ᠮᠢᠨᠦ ᠰᠢᠲᠦᠭᠡᠨ- ᠴᠣᠢᠨᠣᠮ-ᠰᠢᠯᠦᠭ-ᠡᠯᠡᠰᠦᠨ ᠵᠢᠷᠤᠭМиний шүтээн-р чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠰᠢᠲᠦᠭᠡᠨ- ᠴᠣᠢᠨᠣᠮ-ᠰᠢᠯᠦᠭ-ᠡᠯᠡᠰᠦᠨ ᠵᠢᠷᠤᠭМиний шүтээн-р чойном

ᠮᠢᠨᠦ ᠰᠢᠲᠦᠭᠡᠨ- ᠴᠣᠢᠨᠣᠮ-ᠰᠢᠯᠦᠭ-ᠡᠯᠡᠰᠦᠨ ᠵᠢᠷᠤᠭМиний шүтээн-р чойном

2023-08-20

1366

ᠮᠢᠨᠦ ᠰᠢᠲᠦᠭᠡᠨ

   ᠷ ᠊ ᠴᠣᠢᠨᠣᠮ 
ᠬᠣᠯᠠ ᠶᠢᠨ ᠪᠦᠳᠡᠭᠢᠬᠡᠨ ᠴᠠᠭ ᠤᠨ ᠮᠢᠨᠢ 
ᠬᠣᠨᠢᠨ ᠤ ᠨᠡᠬᠡᠢ ᠥᠯᠥᠭᠡᠢ ᠴᠢ 
ᠡᠨᠡ ᠬᠣᠷᠸ᠎ᠠ ᠳᠤ ᠶᠠᠭᠤ ᠶᠢ ᠰᠢᠲᠦᠳᠡᠭ ᠶᠤᠮ ᠪᠣᠢ ᠭᠡᠵᠦ 
ᠡᠵᠡᠨ ᠡᠴᠡ ᠪᠡᠨ ᠣᠳᠤ ᠠᠰᠠᠭᠤ! 
ᠲᠣᠬᠣᠢ ᠶᠢᠨ ᠴᠢᠨᠡᠭᠡᠬᠡᠨ ᠨᠢᠯᠬ᠎ᠠ ᠦᠶ᠎ᠡ ᠳᠦ ᠮᠢᠨᠢ 
ᠲᠣᠯᠣᠭᠠᠢ ᠶᠢᠨ ᠳᠡᠭᠡᠷ᠎ᠡ ᠵᠡᠭᠦᠯᠲᠡ ᠲᠠᠢ ᠪᠠᠢᠭᠰᠠᠨ 
ᠢᠰᠡᠭᠡᠢ ᠪᠡᠷ ᠬᠠᠢᠴᠢᠯᠠᠭᠰᠠᠨ ᠦᠨᠡᠭᠡ ᠴᠢ 
ᠡᠵᠡᠨ ᠡᠴᠡ ᠪᠡᠨ ᠣᠳᠤ ᠠᠰᠠᠭᠤ! 
ᠰᠢᠲᠦᠯᠭᠡᠲᠡᠨ ᠪᠢᠰᠢ ᠭᠡᠯ᠎ᠡ ᠴᠤ᠌ ᠭᠡᠰᠡᠨ ᠪᠢ 
ᠰᠢᠲᠦᠳᠡᠭ ᠭᠠᠭᠴᠠᠬᠠᠨ ᠰᠢᠲᠦᠭᠡᠨ ᠲᠠᠢ᠃ 
ᠣᠭᠲᠠᠷᠭᠤᠢ ᠲᠡᠭᠷᠢ ᠳᠦ ᠪᠢ ᠰᠢᠲᠦᠳᠡᠭ ᠦᠭᠡᠢ 
ᠣᠳᠤᠨ ᠭᠠᠷᠠᠭ ᠲᠤ ᠪᠢ ᠰᠢᠲᠦᠳᠡᠭ ᠦᠭᠡᠢ 
ᠣᠮᠣᠭᠯᠠᠩ ᠳᠣᠭᠰᠢᠨ ᠪᠠᠢᠭᠠᠯᠢ ᠶᠢᠨ ᠰᠦᠷᠲᠦ ᠦᠵᠡᠭᠳᠡᠯ ᠳᠦ ᠪᠢ ᠰᠢᠲᠦᠳᠡᠭ ᠦᠭᠡᠢ 
ᠣᠯᠠᠨ ᠤ ᠬᠡᠯᠡ ᠠᠮᠠ᠂ ᠬᠠᠷᠢᠶᠠᠯ ᠢᠷᠦᠭᠡᠯ ᠳᠤ ᠪᠢ ᠰᠢᠲᠦᠳᠡᠭ ᠦᠭᠡᠢ 
ᠨᠢᠳᠦ ᠠᠨᠢᠵᠤ ᠬᠣᠪᠢ ᠲᠠᠪᠢᠯᠠᠩ ᠢ ᠪᠢ ᠰᠢᠲᠦᠳᠡᠭ ᠦᠭᠡᠢ 
ᠨᠢᠭᠦᠯ ᠪᠤᠶᠠᠨ᠂ ᠪᠤᠷᠬᠠᠨ ᠴᠢᠳᠭᠦᠷ ᠢ ᠴᠤ᠌ ᠪᠢ ᠰᠢᠲᠦᠳᠡᠭ ᠦᠭᠡᠢ᠃
ᠪᠢ ᠡᠮᠡᠭᠲᠡᠢ ᠬᠥᠮᠦᠨ ᠢ ᠰᠢᠲᠦᠳᠡᠭ
ᠪᠢ ᠡᠬᠡ ᠬᠥᠮᠥᠨ ᠢ ᠰᠢᠲᠦᠳᠡᠭ
ᠪᠢ ᠡᠵᠢ ᠶᠢ ᠪᠡᠨ ᠰᠢᠲᠦᠳᠡᠭ ᠶᠤᠮ᠃
ᠪᠢ ᠭᠠᠭᠴᠠ ᠬᠦ᠌ ᠪᠢ ᠭᠡᠳᠡᠭ ᠲᠣᠲᠤᠭᠠᠳᠤ ᠶᠢᠷᠲᠢᠨᠴᠦ ᠶᠢᠨ ᠮᠢᠨᠢ
ᠪᠡᠶ᠎ᠡ ᠶᠢᠨ ᠮᠢᠨᠢ᠂ ᠬᠦᠴᠦᠨ ᠴᠢᠳᠠᠯ ᠢ ᠮᠢᠨᠢ
ᠪᠢᠰᠢᠳᠡ ᠳᠦ ᠢᠲᠡᠭᠡᠬᠦ ᠢᠲᠡᠭᠡᠯ ᠢ ᠮᠢᠨᠢ ᠪᠦᠲᠦᠭᠡᠭᠰᠡᠨ
ᠠᠭᠤᠤ ᠲᠡᠷᠡ ᠤᠷᠠᠨ ᠬᠥᠮᠥᠨ ᠳᠦ
ᠠᠮᠢᠳᠤ ᠪᠠᠷᠢᠮᠠᠯ᠂ ᠠᠮᠢᠳᠤ ᠵᠢᠷᠤᠭ᠂ ᠠᠮᠢᠳᠤ ᠳᠠᠭᠤᠤ ᠶᠢ ᠪᠦᠲᠦᠭᠡᠵᠦ
ᠪᠤᠷᠬᠠᠨ ᠪᠠᠭᠰᠢ ᠠᠴᠠ ᠴᠤ᠌ ᠢᠳᠡ ᠴᠢᠳᠠᠯ ᠢᠶᠠᠷ ᠢᠶᠠᠨ ᠳᠠᠪᠠᠭᠰᠠᠨ
ᠪᠤᠭᠤᠷᠣᠯ ᠦᠰᠦ ᠲᠠᠢ ᠪᠢᠴᠢᠬᠠᠨ ᠡᠮᠡᠭᠡᠨ ᠦ ᠡᠮᠦᠨ᠎ᠡ
ᠥᠪᠡᠷ ᠦᠨ ᠡᠷᠬᠡ ᠦᠭᠡᠢ ᠰᠥᠬᠥᠷᠡᠨᠡᠮ᠃
ᠣᠨ ᠴᠠᠭ᠂ ᠬᠥᠮᠥᠰ ᠬᠣᠶᠠᠷ ᠢ ᠪᠦᠷᠬᠦᠭ ᠪᠠᠢᠬᠤ ᠦᠶ᠎ᠡ ᠪᠡᠷ
ᠣᠩᠭᠤᠨ ᠡᠯᠢᠭᠡᠨ ᠳᠦ ᠪᠡᠨ ᠨᠠᠮ᠎ᠠ ᠶᠢ ᠲᠡᠪᠡᠷᠢᠵᠦ ᠥᠰᠭᠡᠭᠰᠡᠨ ᠶᠤᠮ ᠡᠵᠢ ᠮᠢᠨᠢ
ᠣᠩᠭᠣᠢᠵᠤ ᠦᠯᠡᠳᠡᠭᠰᠡᠨ ᠠᠪᠤ ᠶᠢᠨ ᠮᠢᠨᠢ ᠣᠷᠣᠨ ᠳᠡᠭᠡᠷ᠎ᠡ
ᠢᠷᠠᠭᠤ ᠨᠠᠢᠷᠠᠭ ᠢ ᠪᠦᠪᠡᠢᠯᠡᠵᠦ ᠥᠰᠭᠡᠭᠰᠡᠨ ᠶᠤᠮ ᠡᠵᠢ ᠮᠢᠨᠢ᠃
ᠤᠴᠠᠷᠠᠭᠰᠠᠨ ᠪᠡᠷᠬᠡ ᠶᠢᠨ ᠡᠮᠦᠨ᠎ᠡ ᠤᠨᠠᠵᠤ ᠰᠥᠭᠥᠳᠦᠯ ᠦᠭᠡᠢ
ᠤᠯᠠᠷᠢᠭᠰᠠᠨ ᠰᠠᠷ᠎ᠠ ᠵᠢᠯ ᠦᠳ ᠦᠨ ᠬᠣᠢᠨ᠎ᠠ ᠠᠴᠠ ᠤᠬᠢᠯᠠᠵᠤ ᠤᠨᠵᠢᠯ ᠦᠭᠡᠢ
ᠬᠡᠯᠬᠢᠶ᠎ᠡ ᠰᠤᠪᠤᠳ ᠤᠨ ᠨᠢᠯᠪᠤᠰᠤ ᠪᠠᠨ ᠪᠦᠪᠡᠢ ᠶᠢᠨ ᠳᠠᠭᠤᠤ ᠪᠣᠯᠭᠠᠵᠤ
ᠬᠡᠨᠲᠡᠢ ᠨᠤᠲᠤᠭ ᠤᠨ ᠪᠤᠷᠵᠢᠭᠢᠨ ᠲᠠᠯ᠎ᠠ ᠳᠤᠮᠳᠠ
ᠠᠢᠯ ᠤᠨ ᠭᠠᠭᠴᠠ ᠪᠠᠭᠠᠨ᠎ᠠ ᠪᠣᠯᠵᠤ ᠶᠠᠪᠤᠬᠤ ᠳᠤ ᠪᠠᠨ
ᠡᠨᠡ ᠬᠥᠮᠥᠨ ᠠᠷᠠᠢ ᠴᠤ᠌ ᠡᠢᠮᠦ ᠡᠮᠡᠭᠡᠨ ᠪᠠᠢᠭ᠎ᠠ ᠦᠭᠡᠢ ᠶᠤᠮ
ᠥᠨᠥ ᠬᠠᠷᠠᠬᠤᠯᠠᠷ ᠨᠠᠮᠤᠷ ᠤᠨ ᠨᠠᠪᠴᠢ ᠰᠢᠭ᠋ ᠥᠴᠦᠬᠡᠨ ᠰᠢᠷ᠎ᠠ ᠡᠮᠡᠭᠡᠨ᠃
ᠨᠠᠮᠤᠷ ᠤᠨ ᠨᠠᠪᠴᠢ ᠰᠢᠭ᠋ ᠥᠴᠦᠬᠡᠨ ᠰᠢᠷ᠎ᠠ ᠡᠮᠡᠭᠡᠨ
ᠨᠠᠮᠤᠷ ᠤᠨ ᠨᠠᠪᠴᠢ ᠰᠢᠭ᠋ ᠪᠢᠰᠢ ᠬᠠᠪᠤᠷ ᠤᠨ ᠴᠡᠴᠡᠭ ᠰᠢᠭ ᠨᠠᠢᠭᠤᠨ ᠳᠡᠯᠭᠡᠷᠡᠵᠦ ᠶᠠᠪᠤᠭᠰᠠᠨ ᠶᠤᠮ
ᠨᠠᠢᠭᠤᠨ ᠳᠡᠯᠭᠡᠷᠡᠵᠦ ᠶᠠᠪᠤᠭᠰᠠᠨ ᠬᠠᠪᠤᠷ ᠤᠨ ᠴᠡᠴᠡᠭ ᠢ ᠬᠠᠪᠤᠷ ᠤᠨ ᠴᠡᠴᠡᠭ ᠪᠠᠢᠬᠤ ᠳᠤ
ᠨᠠᠶᠠᠨ ᠨᠢᠭᠡᠨ ᠰᠦᠯᠵᠢᠶ᠎ᠡ ᠬᠠᠷᠠᠬᠠᠨ ᠭᠡᠵᠢᠭᠡ ᠨᠢ
ᠣᠳᠤ ᠶᠢᠨ ᠪᠦᠰᠡᠭᠦᠢ ᠶᠢᠨ ᠪᠤᠯᠴᠢᠩ ᠰᠢᠭ᠋ ᠪᠠᠢᠬᠤ ᠳᠤ
ᠨᠠᠰᠤ ᠨᠢ ᠵᠠᠯᠠᠭᠤ᠂ ᠰᠢᠳᠦ ᠨᠢ ᠪᠦᠷᠢᠨ᠂ ᠤᠬᠠᠭᠠᠨ ᠨᠢ ᠰᠠᠷᠠᠭᠤᠯᠬᠠᠨ ᠪᠠᠢᠬᠤ ᠳᠤ
ᠨᠠᠷᠠ ᠰᠢᠭ᠋ ᠵᠠᠯᠠᠭᠤᠰ᠂ ᠰᠠᠷᠠ ᠰᠢᠭ᠋ ᠭᠡᠷᠡᠯ ᠳᠤ ᠨᠢ ᠡᠷᠪᠡᠬᠡᠢ ᠰᠢᠭ ᠡᠷᠭᠢᠵᠦ ᠬᠣᠷᠭᠤᠵᠤ ᠪᠠᠢᠬᠤ ᠳᠤ
ᠠᠯᠲᠠᠨ ᠳᠡᠯᠡᠬᠡᠢ ᠶᠢᠨ ᠪᠦᠰᠡᠭᠦᠢ ᠬᠥᠮᠥᠨ ᠦ ᠠᠳᠠᠷᠠᠮᠠᠲᠠᠢᠬᠠᠨ ᠬᠤᠪᠢ ᠵᠠᠶᠠᠭ᠎ᠠ
ᠠᠷᠠᠳ ᠭᠠᠷᠤᠯ ᠲᠠᠢ ᠡᠨᠡ ᠬᠥᠮᠥᠨ ᠢᠶᠠᠷ ᠠᠷᠠᠢ ᠬᠠᠲᠠᠭᠤ ᠲᠣᠭᠯᠠᠭᠰᠠᠨ ᠶᠤᠮ᠃
ᠭᠠᠯ ᠴᠣᠭ ᠰᠢᠭ᠋ ᠵᠠᠯᠠᠭᠤ ᠨᠠᠰᠤᠨ ᠤ
ᠭᠠᠩ ᠲᠡᠮᠦᠷ ᠰᠢᠭ ᠪᠡᠶ᠎ᠡ ᠴᠣᠭᠴᠠᠰ
ᠭᠠᠩᠭᠠᠩ ᠦᠵᠡᠮᠵᠢ᠂ ᠣᠩᠭᠣᠨ ᠬᠠᠢᠷ᠎ᠠ ᠶᠢ
ᠭᠠᠷ ᠲᠠᠲᠠᠯ ᠦᠭᠡᠢ ᠬᠠᠢᠷᠠᠯᠠᠭᠰᠠᠨ ᠮᠥᠷᠲᠡᠯ᠎ᠡ ᠪᠡᠨ
ᠬᠠᠮᠲᠤ ᠳᠤ ᠨᠢ ᠪᠠᠰᠠ
ᠬᠠᠷ᠎ᠠ ᠲᠣᠯᠣᠭᠠᠢ ᠶᠢ ᠨᠢ ᠴᠠᠭᠠᠨ ᠪᠣᠯᠲᠠᠯ᠎ᠠ ᠨᠢ
ᠬᠠᠢᠷ᠎ᠠ ᠶᠢᠨ ᠰᠡᠳᠬᠢᠯ ᠢᠶᠡᠷ ᠡᠭᠦᠷᠢᠳᠡ ᠥᠨᠦᠴᠢᠷᠡᠬᠦ
ᠬᠠᠲᠠᠭᠤ ᠲᠠᠪᠢᠯᠠᠩ ᠵᠠᠶᠠᠭᠠᠭᠰᠠᠨ ᠪᠠᠢᠨ᠎ᠠ᠃
ᠡᠰᠡ ᠲᠠᠨᠢᠬᠤ ᠠᠴᠠ ᠫᠠᠨᠽᠠᠴᠢᠨ ᠰᠢᠭ᠋
ᠡᠷᠬᠢᠮ ᠳᠣᠲᠣᠨᠤ ᠠᠴᠠ ᠠᠷᠢᠬᠢᠴᠢᠨ ᠰᠢᠭ᠋
ᠡᠯᠳᠡᠪ ᠲᠠᠢ ᠬᠣᠷᠸ᠎ᠠ ᠮᠢᠨᠤ ᠡᠵᠢ ᠶᠢᠨ
ᠡᠯᠢᠭᠡ ᠵᠢᠷᠦᠬᠡ ᠤᠷᠤᠭᠤ ᠴᠥᠮᠥ ᠢᠰᠭᠦᠯᠵᠦ
ᠡᠷ᠎ᠡ ᠶᠢ ᠨᠢ ᠪᠤᠯᠢᠶᠠᠵᠤ᠂ ᠭᠡᠷ ᠢ ᠨᠢ ᠬᠣᠭᠤᠰᠤᠯᠠᠭᠠᠳ
ᠡᠩᠬᠦᠷᠡᠢ ᠦᠷᠡᠰ ᠢ ᠨᠢ ᠲᠡᠪᠡᠷᠢᠭᠦᠯᠦᠭᠡᠳ
ᠡᠭᠡᠷᠡᠮ᠎ᠡ ᠲᠠᠯ᠎ᠠ ᠶᠢᠨ ᠬᠥᠳᠡᠭᠡ ᠶᠢᠨ ᠨᠢᠭᠡᠨ ᠡᠪᠦᠯᠵᠢᠶᠡᠨ ᠳᠦ
ᠡᠷᠭᠢᠵᠦ ᠬᠠᠷᠠᠯ ᠦᠭᠡᠢ ᠣᠷᠬᠢᠭᠰᠠᠨ ᠪᠠᠢᠨ᠎ᠠ᠃
ᠴᠠᠭ ᠥᠭᠡᠷ᠎ᠡ ᠪᠠᠢᠵᠤ
ᠴᠠᠭᠠᠨ ᠭᠤᠯᠢᠷ ᠤᠢᠳᠤᠩ ᠬᠤᠸᠠᠷ ᠠᠴᠠ ᠦᠨ᠎ᠡ ᠲᠠᠢ ᠪᠠᠢᠵᠤ
ᠴᠠᠢ ᠠᠯᠲᠠ ᠰᠢᠭ᠋᠂ ᠲᠠᠯᠬ᠎ᠠ ᠮᠥᠩᠭᠦ ᠰᠢᠭ ᠪᠠᠢᠵᠤ
ᠴᠠᠳᠬᠤᠯᠠᠩ ᠫᠠᠨᠽᠠᠴᠢᠳ ᠡᠵᠡᠨ ᠬᠠᠭᠠᠨ ᠰᠢᠭ᠋ ᠪᠠᠢᠵᠤ
ᠪᠠᠭᠤᠪᠴᠢ᠂ ᠪᠥᠭᠡᠵᠢᠨ ᠦ ᠬᠢᠨᠢ ᠣᠷᠣᠨ ᠳᠤ
ᠪᠤᠳᠠᠭ᠎ᠠ ᠶᠢ ᠰᠢᠨᠠᠭ᠎ᠠ ᠪᠠᠷ ᠨᠢ ᠪᠢᠰᠢ
ᠰᠢᠷᠬᠡᠭ ᠢᠶᠡᠷ ᠨᠢ ᠲᠣᠭᠠᠯᠠᠬᠤ ᠳᠥᠬᠦᠵᠦ ᠪᠠᠢᠵᠤ
ᠡᠭᠡᠮᠦᠭ ᠳᠠᠷᠤᠭᠤᠯᠭ᠎ᠠ ᠶᠢᠨ ᠬᠢᠨᠢ ᠣᠷᠣᠨ ᠳᠤ
ᠡᠷᠢᠶᠡᠨ ᠳᠠᠪᠤᠤ ᠶᠢ ᠤᠷᠲᠤ ᠪᠠᠷ ᠨᠢ ᠪᠢᠰᠢ
ᠤᠲᠠᠰᠤ ᠪᠠᠷ ᠨᠢ ᠬᠡᠮᠵᠢᠬᠦ ᠰᠢᠬᠠᠵᠤ ᠪᠠᠢᠵᠤ
ᠲᠡᠭᠡᠪᠡᠴᠦ ᠮᠣᠩᠭᠣᠯ ᠬᠥᠮᠥᠨ ᠦ ᠰᠠᠢᠬᠠᠨ ᠰᠡᠳᠬᠢᠯ ᠢ
ᠲᠡᠷᠡ ᠳᠠᠢᠨ᠂ ᠴᠢᠰᠤᠲᠤ ᠰᠢᠨᠠᠭ᠎ᠠ ᠪᠠᠷ ᠢᠶᠠᠨ ᠬᠡᠮᠵᠢᠵᠦ ᠴᠢᠳᠠᠭ᠎ᠠ ᠦᠭᠡᠢ ᠶᠤᠮ
ᠲᠡᠪᠴᠢᠶᠡᠷᠢ᠂ ᠡᠬᠡ ᠶᠢᠨ ᠢᠲᠡᠭᠡᠯ ᠬᠣᠶᠠᠷ ᠢ
ᠲᠡᠷᠡ ᠵᠢᠯ ᠦᠳ ᠱᠤᠤᠭᠢᠶᠠᠨᠲᠤ ᠵᠡᠭᠡᠯᠢ ᠳᠡᠭᠡᠷ᠎ᠡ ᠪᠡᠨ ᠬᠤᠳᠠᠯᠳᠤᠵᠤ ᠠᠮᠵᠢᠭ᠎ᠠ ᠦᠭᠡᠢ ᠶᠤᠮ᠃
ᠡᠷᠡᠴᠦᠳ ᠦᠨ ᠬᠤᠳᠠᠯ ᠦᠨᠡᠨ ᠦᠭᠡᠨ ᠳᠦ ᠢᠲᠡᠭᠡᠵᠦ
ᠡᠷᠳᠡᠨᠢ ᠪᠣᠯᠣᠭᠰᠠᠨ ᠵᠠᠯᠠᠭᠤ ᠨᠠᠰᠤ ᠪᠠᠨ ᠬᠤᠳᠠᠯᠳᠤᠭ᠎ᠠ ᠦᠭᠡᠢ ᠴᠢ ᠮᠢᠨᠢ
ᠬᠤᠷᠤᠭᠤ ᠪᠠᠨ ᠴᠣᠭᠣᠷᠠᠵᠤ ᠨᠢᠷᠤᠭᠤ ᠪᠠᠨ ᠪᠦᠬᠦᠢᠲᠡᠯ᠎ᠡ ᠠᠵᠢᠯ ᠬᠢᠵᠦ
ᠡᠷᠭᠢᠬᠦ ᠳᠥᠷᠪᠡᠨ ᠤᠯᠠᠷᠢᠯ ᠳᠤ ᠣᠷᠣᠨ ᠭᠡᠷ ᠢᠶᠡᠨ ᠭᠠᠭᠴᠠᠭᠠᠷ ᠢᠶᠠᠨ ᠲᠡᠵᠢᠭᠡᠭᠰᠡᠨ ᠶᠤᠮ
ᠬᠦᠢᠲᠡᠨ ᠬᠠᠷᠠᠩᠭᠤᠢ ᠰᠥᠨᠢ ᠬᠣᠲᠠᠨ ᠤ ᠵᠠᠬ᠎ᠠ ᠳᠤ ᠴᠢᠨ᠋ᠸ᠎ᠠ ᠣᠯᠢᠬᠤ ᠳᠤ
ᠬᠡᠦᠬᠡᠳ ᠦᠳ ᠢᠶᠡᠨ ᠠᠶᠤᠯᠭᠠᠬᠤ ᠦᠭᠡᠢ ᠶᠤᠮ ᠰᠢᠤ ᠭᠡᠬᠦ ᠳᠤ ᠪᠠᠨ 
ᠥᠪᠡᠷ ᠢᠶᠡᠨ ᠠᠶᠤᠭ᠎ᠠ ᠦᠭᠡᠢ ᠳᠦᠷᠢ ᠦᠵᠡᠭᠦᠯᠵᠦ ᠰᠦᠬᠡ ᠪᠠᠷᠢᠨ ᠰᠠᠭᠤᠵᠤ
ᠲᠡᠰᠬᠦ ᠳᠦ ᠪᠡᠷᠬᠡ ᠰᠠᠯᠬᠢ ᠰᠢᠭᠤᠷᠭᠠᠨ ᠢᠶᠠᠷ ᠴᠢᠭᠲᠠᠭᠠᠨ ᠠᠴᠠ ᠪᠠᠨ ᠵᠠᠭᠤᠷᠠᠵᠤ
ᠲᠡᠭᠷᠢ ᠨᠢᠷᠭᠡᠭᠰᠡᠨ ᠰᠢᠷᠦᠭᠦᠨ ᠮᠥᠨᠳᠥᠷ ᠢᠶᠠᠷ ᠦᠷ᠎ᠡ ᠬᠡᠦᠬᠡᠳ ᠢᠶᠡᠨ ᠬᠠᠷᠠᠮᠯᠠᠨ ᠬᠠᠯᠬᠠᠯᠠᠵᠤ
ᠲᠡᠮᠡᠭᠡ ᠪᠡᠷ ᠣᠷᠣᠨ ᠭᠠᠵᠠᠷ ᠣᠴᠢᠵᠤ ᠰᠢᠬᠢᠷ ᠠᠪᠴᠢᠷᠠᠵᠤ
ᠲᠡᠷᠡ ᠵᠢᠯ ᠦᠳ ᠲᠦ ᠪᠢᠳᠡᠨ ᠢ ᠶᠠᠭᠤ ᠪᠠᠷ ᠴᠤ᠌ ᠳᠤᠲᠠᠭᠤᠯᠤᠭ᠎ᠠ ᠦᠭᠡᠢ ᠬᠥᠮᠥᠨ ᠪᠣᠯᠭᠠᠭᠰᠠᠨ ᠶᠤᠮ᠃
ᠪᠢᠳᠡ ᠢᠨᠢᠶᠡᠵᠦ ᠪᠠᠶᠠᠰᠴᠤ ᠬᠥᠭᠡᠷᠴᠦ ᠡᠯᠢᠭᠡ ᠪᠦᠲᠦᠨ ᠥᠰᠥᠭᠰᠡᠨ ᠶᠤᠮ
ᠪᠢᠳᠡᠨ ᠡᠴᠡ ᠨᠢᠭᠤᠭᠳᠠᠵᠤ ᠬᠠᠷᠢᠨ ᠬᠠᠶᠠ ᠡᠵᠢ ᠮᠢᠨᠢ ᠤᠬᠢᠯᠠᠵᠤ ᠪᠢᠳᠡᠨ ᠢ ᠬᠥᠮᠥᠨ ᠪᠣᠯᠭᠠᠭᠰᠠᠨ ᠶᠤᠮ
ᠡᠵᠢ ᠶᠢᠨ ᠢᠶᠡᠨ ᠵᠣᠪᠠᠯᠠᠩ ᠢ ᠮᠡᠳᠡᠬᠦ ᠦᠭᠡᠢ ᠪᠢᠳᠡ ᠪᠠᠢᠨ ᠪᠠᠢᠨ ᠯᠠ ᠠᠪᠤ ᠶᠢ ᠪᠡᠨ ᠨᠡᠬᠡᠵᠦ
ᠡᠯᠢᠭᠡ ᠵᠢᠷᠦᠬᠡᠨ ᠦ ᠬᠢᠨᠢ ᠰᠢᠷᠬ᠎ᠠ ᠶᠢ ᠤᠷᠠᠵᠤ ᠬᠥᠨᠳᠡᠵᠦ ᠬᠥᠮᠥᠨ ᠪᠣᠯᠣᠭᠰᠠᠨ ᠶᠤᠮ᠃
ᠭᠡᠪᠡᠴᠦ ᠠᠮᠢᠳᠤᠷᠠᠯ ᠳᠤ ᠡᠪᠦᠳᠦᠭ ᠰᠥᠬᠦᠷᠡᠯ ᠦᠭᠡᠢ
ᠭᠡᠷ ᠦᠨ ᠢᠶᠡᠨ ᠭᠠᠭᠴᠠ ᠠᠯᠲᠠᠨ ᠪᠠᠭᠠᠨ᠎ᠠ ᠪᠣᠯᠵᠤ
ᠭᠡᠷᠭᠡᠢ ᠬᠥᠮᠥᠨ ᠳᠦ ᠵᠠᠶᠠᠭᠠᠭᠰᠠᠨ ᠬᠦᠨᠳᠦ ᠠᠴᠢᠶ᠎ᠠ ᠶᠢ ᠡᠭᠦᠷᠴᠦ
ᠭᠡᠷᠡᠯᠲᠦ ᠬᠥᠰᠢᠶ᠎ᠡ ᠮᠡᠲᠦ ᠪᠠᠲᠤ ᠵᠣᠭᠰᠤᠵᠤ ᠴᠢᠳᠠᠭᠰᠠᠨ ᠶᠤᠮ ᠡ ᠡᠵᠢ ᠮᠢᠨᠢ᠃
ᠣᠳᠣ ᠪᠣᠯᠢᠵᠤ ᠳ᠋ᠠ᠂ ᠵᠠᠢᠯᠠᠭᠤᠯ᠂
ᠣᠢ ᠤᠬᠠᠭᠠᠨ ᠨᠢ ᠤᠢᠮᠤᠷᠠᠭ᠎ᠠ ᠠᠶᠤᠮᠠᠬᠠᠢ ᠪᠣᠯᠵᠤ
ᠣᠯᠠᠨ ᠦᠭᠡ ᠲᠠᠢ ᠠᠮᠠᠷᠬᠠᠨ ᠪᠠᠶᠠᠷᠯᠠᠳᠠᠭ ᠠᠮᠠᠷᠬᠠᠨ ᠭᠣᠮᠣᠳᠠᠳᠠᠭ ᠪᠣᠯᠵᠤ
ᠣᠭᠣᠴᠢᠭᠰᠠᠨ ᠴᠠᠢ ᠳᠤ ᠪᠠᠨ ᠴᠠᠴᠠᠳᠠᠭ᠂ ᠡᠮᠬᠦᠭ᠌ᠰᠡᠨ ᠬᠣᠭᠣᠯᠠᠨ ᠳᠤ ᠪᠠᠨ ᠵᠣᠭᠢᠰᠳᠠᠭ ᠪᠣᠯᠵᠤ
ᠦᠭᠡ ᠬᠡᠯᠡᠬᠦ ᠪᠡᠷ ᠪᠤᠷᠤᠭᠤ ᠲᠤᠭᠤᠯᠤᠭᠠᠳ ᠬᠠᠳᠤᠤᠷᠠᠳᠠᠭ ᠪᠣᠯᠵᠤ
ᠦᠨᠡᠰᠦ ᠪᠤᠵᠢᠭᠢᠨᠠᠭᠤᠯᠵᠤ ᠵᠤᠤᠬᠠᠨ ᠤ ᠡᠮᠦᠨ᠎ᠡ ᠬᠥᠭᠡᠷᠳᠡᠭ ᠪᠣᠯᠵᠤ
ᠡᠭᠦᠯᠡᠨ ᠰᠡᠭᠦᠳᠡᠷ ᠳᠠᠭᠠᠷᠢᠬᠤ ᠳᠤ ᠳᠠᠭᠠᠷᠠᠳᠠᠭ ᠪᠣᠯᠴᠢᠬᠠᠵᠤ
ᠦᠳᠡ ᠶᠢᠨ ᠴᠠᠢ ᠬᠣᠯᠠᠳᠬᠤ ᠶᠢ ᠳᠠᠭᠠᠭᠠᠳᠠᠭ ᠦᠭᠡᠢ ᠪᠣᠯᠴᠢᠬᠠᠵᠤ
ᠬᠥᠭᠡᠷᠦᠬᠦᠢ ᠡᠢᠮᠦ ᠴᠤ᠌ ᠬᠥᠮᠥᠨ ᠪᠠᠢᠭ᠎ᠠ ᠦᠭᠡᠢ ᠶᠤᠮ ᠰᠢᠤ ᠳ᠋ᠠ ᠭᠡᠵᠦ
ᠡᠵᠢ ᠶᠢᠨ ᠲᠤᠬᠠᠢ ᠬᠥᠮᠥᠨ ᠪᠦᠬᠦᠨ ᠶᠠᠷᠢᠨ᠎ᠠ᠃
ᠡᠢᠮᠦ ᠪᠠᠢᠭ᠎ᠠ ᠦᠭᠡᠢ ᠨᠢ ᠦᠨᠡᠨ!
ᠡᠢᠮᠦ ᠪᠣᠯᠭᠠᠭᠰᠠᠨ ᠬᠥᠮᠥᠨ ᠨᠢ ᠪᠢ ᠪᠠᠢᠨ᠎ᠠ!
ᠭᠡᠪᠡᠴᠦ ᠴᠢ ᠨᠠᠮ᠎ᠠ ᠶᠢ ᠡᠢᠮᠦ ᠪᠣᠯᠭᠠᠭᠰᠠᠨ ᠰᠢᠤ ᠭᠡᠵᠦ
ᠬᠡᠮᠯᠡᠵᠦ ᠵᠢᠮᠡᠯᠡᠵᠦ ᠨᠢᠭᠡ ᠴᠤ᠌ ᠤᠳᠠᠭ᠎ᠠ ᠬᠡᠯᠡᠭᠡ ᠨᠢ ᠦᠭᠡᠢ
ᠲᠡᠭᠷᠢ ᠰᠢᠭ ᠠᠭᠤᠵᠢᠮ ᠲᠡᠪᠴᠢᠶᠡᠷᠢ ᠲᠠᠢ ᠳᠤ ᠨᠢ
ᠲᠡᠩᠭᠢᠰ ᠰᠢᠭ ᠭᠦᠨ ᠨᠢᠩᠵᠢᠨ ᠰᠡᠳᠬᠢᠯ ᠲᠠᠢ ᠳᠤ ᠨᠢ
ᠡᠭᠡᠯ ᠦᠨ ᠡᠭᠡᠯ ᠡᠨᠡ ᠬᠥᠮᠥᠨ ᠢ ᠪᠢ ᠰᠢᠲᠦᠳᠡᠭ ᠶᠤᠮ᠃
ᠡᠩᠬᠦᠷᠡᠢ ᠰᠡᠳᠬᠢᠯᠲᠡᠨ ᠣᠯᠠᠨ ᠴᠤ᠌ ᠨᠠᠳᠠ ᠳᠤ ᠮᠢᠨᠤ ᠡᠵᠢ ᠰᠢᠭ ᠪᠠᠢᠭ᠎ᠠ ᠴᠤ᠌ ᠪᠢᠯᠡ ᠦᠦ︖
ᠡᠬᠡ ᠬᠥᠮᠥᠨ ᠣᠯᠠᠨ ᠴᠤ᠌ ᠨᠠᠮ᠎ᠠ ᠶᠢ ᠮᠢᠨᠤ ᠡᠵᠢ ᠰᠢᠭ ᠬᠠᠢᠷᠠᠯᠠᠭ᠎ᠠ ᠴᠤ᠌ ᠪᠢᠯᠡ ᠦᠦ︖
ᠡᠷ᠎ᠡ ᠪᠡᠶ᠎ᠡ ᠡᠨᠳᠡᠵᠦ ᠲᠡᠭᠷᠢ ᠲᠤᠯᠤᠮᠠᠷ ᠬᠡᠷᠡᠭ ᠳᠡᠭᠳᠡᠭᠡᠪᠡᠴᠦ
ᠡᠷᠬᠡ ᠪᠠᠭ᠎ᠠ ᠶᠢᠨ ᠬᠢ ᠰᠢᠭ᠋ ᠮᠢᠨᠢ ᠠᠭᠤᠴᠢᠯᠠᠩᠬᠠᠨ ᠰᠠᠭᠤᠳᠠᠭ
ᠡᠪᠳᠡᠷᠡᠵᠦ ᠬᠥᠮᠥᠨ ᠤ ᠨᠢᠳᠦᠨ ᠦ ᠪᠤᠯᠠᠢ ᠪᠣᠯᠣᠭᠰᠠᠨ ᠴᠤ᠌
ᠡᠪᠡᠢ ᠳ᠋ᠡ᠂  ᠡᠷᠳᠡᠨᠢ ᠮᠡᠲᠦ ᠦᠷ᠎ᠡ ᠮᠢᠨᠢ ᠭᠡᠵᠦ ᠡᠩᠬᠦᠷᠡᠢᠯᠡᠨ ᠪᠠᠢᠳᠠᠭ ᠡᠨᠡ ᠮᠢᠨᠤ ᠰᠢᠲᠦᠭᠡᠨ!
ᠥᠰᠬᠦ ᠡᠴᠡ ᠡᠳᠦᠢ ᠪᠣᠯᠲᠠᠯ᠎ᠠ ᠡᠪᠦᠳᠦᠭ ᠰᠥᠬᠦᠷᠡᠭᠡ ᠦᠭᠡᠢ ᠥᠨᠢ ᠮᠥᠩᠬᠡ ᠭᠠᠭᠴᠠ ᠮᠢᠨᠤ ᠰᠢᠲᠦᠭᠡᠨ!
ᠥᠨᠥᠳᠦᠷ ᠨᠠᠮᠤᠷ ᠤᠨ ᠨᠠᠪᠴᠢ ᠰᠢᠭ᠋ ᠪᠣᠯᠣᠭᠰᠠᠨ ᠥᠴᠦᠬᠡᠨ ᠰᠢᠷ᠎ᠠ ᠡᠮᠡᠭᠡᠨ ᠡᠵᠢ ᠮᠢᠨᠢ ᠮᠢᠨᠤ ᠰᠢᠲᠦᠭᠡᠨ!
ᠥᠭᠡᠷ᠎ᠡ ᠪᠢ ᠶᠠᠭᠤ ᠶᠢ ᠰᠢᠲᠦᠬᠦ ᠶᠤᠮ ᠪᠤᠢ!
 
  ᠦᠰᠦᠭ ᠠᠮᠢᠯᠠᠭᠤᠯᠤᠭᠴᠢ᠄ ᠮᠠᠨᠳᠠᠷᠠᠸ᠎ᠠ 
  ᠦᠰᠦᠭ ᠬᠠᠳᠠᠭ᠍ᠴᠢ᠄ ᠠᠵᠠᠵᠠᠶᠠᠭ᠎ᠠ 

Миний шүтээн
Р.Чойном

Холын бүдэгхэн цагийн
Хонины нэхийн өлгий чи
Энэ хорвоод юуг шүтдэг юм бэ гэж
Эзнээсээ одоо асуу
Тохойн чинээхэн нялх уед минь
Толгойн дээр зүүлттэй байсан
Эсгийгээр хайчилсан үнэг чи
Эзнээсээ одоо асуу
Шүтлэгтэн биш гэлээ ч би
Шүтдэг ганцхан шүтээнтэй
Огторгуй тэнгэрт би шүтдэггүй
Одон гаригт би шүтдэггүй
Омголон догшин байгалийн сүрт үзэгдэлд би шүтдэггуй
Олны хэл ам, хараал ерөөлд би шүтдэггүй
Нүд аньж хувь тавиланг би шүтдэггүй
Нүгэл буян, бурхан чөтгөрийг ч шүтдэггүй
Би эмэгтэй хүнийг шүтдэг
Би эх хүнийг шүтдэг
Би ээжийгээ шүтдэг
Би гагцхүү би гэдэг дотоод сэтгэлийг минь
Биеийг минь, хүчин чадлыг минь
Биштэд итгэх итгэлийг минь бүтээсэн
Аугаа их тэр уран хүнд
Амьд баримал, амьд зураг, амьд дууг бүтээж
Бурхан багшаас ч ид чадлаараа давсан
Буурал үстэй бяцхан эмгэний өмнө
Өөрийн эрхгүй өвдөг сөхөрнөм.
Он цаг, хүмүүс хоёрыг бүрхэг байх үеэр
Онгон элгэндээ намайг тэвэрч өсгөсөн юм ижий минь
Онгойж үлдсэн аавын минь орон дээр
Яруу найргийг бүүвэйлж өсгөсөн юм ижий минь.
Учирсан бэрхийн өмнө унаж сөгдөлгүй
Улирсан сар жилүүдийн хойноос уйлж унжилгүй
Хэлхээ сувдан нулимсаа бүүвэйн дуу болгож
Хэнтий нутгийн боржигон тал дунд
Айлын ганц багана болж явахдаа энэ хүн
Арай ч ийм эмгэн байгаагүй юм
Өнөө харахнээ намрын навч шиг
Өчүүхэн шар эмгэн.
Намрын навч шиг өчүүхэн шар эмгэн
Намрын навч шиг биш хаврын цэцэг шиг
Найган дэлгэрч явсан юм
Найган дэлгэрч явсан хаврын цэцгийг хаврын цэцэг байхад
Наян нэгэн сүлжээ хархан гэзэг нь одоогийн бүсгүйн булчин шиг байхад
Нас нь залуу шүд нь бүрэн ухаан нь саруулхан байхад Нар шиг залуус сар шиг гэрэлд нь эрвээхэй шиг эргэж хоргож байхад
Алтан дэлхийн бүсгүй хүний
Адармаатайхан хувь заяа
Ард гаралтай энэ хүнээр
Арай хатуу тоглосон юм
Гал цог шиг залуу насны
Ган төмөр шиг бие цогцос
Ганган үзэмж, онгон хайрыг
Гар таталгүй хайрласан мөртлөө
Хамтад нь бас хар толгойг нь цагаан болтол нь
Хайрын сэтгэлээр үүрд өнчрөх
Хатуу тавилан заяасан байна
Эс танихаас панзчин шиг
Эрхэм дотноос архичин шиг
Элдэвтэй хорвоо миний ижийгийн
Элэг зүрх рүү цөм өшиглөж
Эрийг нь булааж, гэрийг нь хоослоод
Энхрий үрсийг нь тэврүүлээд
Ээрэм талын хөдөөгийн нэгэн өвөлжөөнд
Эргэн харалгүй орхисон байна.
Цаг өөр байж
Цагаан гурил үйтэн хуарнаас үнэтэй байж
Цай алт шиг, талх мөнгө шиг байж
Цатгалан панзчид эзэн хаан шиг байж
Бугуйвч бөгжнийх нь оронд
Будааг шанагаар биш ширхэгээр нь тоолох дөхөж байж
Ээмэг даруулганы нь оронд
Эрээн даавууг уртаар нь биш утсаар нь хэмжих шахаж байж
Тэгэвч Монгол хүний сайхан сэтгэлийг тэр дайн
Цуст шанагаараа хэмжиж чадаагүй юм
Тэвчээр, эхийн итгэл хоёрыг
Тэр жилүүд шуугиант зээл дээрээ худалдаж амжаагүй юм
Эрчүүдийн худал үнэн үгэнд итгэж
Эрдэнэ болсон залуу насаа худалдаа нь үгүй ижий минь
Хуруугаа цоортол, нуруугаа бөхийтел ажил хийж
Эргэх дөрвөн улиралд орон гэрээ ганцаараа тэжээсэн юм.
Хүйтэн харанхуй шөнө хотны захад чоно улихад
Хүүхдүүдээ айлгахгүй юм шүү гэхдээ өөрөө айгаагүй юм шиг дүр үзүүлж
Сүх барин сууж
Тэсэхэд бэрх салхи шуурганаар жагтагнаасаа зуурч
Тэнгэр ниргэсэн ширүүн мөндөрнөөр үр хүүхдээ харамлан халхалж
Тэмээгээр орон газар очин чихэр авчирч
Тэр жилүүдэд биднийг юугаар ч дутаалгүй хүн болгосон юм
Бид инээж баясаж, хөөрч элэг бүтэн өсөцгөөсөн юм
Биднээс нуугдаж харин хааяа ижий минь уйлж биднийг хүн болгосон юм.
Ээжийнхээ зовлонг мэдэхгүй бид байн байн л аавыгаа нэхэж
Элэг зүрхнийх нь шархыг урж, хөндөж хүн болсон юм
Гэвч амьдралд өвдөг сөхрөлгүй
Гэрийнхээ ганц алтан багана болж
Гэрэлт хөшөө мэт бат зогсож чадсан юм ижий минь.
Одоо больж дээ зайлуул
Ой ухаан нь уймраа, аймхай болж
Олон үгтэй, амархан баярладаг, амархан гомддог болж
Оочсон цайндаа цацдаг, үмхсэн хоолондоо зогисдог болж
Үг хэлэхээр буруу дуулаад л хатуурдаг болж
Үнс бужигнуулж зуухны өмнө хөөрдөг болж
Үүлэн сүүдэр дайрахад даардаг болчихож
Үдийн цай холдохыг даадаггүй болчихож.
Ийм хүн байгаагүй юм шүү дээ гэж
Ижийгийн тухай бүх хүн ярина
Ийм хүн байгаагүй нь үнээн
Ийм болгосон хүн нь би байна.
Гэвч чи намайг ийм болгосон шүү гэж
Гэмлэж зэмлэж нэг ч удаа хэлээ нь үгүй
Тэнгэр шиг уужим тэвчээртэйд нь
Тэнгис шиг гүн нинжин сэтгэлтэйд нь
Эгэлийн эгэл энэ хүнийг би шүтдэг юм.
Энхрий сэтгэлтэн олончиг надад миний ижий шиг байгаа ч билүү
Эх хүн олончиг намайг миний ижий шиг хайрлаа ч билүү
Эр бие эндэж тэнгэрт тулмаар хэрэг дэгдээвч
Эрх багынх шиг минь уучланхан суудаг
Эвдэрч хүний нүдний булай болсон ч
Эвий дээ эрдэнэ мэт үр минь хэмээн энхрийлэн байдаг
Энэ миний шүтээн.
Өсөхөөс өдий болтол өвдөг сөхрөөгуй
Өнө мөнх миний ганц шүтээн
Өнөөдөр намрын навч шиг болсон
Өчүүхэн шар эмгэн ижий минь миний шүтээн.
Өөр би юуг шүтэх юм бэ?