ᠬᠣᠨᠢᠴᠢᠨ ᠬᠥᠮᠦᠨ ᠦ ᠨᠠᠷᠠ ᠬᠥᠯᠥᠰᠦ ᠲᠠᠢ ᠪᠠᠢᠳᠠᠭ ᠶᠤᠮ – ᠭᠣ ᠂ ᠪᠠᠳᠠᠷᠠᠩᠭᠤᠢ Хоньчин хүний нар хөлстай байдаг юм – Г ᠂ Бадрангуй
ᠬᠣᠨᠢᠴᠢᠨ ᠬᠥᠮᠥᠨ ᠦ ᠨᠠᠷᠠ ᠬᠥᠯᠥᠰᠦ ᠲᠠᠢ ᠪᠠᠢᠳᠠᠭ ᠶᠤᠮ
ᠭᠣ · ᠪᠠᠳᠠᠷᠠᠩᠭᠤᠢ
ᠬᠣᠨᠢᠴᠢᠨ ᠬᠥᠮᠦᠨ ᠦ᠌ ᠨᠠᠷᠠ ᠬᠥᠯᠥᠰᠥ ᠲᠡᠢ ᠪᠠᠢᠳᠠᠭ ᠶᠤᠮ
ᠬᠣᠨᠢᠳ ᠨᠢ ᠲᠡᠭᠡᠬᠦ ᠳ᠋ᠦ᠍ ᠲᠠᠷᠭᠤ ᠲᠠᠢ ᠪᠠᠢᠳᠠᠭ ᠶᠤᠮ
ᠬᠡᠨ ᠳ᠋ᠦ᠍ ᠴᠦ᠍ ᠶᠠᠷᠢᠭ᠎ᠠ ᠦᠭᠡᠢ ᠦᠭᠡ ᠪᠡᠨ
ᠨᠠᠷᠠᠨ ᠳ᠋ᠤ᠌ ᠪᠠᠨ ᠰᠢᠪᠡᠨᠡᠵᠦ ᠠᠯᠬᠤᠯᠠᠳᠠᠭ
ᠬᠥᠭᠡᠷᠦᠬᠦᠢ ᠲᠡᠷᠡ ᠬᠥᠮᠦᠨ ᠦ᠌
ᠨᠠᠷᠠ ᠨᠢ ᠬᠥᠯᠥᠰᠥ ᠲᠡᠢ ᠪᠠᠢᠳᠠᠭ ᠶᠤᠮ
ᠠᠯᠢᠪᠠ ᠪᠠᠨ ᠬᠥᠳᠡᠯᠮᠦᠷᠢ ᠪᠡᠷ ᠢᠨᠢᠶᠡᠯᠭᠡᠵᠦ
ᠠᠯᠢ ᠰᠠᠢᠬᠠᠨ ᠢ᠋ᠶ᠋ᠠᠨ ᠬᠥᠯᠥᠰᠥ ᠪᠡᠷ ᠤᠮᠳᠠᠯᠠᠭᠰᠠᠨ
ᠠᠪᠴᠤ ᠶᠠᠪᠤᠳᠠᠭ ᠭᠠᠭᠴᠠᠬᠠᠨ ᠨᠠᠷᠠ ᠲᠠᠢ ᠴᠦ᠍
ᠣᠯᠵᠤ ᠢᠷᠡᠳᠡᠭ ᠲᠦᠮᠡᠨ ᠠᠯᠳᠠᠷ ᠲᠠᠢ
ᠬᠣᠨᠢᠴᠢᠨ ᠬᠥᠮᠦᠨ ᠦ᠌ ᠨᠠᠷᠠ ᠬᠥᠯᠥᠰᠥ ᠲᠡᠢ ᠪᠠᠢᠳᠠᠭ ᠶᠤᠮ
ᠬᠣᠨᠢᠨ ᠤ᠋ ᠬᠢᠨᠢ ᠪᠡᠯᠴᠢᠭᠡᠷ ᠢ᠋ᠶ᠋ᠡᠷ ᠬᠡᠵᠢᠶᠡᠳᠡ ᠤᠷᠤᠰᠳᠠᠭ ᠶᠤᠮ
ᠪᠡᠯᠴᠢᠭᠡᠷ ᠦ᠋ᠨ ᠵᠠᠬ᠎ᠠ ᠠ᠋ᠴᠠ ᠨᠠᠷᠠ ᠲᠡᠭᠦᠵᠦ
ᠡᠪᠡᠰᠦᠨ ᠡᠴᠡ ᠣᠯᠠᠨ ᠲᠤᠷᠰᠢᠯᠭ᠎ᠠ ᠨᠣᠣᠷᠠᠭᠯᠠᠵᠤ
ᠡᠳᠦᠷᠵᠢᠨ ᠨᠠᠷᠠᠨ ᠤ᠋ ᠳᠣᠣᠷ᠎ᠠ
ᠥᠲᠡᠯᠲᠡᠯ᠎ᠡ ᠪᠡᠨ ᠨᠠᠷᠠᠨ ᠤ᠋ ᠳᠣᠣᠷ᠎ᠠ
ᠬᠣᠨᠢᠴᠢᠨ ᠬᠥᠮᠦᠨ ᠶᠠᠪᠤᠳᠠᠭ ᠪᠣᠯᠬᠣᠷ
ᠨᠠᠷᠠᠨ ᠨᠢ ᠲᠡᠭᠡᠵᠦ ᠯᠡ ᠢᠨᠢᠶᠡᠳᠡᠭ ᠪᠠᠢᠵᠤ ᠰᠢᠦ
ᠨᠠᠭᠠᠨ᠎ᠠ ᠨᠢ ᠢᠩᠭᠢᠵᠦ ᠯᠡ ᠪᠠᠶᠠᠷᠯᠠᠳᠠᠭ ᠪᠠᠢᠵᠠᠢ
ᠠᠯᠢᠪᠠ ᠨᠢ ᠬᠤᠪᠢᠷᠠᠵᠤ ᠠᠳᠤᠭᠤᠳ ᠨᠢ ᠴᠥᠭᠡᠬᠡᠷᠡᠭᠰᠡᠨ ᠴᠦ᠍
ᠠᠢ᠂ ᠬᠥᠭᠡᠷᠦᠬᠦᠢ! ᠨᠤᠲᠤᠭ ᠤ᠋ᠨ ᠮᠢᠨᠢ
ᠬᠣᠨᠢᠴᠢᠨ ᠨᠢ ᠬᠤᠪᠢᠷᠠᠭ᠎ᠠ ᠦᠭᠡᠢ
ᠬᠣᠢᠮᠣᠷ ᠲᠤᠨᠢ ᠭᠡᠷᠡᠯᠲᠦᠭᠰᠡᠨ
ᠬᠥᠯᠥᠰᠥ ᠲᠡᠢ ᠨᠠᠷᠠ ᠨᠢ ᠴᠦ᠍ ᠤᠨᠠᠭ᠎ᠠ ᠦᠭᠡᠢ
ᠬᠣᠨᠢ ᠪᠠᠨ ᠲᠠᠭᠤᠵᠤ ᠨᠠᠷᠠ ᠪᠠᠨ ᠬᠥᠲᠥᠯᠦᠭᠰᠡᠨ
ᠬᠣᠨᠢᠴᠢᠨ ᠬᠥᠮᠦᠨ ᠦ᠌ ᠠᠮᠢᠳᠤᠷᠠᠯ
ᠬᠣᠷᠢᠨ ᠨᠢᠭᠡᠳᠦᠭᠡᠷ ᠵᠠᠭᠤᠨ ᠳᠠᠢᠰᠢ
ᠬᠣᠯᠠ ᠶ᠋ᠢᠨ ᠶᠡᠬᠡ ᠮᠠᠷᠭᠠᠰᠢ ᠳᠠᠢᠰᠢ
ᠬᠥᠯᠥᠰᠥ ᠲᠡᠢ ᠪᠠᠢᠳᠠᠭ ᠶᠤᠮ᠃
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠤᠠᠬᠠᠨᠰᠣ᠎ᠠ
