭᠰᠠᠨ ᠪᠣᠢ!ᠪᠢ ᠴᠤ᠌ ᠰᠢᠯᠲᠠᠭᠠᠨ ᠢ᠋ ᠴᠢᠨᠢ ᠲᠤᠭᠤᠯᠤᠭᠰᠠᠨ ᠭᠡᠳ ᠤᠲᠠᠰᠤ ᠪᠠᠨ ᠲᠠᠯᠪᠢᠵᠤ ᠳᠠᠬᠢᠨ ᠪᠠᠰᠠ ᠨᠢᠭᠡ ᠳ᠋ᠦ᠍ ᠵᠠᠯᠭᠠᠪᠠ᠃ ᠳᠣᠯᠭᠠᠷᠮᠠ ᠭᠤᠸᠠᠢ ᠶ᠋ᠢ ᠡᠢᠮᠦᠷᠬᠦᠦ ᠶᠠᠭᠤᠮ᠎ᠠ ᠶᠠᠷᠢᠨ ᠠᠵᠢᠯ ᠤ᠋ᠨ ᠢ᠋ᠶ᠋ᠠᠨ ᠴᠠᠭ ᠢ᠋ ᠥᠩᠭᠡᠷᠡᠭᠡᠵᠦ ᠰᠠᠭᠤᠳᠠᠭ ᠭᠡᠵᠦ ᠮᠠᠨ ᠤ᠋ ᠬᠢᠨ ᠬᠡᠨ ᠴᠤ᠌ ᠭᠡᠰᠡᠨ ᠪᠣᠳᠣᠬᠤ ᠦᠭᠡᠢ ᠶᠦᠮ ᠃ ᠪᠢ ᠴᠤ᠌ ᠭᠡᠰᠡᠨ《 ᠲᠣᠬᠢᠲᠠᠢ ᠲᠣᠮᠣᠭᠠᠲᠠᠢ ᠡᠢᠮᠦ ᠰᠠᠢᠬᠠᠨ ᠠᠪᠤᠭᠠᠢ 》 ᠢᠩᠭᠢᠳᠡᠭ ᠦᠭᠡᠢ ᠭᠡᠵᠦ ᠪᠣᠳᠣᠵᠤ ᠶᠠᠪᠤᠭᠰᠠᠨ ᠶᠤᠮ᠃
《 ᠁ ᠴᠢ ᠥᠨᠥ ᠣᠷᠣᠢ ᠬᠠᠮᠢᠭ᠎ᠠ ᠣᠴᠢᠬᠤ ᠪᠣᠢ ? ᠠ ᠮᠡᠳᠡᠯ᠎ᠡ ᠁ ᠭᠡᠷ ᠡᠴᠡ ᠪᠡᠨ ᠪᠦᠷ ᠭᠠᠷᠴᠤ ᠴᠢᠳᠠᠬᠤ ᠪᠠᠨ ᠪᠠᠢᠭᠰᠠᠨ ᠤᠤ 》 ᠭᠡᠳ ᠶᠣᠵᠣᠲᠠᠢᠬᠠᠨ ᠢᠨᠢᠶᠡᠬᠦ ᠠᠶᠠᠯᠤᠭᠠᠳ 《 ᠴᠢᠨᠦ ᠳᠠᠭᠤ ᠴᠢᠨᠢ ᠬᠦᠷᠲᠡᠯ᠎ᠡ ᠪᠦᠷ ᠪᠤᠯᠢᠴᠢᠬᠠᠵᠠᠢ ᠁ ᠠᠷᠭ᠎ᠠ ᠦᠭᠡᠢ ᠳᠡ ᠵᠠᠯᠠᠭᠤ ᠤᠯᠤᠰ ᠁ ᠵᠠ ᠲᠡᠢᠮᠦ ᠪᠣᠯ ᠶᠠᠭᠠᠬᠢᠬᠤ ᠪᠣᠢ ᠁》 ᠭᠡᠳ ᠬᠡᠳᠦᠢ ᠳ᠋ᠡᠭᠡᠨ ᠴᠤ᠌ ᠶᠤᠮ ᠪᠣᠢ ᠪᠠᠰᠠ ᠨᠢᠭᠡ ᠤᠲᠠᠰᠤᠨ ᠳ᠋ᠤ᠌ ᠵᠠᠯᠭᠠᠨ《 ᠡᠮᠴᠢ ᠳᠣᠷᠵᠢ ᠲᠠᠢ ᠶᠠᠷᠢᠶ᠎ᠠ 》 ᠭᠡᠬᠦ ᠳ᠋ᠦ᠍ᠨᠢ ᠪᠢ ᠥᠭᠡᠷ᠎ᠡ ᠬᠥᠮᠦᠨ ᠦ᠌ ᠥᠷᠥᠭᠡᠨ ᠳ᠋ᠦ᠍ ᠣᠷᠣᠵᠤ ᠠᠵᠢᠯ ᠢ᠋ᠶ᠋ᠠᠨ ᠬᠢᠬᠦ ᠪᠡᠷ ᠬᠠᠪᠲᠠᠰᠤ ᠪᠠᠨ ᠰᠤᠭᠤᠪᠴᠢᠯᠠᠨ《 ᠶᠠᠷᠰᠢᠭ ᠲᠠᠢ ᠶᠣᠮ 》 ᠭᠡᠵᠦ ᠰᠢᠪᠡᠭᠡᠨᠡᠭᠰᠡᠭᠡᠷ ᠭᠠᠷᠴᠤ ᠣᠳᠪᠠ᠃ ᠠᠵᠢᠯ ᠲᠠᠷᠬᠠᠬᠤ ᠳᠥᠭᠥᠵᠦ ᠪᠠᠢᠬᠤ ᠳ᠋ᠤ᠌ ᠲᠠᠢᠯᠤᠨ ᠤ᠋ ᠪᠠᠨ ᠬᠠᠪᠲᠠᠰᠤ ᠶ᠋ᠢ ᠪᠢ ᠮᠥᠨ ᠪᠠᠷᠢᠭᠰᠠᠭᠠᠷ ᠶᠠᠳᠠᠷᠠᠭᠰᠠᠨ ᠳ᠋ᠠᠭᠠᠨ ᠪᠣᠳᠣᠵᠤ ᠰᠠᠨᠠᠬᠤ ᠶᠠᠭᠤᠮ᠎ᠠ ᠦᠭᠡᠢ ᠥᠷᠥᠭᠡᠨ ᠳ᠋ᠡᠭᠡᠨ ᠪᠤᠴᠠᠨ ᠢᠷᠡᠲᠡᠯ᠎ᠡ ᠳᠣᠯᠭᠠᠷᠮᠠ ᠭᠤᠸᠠᠢ ᠴᠦᠩᠬᠦᠨ ᠳ᠋ᠡᠭᠡᠨ ᠬᠢᠵᠦ ᠶᠠᠪᠤᠳᠠᠭ ᠱᠦᠳᠡᠨᠵᠡ ᠶ᠋ᠢᠨ ᠬᠠᠢᠷᠴᠠᠭ ᠤ᠋ᠨ ᠴᠢᠨᠡᠭᠡᠨ ᠨᠣᠭᠣᠭᠠᠨ ᠳᠡᠪᠲᠡᠷ ᠢ᠋ᠶ᠋ᠡᠨ ᠳᠡᠯᠭᠡᠴᠢᠭᠡᠭᠰᠡᠨ ᠮᠥᠨ ᠯᠡ ᠤᠲᠠᠰᠤ ᠪᠠᠷ ᠶᠠᠷᠢᠭᠰᠠᠭᠠᠷ ᠰᠠᠭᠤᠵᠤ ᠪᠠᠢᠪᠠ᠃ ᠬᠠᠷᠢᠨ ᠡᠨᠡ ᠳᠡᠪᠲᠡᠷ ᠲᠦ᠍ ᠲᠣᠯᠣᠭᠠᠢ ᠡᠷᠭᠢᠮᠡᠷ ᠣᠯᠠᠨ ᠬᠥᠮᠦᠨ ᠦ᠌ ᠤᠲᠠᠰᠤᠨ ᠤ᠋ ᠳ᠋ᠤᠭᠠᠷ ᠢ᠋ ᠢᠷᠠᠢᠲᠠᠯ᠎ᠠ ᠥᠷᠥᠴᠢᠭᠡᠭᠰᠡᠨ ᠬᠢᠷᠢᠨ᠎ᠡ ᠬᠡᠨ ᠡᠴᠡ ᠴᠤ᠌ ᠭᠡᠰᠡᠨ ᠨᠢᠭᠤᠳᠠᠭ ᠦᠭᠡᠢ ᠶᠦᠮ᠃ ᠡᠨᠡ ᠳᠡᠪᠲᠡᠷ ᠲᠦ᠍ ᠪᠢᠴᠢᠭᠰᠡᠨ ᠤᠲᠠᠰᠤᠨ ᠤ᠋ ᠳ᠋ᠤᠭᠠᠷ ᠠ᠋ᠴᠠ ᠬᠣᠲᠠ ᠳ᠋ᠤ᠌ ᠳᠡᠯᠭᠡᠭᠦᠷ ᠬᠡᠴᠢᠨᠡᠭᠡᠨ ᠪᠠᠢᠳᠠᠭ ᠢ᠋ ᠮᠡᠳᠡᠵᠦ ᠪᠣᠯᠤᠨ᠎ᠠ᠃ ᠳᠣᠯᠭᠠᠷᠮᠠ ᠭᠤᠸᠠᠢ ᠤᠲᠠᠰᠤ ᠪᠠᠷ ᠶᠠᠷᠢᠩᠭᠠᠨ ᠨᠠᠳᠠ ᠤᠷᠤᠭᠤ ᠪᠠᠢᠨ ᠪᠠᠢᠨ ᠬᠠᠷᠠᠵᠤ ᠵᠠᠪᠰᠠᠷ ᠴᠢᠯᠥᠭᠡ ᠪᠡᠷ ᠨᠢ ᠳᠥᠯᠭᠡᠬᠡᠨ ᠭᠡᠭᠴᠢ ᠢᠨᠢᠶᠡᠮᠰᠦᠭᠯᠡᠨ᠄
– ᠬᠠᠮᠢᠭᠠᠬᠢ ᠲᠣᠷᠭ᠎ᠠ ᠶ᠋ᠢ ᠮᠡᠳᠡᠭᠰᠡᠨ ᠦᠭᠡᠢ ᠦᠦ ? ᠡᠷᠲᠡ ᠳ᠋ᠦ᠍ ᠶ᠋ᠢᠨ ᠬᠢ ᠰᠢᠭ ᠠᠮᠠᠷᠬᠠᠨ ᠦᠷᠴᠢᠢᠳᠡᠭ ᠶᠠᠭᠤᠮ᠎ᠠ ᠪᠢᠰᠢ ᠪᠢᠵᠡ ? ᠬᠠᠨᠠᠨ ᠬᠡ ᠲᠡᠢ ᠭᠡᠨ᠎ᠡ ᠁ ᠨᠠᠪᠴᠢᠨ ᠬᠡ ᠲᠡᠢ ᠠᠯᠠᠭ᠎ᠠ ᠭᠡᠵᠢ ᠦᠦ ᠁ ᠵᠠ ᠶᠠᠭᠠᠬᠢᠬᠤ ᠪᠣᠢ᠂ ᠨᠠᠢᠵᠠ ᠳ᠋ᠠᠭᠠᠨ ᠪᠣᠷᠣ ᠰᠢᠷᠭ᠎ᠠ ᠠ᠋ᠴᠠ ᠨᠢ ᠨᠢᠭᠡ ᠳᠡᠪᠡᠯ ᠦ᠋ᠨ ᠦ᠌ ᠬᠢ ᠶ᠋ᠢ ᠁ ᠬᠣᠶᠠᠷ ᠴᠤ᠌ ᠶᠠᠭᠠᠬᠢᠬᠤ ᠪᠣᠢ ᠁ ᠬᠦᠢ ᠨᠠᠢᠵᠠ ᠠ᠋ ᠂ ᠨᠥᠭᠥᠭᠡᠬᠢ ᠲᠠᠪᠤᠨ ᠪᠠᠭᠤᠳᠠᠯ ᠤ᠋ᠨ 《 ᠡᠰᠬᠡᠳᠡᠭ 》 ᠠᠪᠤᠭᠠᠢ ᠪᠣᠢ ᠤᠤ ? ᠡᠮᠨᠡᠯᠭᠡ ᠳ᠋ᠦ᠍ ᠬᠡᠪᠲᠡᠴᠢᠭᠡᠭᠰᠡᠨ ᠦᠦ ? ᠁ ᠬᠣᠶᠠᠭᠤᠯᠠ ᠨᠢᠭᠡ ᠡᠷᠭᠢᠶ᠎ᠡ ᠁ ᠶᠠᠭᠠᠬᠢᠭ᠎ᠠ ᠪᠣᠢ ᠨᠥᠬᠥᠭᠡ ᠬᠡᠨ ᠢ᠋ᠶ᠋ᠡᠷ ᠬᠦᠷᠭᠡᠬᠦᠯᠬᠦ ᠦᠦ ᠁ ᠭᠡᠵᠦ ᠶᠠᠷᠢᠵᠤ ᠪᠠᠢᠲᠠᠯ᠎ᠠ ᠨᠢ ᠠᠰᠢᠭᠦᠢ ᠳᠠᠰᠤᠭ ᠤᠨ ᠳᠠᠷᠤᠭ᠎ᠠ ᠮᠠᠨᠢ ᠣᠷᠣᠵᠤ ᠢᠷᠡᠨ᠄
– ᠲᠠᠨ ᠤ᠋ ᠤᠲᠠᠰᠤᠨ ᠳ᠋ᠤ᠌ ᠵᠠᠯᠭᠠᠭᠠᠳ ᠵᠠᠯᠭᠠᠭᠠᠳ ᠪᠦᠷ ᠶᠠᠷᠢᠵᠤ ᠪᠣᠯᠬᠤ ᠦᠭᠡᠢ ᠶᠦᠮ᠃ ᠭᠠᠳᠠᠨ᠎ᠠ ᠠ᠋ᠴᠠ ᠳᠠᠭᠤᠳᠠᠯᠭ᠎ᠠ ᠠᠪᠬᠤ ᠪᠠᠨ ᠪᠠᠢᠴᠢᠬᠠᠭᠠᠳ ᠪᠠᠢᠬᠤ ᠶᠤᠮ ᠤᠤ ? ᠳᠣᠯᠭᠠᠷᠮᠠ ᠠ᠋ ᠂ ᠨᠠᠭᠠᠳᠤ ᠤᠲᠠᠰᠤ ᠪᠠᠨ ᠶᠠᠩᠵᠦᠯᠠᠭᠤᠯᠤᠭᠠᠴᠢ ! ᠭᠡᠰᠡᠨ ᠢ᠋ᠶ᠋ᠡᠨ ᠨᠠᠮ᠎ᠠ ᠶ᠋ᠢ ᠨᠠᠭᠠᠰᠢ ᠢᠷ᠎ᠡ ᠭᠡᠯᠡ᠃ ᠲᠠᠰᠤᠭ ᠤ᠋ᠨ ᠳᠠᠷᠤᠭ᠎ᠠ ᠥᠷᠥᠭᠡᠨ ᠳ᠋ᠡᠭᠡᠨ ᠡᠷᠭᠢᠵᠦ ᠣᠷᠣᠭᠠᠳ ᠨᠠᠮ᠎ᠠ ᠶ᠋ᠢ ᠲᠠᠢᠪᠤᠩ ᠶᠠᠳᠠᠷᠠᠩᠭᠤᠢ ᠪᠠᠢᠳᠠᠯ ᠲᠠᠢ ᠬᠠᠷᠠᠵᠤ ᠪᠠᠢᠭᠰᠠᠨ ᠢ᠋ᠶ᠋ᠠᠨ᠄
– ᠲᠠ ᠬᠣᠶᠠᠷ ᠤ᠋ᠨ ᠪᠣᠯᠪᠠᠰᠤᠷᠠᠭᠤᠯᠤᠭᠰᠠᠨ ᠠᠰᠠᠭᠤᠳᠠᠯ ᠪᠠᠰᠠ ᠪᠣᠯᠬᠤ ᠦᠭᠡᠢ ᠪᠠᠢᠨ᠎ᠠ ᠳᠠ᠃ ᠶᠠᠭᠠᠬᠢᠶ᠎ᠠ ᠳᠠ ᠪᠠᠢᠵᠠ ! ᠳᠣᠯᠭᠠᠷᠮᠠ ᠲᠠ ᠬᠣᠶᠠᠷ ᠰᠠᠭᠤᠭᠠᠳ ᠯᠠ ᠪᠠᠢᠵᠤ ᠬᠠᠷᠠᠭᠳᠠᠬᠤ ᠶᠤᠮ ᠭᠡᠳ ᠳᠤᠬᠤᠨ ᠤ᠋ ᠬᠢᠨᠢ ᠠᠷᠠᠰᠤ ᠬᠠᠮᠠᠷ ᠤ᠋ᠨ ᠢ᠋ᠶ᠋ᠠᠨ ᠤᠭ ᠲᠤ᠌ ᠠᠭᠰᠢᠨ ᠬᠤᠢᠯᠠᠷᠠᠭᠠᠳ᠄
– ᠨᠠᠭᠠᠰᠢ ᠪᠠᠨ ᠰᠠᠭᠤ ᠬᠥ᠋᠂ ᠡᠭᠦᠨ ᠢ᠋ ᠬᠣᠶᠠᠭᠤᠯᠠ ᠪᠠᠨ ᠳᠠᠬᠢᠵᠤ ᠬᠢᠶ᠎ᠡ᠃ ᠳᠣᠯᠭᠠᠷᠮᠠ ᠡᠢᠮᠦ ᠶᠠᠭᠤᠮᠠᠨ ᠳ᠋ᠤ᠌ ᠶᠠᠭᠤ ᠪᠣᠳᠣᠵᠤ ᠭᠠᠷ ᠤ᠋ᠨ ᠦᠰᠦᠭ ᠵᠢᠷᠤᠭᠰᠠᠨ ᠶᠤᠮ ᠪᠣᠯ ᠳᠠ᠂ ᠲᠡᠭᠦᠨ ᠢ᠋ ᠳᠤᠭᠤᠯᠭᠠᠪᠤᠷᠢᠲᠠᠢ ᠠᠵᠢᠯ ᠲᠠᠰᠤᠯᠳᠠᠭ ᠦᠭᠡᠢ ᠭᠡᠵᠦ ᠪᠢᠳᠡ ᠪᠠᠰᠠ ᠪᠠᠶᠠᠷ ᠢ᠋ᠶ᠋ᠠᠷ ᠱᠠᠩᠨᠠᠭᠠᠳ ᠪᠠᠢᠭ᠎ᠠ ᠭᠡᠳ ᠰᠠᠨᠳᠠᠯᠢ ᠳᠠᠭᠠᠨ ᠠᠭᠠᠵᠢᠭᠤᠬᠠᠨ ᠰᠠᠭᠤᠭᠠᠳ ᠭᠠᠢᠬᠠᠰᠢ ᠨᠢ ᠪᠠᠷᠠᠭᠳᠠᠭᠰᠠᠨ ᠪᠠᠢᠳᠠᠯ ᠲᠠᠢ ᠰᠢᠷᠡᠭᠡᠨ ᠦ ᠪᠡᠨ ᠨᠢᠳᠦᠨ ᠡᠴᠡ ᠬᠠᠪᠲᠠᠰᠤ ᠲᠠᠢ ᠪᠢᠴᠢᠭ ᠢᠶᠡᠨ ᠭᠠᠷᠭᠠᠵᠤ ᠢᠷᠡᠪᠡ᠃ ᠪᠢ ᠰᠡᠭᠦᠷᠡᠰᠦ ᠠᠯᠳᠠᠨ᠄
–《 ᠮᠠᠨ ᠤ ᠳᠠᠰᠤᠭ ᠤ᠋ᠨ ᠳᠣᠯᠭᠠᠷᠮᠠ ᠭᠤᠸᠠᠢ ᠰᠢᠭ᠋ ᠬᠥᠮᠦᠨ ᠪᠤᠰᠤᠳ ᠭᠠᠵᠠᠷ ᠠᠷᠠᠢ ᠯᠠ 》 ᠭᠡᠵᠦ ᠬᠡᠯᠡᠬᠦ ᠭᠡᠲᠡᠯ᠎ᠡ ᠳᠠᠷᠤᠭ᠎ᠠ ᠶ᠋ᠢᠨ ᠤᠲᠠᠰᠤ ᠬᠠᠩᠭᠢᠨᠠᠪᠠ ᠁
– – – –
① ᠲᠤᠰᠬᠠᠢ ᠮᠡᠷᠭᠡᠵᠢᠯ ᠦᠨ ᠰᠤᠷᠭᠠᠭᠤᠯᠢ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
