ᠮᠠᠷᠭᠠᠰᠢ-ᠷ ᠂ᠴᠣᠢᠨᠣᠮChoinom - Margaash
ᠮᠠᠷᠭᠠᠰᠢ
ᠷ· ᠴᠣᠢᠨᠣᠮ
ᠮᠠᠷᠭᠠᠰᠢ! ᠡᠨᠡ ᠶᠠᠮᠠᠷ ᠰᠣᠨᠣᠰᠳᠠᠵᠤ ᠪᠠᠢᠨ᠎ᠠ ᠪᠣᠢ?
ᠮᠠᠭᠠᠳ ᠲᠠᠨ ᠳ᠋ᠤ᠌᠂ ᠰᠢᠨ᠎ᠡ ᠡᠳᠦᠷ᠂ ᠰᠢᠨ᠎ᠡ ᠥᠩᠭᠡ ᠰᠣᠨᠣᠰᠳᠠᠨ᠎ᠠ ᠤᠤ!
ᠮᠠᠷᠲᠠᠭᠰᠠᠨ ᠢ᠋ ᠰᠠᠨᠠᠬᠤ᠂ ᠦᠯᠡᠳᠡᠭᠰᠡᠨ ᠢ᠋ ᠪᠦᠲᠦᠭᠡᠬᠦ
ᠮᠠᠷᠭᠠᠰᠢ ᠭᠡᠳᠡᠭ ᠢᠷᠠᠭᠤ ᠡᠳᠦᠷ—( ᠲᠡᠭᠡᠪᠡᠯ)— ᠮᠠᠨᠳᠤᠲᠤᠭᠠᠢ!
ᠡᠭᠡᠯ ᠰᠢᠯᠦᠭᠴᠢ ᠪᠢ《 ᠳ᠋ᠤᠭᠠᠢ》 ᠶᠢ ᠨᠢ ᠬᠡᠯᠡᠶ᠎ᠡ
ᠡᠷᠬᠢᠮ ᠨᠥᠬᠥᠷ ᠲᠠ《 ᠤᠷᠠᠢ》 ᠶ᠋ᠢ ᠨᠢ ᠬᠠᠰᠬᠢᠷ!
ᠡᠨᠡ ᠵᠠᠭᠤᠨ ᠮᠠᠨᠢ ᠯᠣᠽᠦ᠋ᠩ ᠳ᠋ᠦ᠍ ᠳᠤᠷᠠᠲᠠᠢ ᠶᠤᠮ
ᠡᠰᠡᠷᠭᠦ ᠦᠶ᠎ᠡ ᠪᠠᠨ ᠯᠠ ᠪᠢ᠂ ᠮᠠᠨᠳᠤᠲᠤᠭᠠᠢ ᠭᠡᠨ᠎ᠡ!
ᠥᠨᠥᠳᠥᠷ ᠦ᠋ᠨ ᠵᠠᠯᠭᠠᠮᠵᠢᠯᠠᠭᠴᠢ ᠮᠠᠷᠠᠭᠠᠱᠢ ᠨᠢ ᠪᠢᠯᠡ!
ᠥᠨᠳᠥᠷ ᠦ᠋ᠨ ᠵᠠᠯᠭᠠᠮᠵᠢᠯᠠᠭᠴᠢ ᠨᠢ ᠨᠠᠮ ᠢ᠋ ᠬᠡᠯᠡᠨ᠎ᠡ ᠠ᠋
ᠥᠷᠭᠡᠨ ᠦ᠌ ᠵᠠᠯᠭᠠᠮᠵᠢᠯᠠᠭᠴᠢ ᠭᠡᠵᠦ ᠨᠠᠷᠢᠨ ᠢ᠋ ᠬᠡᠯᠡᠨ᠎ᠡ
ᠥᠪᠡᠷ ᠦ᠋ᠨ ᠵᠠᠯᠭᠠᠮᠵᠢᠯᠠᠭᠴᠢ ᠭᠡᠵᠦ ᠦᠷ᠎ᠡ ᠬᠡᠦᠬᠡᠳ ᠢ᠋ᠶ᠋ᠡᠨ ᠬᠡᠯᠡᠶ᠎ᠡ!
ᠦᠷ᠎ᠡ ᠬᠡᠦᠬᠡᠳ ᠭᠡᠵᠦ ᠡᠨᠡ ᠪᠡᠶ᠎ᠡ ᠶ᠋ᠢᠨ ᠮᠢᠨᠢ ᠲᠠᠰᠤᠷᠬᠠᠢ
ᠦᠢᠯᠡ ᠶᠠᠪᠤᠳᠠᠯ᠂ ᠠᠯᠳᠠᠷ ᠨᠡᠷ᠎ᠡ ᠶ᠋ᠢᠨ ᠮᠢᠨᠢ ᠬᠡᠯᠲᠡᠷᠬᠡᠢ᠂
ᠦᠵᠡᠵᠦ ᠲᠤᠭᠤᠯᠤᠭᠰᠠᠨ ᠵᠢᠷᠭᠠᠯ ᠵᠣᠪᠠᠯᠠᠩ ᠤ᠋ᠨ ᠮᠢᠨᠢ
ᠦᠷᠭᠦᠯᠵᠢᠯᠡᠯ ᠪᠣᠯᠵᠤ ᠨᠢᠭᠡᠨ ᠥᠬᠢᠨ ᠮᠡᠨᠳᠦᠯᠡᠭᠰᠡᠨ ᠶᠦᠮ᠃
ᠴᠡᠩᠭᠡᠯ ᠢ᠋ᠶ᠋ᠡᠷ ᠳᠤᠯᠢᠬᠠᠨ ᠡᠨᠡ ᠪᠠᠷᠤᠭᠠᠷ ᠡᠳᠦᠷ ᠦ᠋ᠳ ᠲᠦ᠍
ᠴᠡᠴᠡᠨ ᠳ᠋ᠦ᠍ᠨᠢ ᠮᠠᠭᠲᠠᠭᠤᠯᠵᠤ᠂ ᠲᠡᠨᠡᠭ ᠲᠤᠨᠢ ᠵᠦᠬᠡᠭᠦᠯᠵᠦ
ᠲᠣᠣᠷ ᠤ᠋ᠨ ᠴᠠᠭᠠᠨ᠎ᠠ ᠵᠠᠮᠬᠠᠷᠠᠬᠤ ᠨᠡᠷ᠎ᠡ ᠶᠦ᠍ᠭᠡᠨ ᠢ᠋ ᠮᠢᠨᠢ ᠵᠡᠭᠦᠭᠰᠡᠨ
ᠲᠣᠬᠣᠢ ᠶ᠋ᠢᠨ ᠴᠢᠨᠡᠭᠡᠬᠡᠨ ᠥᠬᠢᠨ ᠢ᠋ᠶ᠋ᠡᠨ ᠪᠢ᠂ ᠬᠤᠯᠠᠨ ᠭᠡᠵᠦ ᠨᠡᠷᠡᠯᠡᠭᠰᠡᠨ᠃
ᠡᠮᠡᠭᠡᠯᠲᠦ ᠮᠣᠷᠢᠨ ᠭᠠᠲᠤᠯᠤᠭᠠ ᠦᠭᠡᠢ ᠬᠣᠩᠭᠣᠷ ᠰᠢᠷ᠎ᠠ ᠴᠦᠯ ᠦ᠋ᠨ
ᠡᠯᠡᠰᠦᠨ ᠳᠣᠯᠭᠢᠶᠠᠨ ᠳᠤᠮᠳᠠ ᠣᠳᠣ ᠵᠢᠷᠤᠬᠤ ᠰᠢᠭ᠋ ᠳᠡᠭᠦᠯᠢᠵᠦ
ᠡᠷᠡᠮᠡᠭ
ᠬᠣᠮᠪᠣᠨ ᠲᠤᠭᠤᠷᠠᠢ ᠪᠠᠷ ᠢ᠋ᠶ᠋ᠠᠨ ᠭᠣᠪᠢ ᠶ᠋ᠢᠨ ᠰᠤᠳᠠᠰᠤ ᠶ᠋ᠢ ᠬᠠᠨᠠᠵᠤ
ᠡᠷᠳᠡᠨᠢ ᠪᠣᠯᠤᠭᠰᠠᠨ ᠤᠰᠤ ᠶ᠋ᠢ ᠨᠢ ᠣᠯᠵᠤ ᠬᠦᠷᠲᠡᠳᠡᠭ ᠠᠮᠢᠲᠠᠨ᠃
ᠰᠠᠯᠬᠢᠨ ᠠ᠋ᠴᠠ ᠪᠤᠰᠤᠳ ᠨᠢ ᠤᠨᠤᠭ᠎ᠠ ᠦᠭᠡᠢ ᠠᠲᠠᠷ ᠣᠩᠭᠣᠨ ᠵᠣ᠌ ᠳ᠋ᠠᠭᠠᠨ
ᠰᠠᠨᠰᠠᠷ ᠤ᠋ᠨ ᠣᠳᠣᠳ ᠢ᠋ ᠲᠣᠭᠠᠯᠠᠭᠰᠠᠨ ᠳᠠᠩᠰᠠᠨ ᠤ᠋ ᠰᠤᠮᠤᠨ ᠰᠤᠳᠠᠯ ᠲᠠᠢ
ᠰᠠᠷᠠᠲᠠᠢ ᠬᠣᠩᠭᠣᠷ ᠳᠤᠬᠤᠨ ᠳ᠋ᠠᠭᠠᠨ᠂ ᠰᠠᠮᠪᠠᠢ ᠰᠢᠩᠭᠡᠨ ᠬᠥᠬᠥᠯ ᠲᠡᠢ
ᠰᠠᠵᠢᠯᠠᠭ᠎ᠠ ᠵᠥᠭᠡᠯᠡᠨ ᠠᠯᠬᠤᠬᠤ ᠳ᠋ᠠᠭᠠᠨ ᠴᠤ᠌ ᠰᠠᠨᠠᠵᠤ ᠰᠡᠷᠡᠬᠦ ᠶ᠋ᠢᠨ ᠠᠶᠠᠰ ᠲᠠᠢ
ᠪᠠᠢᠭᠠᠯᠢ ᠶ᠋ᠢᠨ ᠡᠷᠬᠡ ᠴᠢᠯᠥᠭᠡ ᠶ᠋ᠢ ᠤᠨᠠᠭᠠᠨ ᠬᠣᠩᠰᠢᠶᠠᠷ ᠲᠠᠭᠠᠨ ᠵᠠᠭᠤᠵᠤ
ᠪᠠᠷᠰ ᠤ᠋ᠨ ᠠᠷᠠᠰᠤᠨ ᠭᠣᠪᠢ ᠳ᠋ᠤ᠌ ᠤᠨᠠᠬᠤ ᠳ᠋ᠠᠭᠠᠨ ᠲᠡᠮᠡᠴᠡᠵᠦ ᠲᠥᠷᠥᠭᠰᠡᠨ
ᠤᠯᠠᠮᠵᠢᠯᠠᠯᠲᠤ ᠡᠨᠡ ᠭᠥᠷᠦᠭᠡᠰᠦᠨ ᠦ᠌ ᠳᠣᠮᠣᠭ ᠪᠣᠯᠤᠭᠰᠠᠨ ᠨᠡᠷ᠎ᠡ ᠶ᠋ᠢ
ᠤᠴᠢᠷ ᠮᠡᠳᠡᠬᠦ ᠦᠭᠡᠢ ᠨᠢᠯᠬᠠᠰ ᠤ᠋ᠨ ᠵᠡᠭᠦᠨ ᠴᠢᠬᠢᠨ᠎ᠡ ᠰᠢᠪᠡᠨᠡᠬᠦ ᠳ᠋ᠡᠭᠡᠨ
ᠠᠯᠲᠠᠨ ᠭᠣᠪᠢ ᠶ᠋ᠢᠨ ᠬᠤᠯᠠᠨ ᠰᠢᠭ᠋ ᠡᠷᠬᠡ ᠳᠤᠷ᠎ᠠ ᠪᠠᠷ ᠢ᠋ᠶ᠋ᠠᠨ ᠶᠠᠪᠤᠬᠤ ᠦᠭᠡᠢ ᠴᠦ᠍
ᠠᠪᠤ ᠰᠢᠭ᠋ ᠢ᠋ᠶ᠋ᠡᠨ ᠢᠩᠭᠢᠵᠦ᠂ ᠡᠯᠳᠡᠪ ᠳᠡᠭᠡᠳᠦᠰ ᠲᠦ᠍ ᠳᠠᠷᠤᠯᠠᠭᠤᠯᠵᠤ
ᠠᠲ᠋ᠣᠮ ᠤ᠋ᠨ ᠡᠨᠡ ᠵᠠᠭᠤᠨ ᠳ᠋ᠤ᠌ ᠷᠤᠮᠠ ᠶ᠋ᠢᠨ ᠪᠣᠭᠣᠯ ᠰᠢᠭ᠋ ᠪᠥᠬᠥᠢᠬᠦ
ᠠᠷᠠᠳ ᠤ᠋ᠨ ᠪᠣᠷᠣ ᠲᠠᠪᠢᠯᠠᠩ ᠠ᠋ᠴᠠ᠂ ᠠᠯᠬᠤᠮ ᠤᠷᠤᠭᠰᠢᠯᠠᠭ ᠭᠡᠰᠡᠨ ᠶᠦᠮ!
ᠲᠡᠭᠡᠬᠦ ᠳ᠋ᠡᠭᠡᠨ᠂ ᠮᠢᠨᠦ ᠥᠬᠢᠨ ᠭᠡᠳᠡᠭ ᠮᠢᠨᠦ ᠪᠡᠶ᠎ᠡ ᠤᠴᠢᠷ ᠠ᠋ᠴᠠ
ᠲᠡᠷᠭᠡ ᠤᠨᠤᠵᠤ᠂ ᠲᠣᠷᠭ᠎ᠠ ᠡᠮᠦᠰᠴᠦ᠂ ᠮᠠᠨᠳᠤᠯ᠎ᠠ ᠴᠤ᠌ ᠭᠡᠰᠡᠨ
ᠲᠡᠨᠡᠭ ᠥᠰᠴᠦ᠂ ᠲᠡᠨᠦᠵᠦ ᠥᠯᠥᠰᠴᠦ᠂ ᠭᠠᠩᠳᠠᠯ᠎ᠠ ᠴᠤ᠌ ᠭᠡᠰᠡᠨ
ᠲᠡᠮᠡᠴᠡᠵᠦ ᠵᠣᠷᠢᠭᠰᠠᠨ ᠴᠠᠭ ᠠ᠋ᠴᠠ ᠮᠢᠨᠢ᠂ ᠥᠭᠡᠷ᠎ᠡ ᠵᠦᠭ ᠲᠦ᠍ ᠶᠠᠪᠤᠵᠤ ᠪᠣᠯᠬᠤ ᠦᠭᠡᠢ
ᠠᠵᠠ ᠵᠢᠷᠭᠠᠯ ᠦᠭᠡᠢ ᠡᠨᠡ ᠬᠠᠷ᠎ᠠ ᠪᠣᠷᠣ ᠲᠠᠪᠢᠯᠠᠩ ᠠ᠋ᠴᠠ ᠮᠢᠨᠢ
ᠠᠯᠬᠤᠮ ᠤᠷᠤᠭᠰᠢᠯᠠᠬᠤ ᠳ᠋ᠠᠭᠠᠨ ᠠᠷᠠᠳ ᠢ᠋ᠶ᠋ᠠᠨ ᠮᠠᠷᠲᠠᠵᠤ ᠪᠣᠯᠬᠤ ᠦᠭᠡᠢ᠂
ᠠᠷᠠᠳ ᠭᠡᠳᠡᠭ ᠡᠨᠡ᠂ ᠳᠠᠷᠤᠤ ᠪᠣᠯᠪᠠᠴᠤ ᠡᠷᠡᠯᠬᠡᠭ ᠬᠥᠷᠥᠰᠥᠨ ᠡᠴᠡ
ᠠᠩᠬ᠎ᠠ ᠤᠷᠭᠤᠭᠰᠠᠨ ᠢ᠋ᠶ᠋ᠠᠨ ᠬᠠᠮᠢᠭ᠎ᠠ ᠬᠡᠵᠢᠶ᠎ᠡ ᠴᠦ᠍ ᠮᠠᠷᠲᠠᠵᠤ ᠪᠣᠯᠬᠤ ᠦᠭᠡᠢ!
ᠤᠶᠠᠨ ᠰᠡᠷᠭᠡᠭ ᠪᠡᠶ᠎ᠡ ᠴᠢᠨᠢ ᠡᠳᠦᠷ ᠴᠠᠭ ᠢ᠋ᠶ᠋ᠠᠷ ᠴᠡᠴᠡᠭᠯᠡᠵᠦ
ᠤᠷᠠᠨ ᠲᠧᠽᠢᠶᠡᠨ ᠦ᠌ ᠵᠢᠷᠤᠭᠰᠠᠨ ᠥᠩᠭᠡᠲᠦ ᠳᠠᠭᠢᠨᠢ ᠰᠢᠭ᠋ ᠮᠠᠨᠳᠤᠪᠠᠴᠤ
ᠵᠢᠷᠦᠬᠡ ᠰᠤᠳᠠᠰᠤᠨ ᠳ᠋ᠤ᠌ ᠴᠢᠨᠢ ᠶᠠᠳᠠᠭᠤ ᠠᠷᠠᠳ ᠤ᠋ᠨ ᠴᠢᠰᠤ᠂
ᠵᠡᠭᠦᠳᠦ ᠮᠥᠷᠥᠭᠡᠳᠦᠯ ᠪᠣᠢ ᠶ᠋ᠢ ᠮᠠᠷᠲᠠᠬᠤ ᠡᠷᠬᠡ ᠪᠠᠢᠬᠤ ᠦᠭᠡᠢ!
ᠬᠠᠯᠢᠭᠤ ᠪᠤᠯᠠᠭᠠᠨ ᠳᠡᠪᠡᠯ ᠳ᠋ᠦ᠍᠂ ᠬᠠᠭᠠᠨ ᠤ᠋ ᠭᠦᠩᠵᠦ ᠰᠢᠭ ᠪᠤᠯᠬᠠᠵᠤ
ᠬᠠᠷ᠎ᠠ ᠲᠡᠷᠭᠡᠨ ᠦ᠌ ᠰᠠᠭᠤᠳᠠᠯ ᠳ᠋ᠤ᠌ ᠬᠠᠢᠪᠠᠵᠤ ᠳᠠᠢᠪᠠᠵᠤ ᠶᠠᠪᠤᠭᠰᠠᠨ ᠴᠤ᠌᠂
ᠬᠠᠯᠠᠭᠤᠨ ᠬᠦᠢᠲᠡᠨ ᠬᠣᠶᠠᠷ ᠲᠤ᠌ ᠬᠤᠪᠴᠠᠰᠤ ᠲᠠᠢ ᠬᠤᠪᠴᠠᠰᠤ ᠦᠭᠡᠢ ᠶᠠᠪᠤᠭᠰᠠᠨ
ᠬᠠᠵᠠᠭᠠᠢ ᠮᠤᠷᠤᠢ ᠡᠴᠢᠭᠡ ᠶ᠋ᠢ ᠪᠡᠨ ᠮᠠᠷᠲᠠᠵᠤ ᠴᠢ ᠪᠣᠯᠬᠤ ᠦᠭᠡᠢ!
ᠡᠴᠢᠭᠡ ᠴᠢᠨᠢ ᠬᠡᠳᠦᠢᠪᠡᠷ ᠬᠠᠵᠠᠭᠠᠢ ᠮᠤᠷᠤᠢ ᠭᠡᠯᠡ ᠴᠦ᠍
ᠡᠯᠢᠭᠡ ᠵᠢᠷᠦᠬᠡᠨ ᠦ᠌ ᠬᠢᠨᠢ ᠲᠡᠮᠡᠦᠯᠡᠯ ᠬᠠᠵᠠᠭᠠᠢ ᠮᠤᠷᠤᠢ ᠪᠠᠢᠭ᠎ᠠ ᠦᠭᠡᠢ
ᠡᠬᠡ ᠡᠴᠡ ᠲᠥᠷᠥᠬᠦ ᠳ᠋ᠡᠭᠡᠨ ᠬᠠᠲᠠᠩᠭᠢᠷ ᠲᠤᠷᠠᠩᠬᠠᠢ ᠪᠠᠢᠭ᠎ᠠ ᠦᠭᠡᠢ
ᠡᠷᠳᠡᠮ ᠪᠦᠲᠦᠭᠡᠯ ᠬᠣᠶᠠᠷ ᠲᠤ᠌ ᠡᠷᠡᠭᠦᠯ ᠮᠡᠨᠳᠦ ᠪᠡᠨ ᠥᠭᠭᠦᠭᠰᠡᠨ ᠶᠦᠮ!
ᠬᠠᠪᠤᠷ ᠤ᠋ᠨ ᠬᠠᠪᠰᠠᠷᠭᠠᠨ ᠳ᠋ᠤ᠌ ᠴᠢ᠂ ᠣᠷᠣᠰ ᠮᠣᠩᠭᠣᠯ ᠢ᠋ᠶ᠋ᠠᠷ ᠬᠠᠷᠢᠶᠠᠵᠤ
ᠬᠠᠮᠠᠷ ᠠᠮᠠ ᠪᠠᠨ ᠲᠠᠭᠯᠠᠭᠠᠳ ᠣᠴᠣᠢᠵᠤ ᠢᠷᠪᠠᠢᠬᠤ ᠬᠡᠷᠡᠭ ᠦᠭᠡᠢ᠂
ᠬᠠᠢᠷ᠎ᠠ ᠬᠢᠰᠠᠯ ᠤ᠋ᠨ ᠳᠤᠮᠳᠠᠭᠤᠷ ᠡᠵᠢ ᠪᠢᠳᠡ ᠬᠣᠶᠠᠷ ᠴᠢᠨᠢ
ᠬᠠᠯᠬ᠎ᠠ ᠨᠤᠲᠤᠭ ᠤ᠋ᠨ ᠰᠢᠷᠣᠢ ᠶ᠋ᠢᠨ ᠳᠤᠮᠳᠠ ᠦᠨᠦᠰᠦᠯᠳᠦᠨ ᠪᠡᠶᠡᠰᠴᠦ ᠶᠠᠪᠤᠭᠰᠠᠨ ᠶᠤᠮ
ᠵᠦᠢᠮᠡᠯ ᠴᠠᠷᠠᠰᠤᠨ ᠱᠠᠯᠠ ᠲᠠᠢ᠂ ᠬᠠᠨ ᠤ᠋ ᠣᠷᠳᠣᠨ ᠰᠢᠭ᠋ ᠥᠷᠥᠭᠡᠨ ᠳ᠋ᠦ᠍
ᠵᠦᠢᠯ ᠵᠦᠢᠯ ᠦ᠋ᠨ ᠴᠡᠴᠡᠭᠡᠰ ᠴᠣᠩᠬᠣᠨ ᠳᠡᠭᠡᠷ᠎ᠡ ᠪᠡᠨ ᠢᠷᠠᠢᠯᠭᠠᠬᠤ ᠳ᠋ᠠᠭᠠᠨ
ᠵᠦᠳᠡᠭᠦᠦ ᠶᠠᠳᠠᠭᠤ ᠪᠢᠳᠡ ᠬᠥᠯᠥᠰᠥᠨ ᠦ᠌ ᠪᠠᠢᠷᠢ ᠪᠤᠯᠢᠶᠠᠴᠠᠯᠳᠤᠵᠤ
ᠵᠡᠭᠦᠷᠮᠡᠭᠯᠡᠨ ᠴᠡᠴᠡᠷᠡᠵᠦ ᠴᠢᠮᠠᠢ ᠬᠥᠬᠥᠭᠦᠯᠵᠦ ᠰᠠᠭᠤᠭᠰᠠᠨ ᠢ᠋ ᠪᠣᠳᠣᠭᠠᠷᠠᠢ!
ᠲᠡᠭᠡᠬᠦ ᠳ᠋ᠡᠭᠡᠨ ᠴᠢ᠂ ᠥᠬᠢᠨ ᠮᠢᠨᠢ ᠡᠷᠬᠡ ᠳᠤᠷ᠎ᠠ ᠪᠠᠷ ᠴᠡᠩᠭᠡ
ᠲᠩᠷᠢ ᠪᠡᠷ ᠨᠢᠰᠴᠦ᠂ ᠲᠠᠩᠭᠢᠰ ᠢ᠋ᠶ᠋ᠠᠷ ᠬᠥᠪᠴᠦ ᠵᠤᠭᠠᠯᠠ
ᠤᠷᠠᠨ ᠴᠠᠭᠠᠨ ᠲᠦᠹᠯᠢ ᠳᠡᠭᠡᠷ᠎ᠡ ᠡᠭᠡᠷᠡᠦᠯ ᠠᠳᠠᠯᠢ ᠪᠥᠵᠢᠭᠯᠡ
ᠤᠰᠤᠨ ᠪᠣᠯᠣᠷ ᠵᠦᠩᠵᠡᠨ ᠳ᠋ᠦ᠍ ᠠᠯᠲᠠᠨ ᠰᠠᠷᠬᠤᠳ ᠵᠠᠯᠭᠢᠯ᠎ᠠ!
ᠰᠣᠭᠲᠣ᠂ ᠢᠨᠢᠶᠡ᠂ ᠤᠬᠢᠯᠠ! ᠬᠠᠷᠢᠨ ᠬᠤᠪᠴᠠᠰᠤ ᠪᠠᠨ ᠪᠤᠤ ᠲᠠᠢᠴᠢ
ᠰᠣᠯᠢᠶᠠᠷᠠ᠂ ᠠᠯᠢᠶᠠᠯᠠ᠂ ᠴᠤᠤᠷᠠᠢ! ᠬᠠᠷᠢᠨ ᠤᠯᠤᠰ ᠢ᠋ᠶ᠋ᠠᠨ ᠪᠤᠤ ᠮᠠᠭᠤᠯᠠ
ᠠᠮᠲᠠᠯᠠᠬᠤ ᠰᠠᠢᠬᠠᠨ ᠢ᠋ ᠠᠮᠲᠠᠯᠠᠵᠤ᠂ ᠡᠳ᠋ᠯᠡᠬᠦ ᠰᠠᠢᠨ ᠢ᠋ ᠡᠳ᠋ᠯᠡ
ᠠᠯᠲᠠᠬᠠᠨ ᠪᠡᠶ᠎ᠡ ᠪᠡᠨ ᠵᠢᠷᠭᠠᠭᠠᠵᠤ᠂ ᠬᠡᠷᠡᠭᠲᠡᠢ ᠪᠣᠯ ᠪᠠᠰᠠ ᠵᠣᠪᠠᠭ᠎ᠠ!
ᠡᠨᠡ ᠪᠡᠶ᠎ᠡ ᠶ᠋ᠢᠨ ᠮᠢᠨᠢ ᠲᠠᠰᠤᠷᠬᠠᠢ᠂ ᠬᠤᠷᠤᠭᠤᠨ ᠴᠢᠨᠡᠭᠡᠨ ᠴᠢᠮᠠᠢ
ᠡᠷᠬᠡ ᠴᠢᠯᠥᠭᠡᠲᠦ ᠢᠷᠭᠡᠨ ᠬᠤᠯᠠᠨ ᠬᠡᠦᠬᠡᠨ ᠲᠠᠨ ᠢ᠋
ᠡᠨᠡ ᠬᠡᠰᠡᠭ ᠭᠠᠵᠠᠷ ᠳᠡᠭᠡᠷ᠎ᠡ ᠡᠵᠡᠨ ᠬᠥᠮᠦᠨ ᠰᠢᠭ ᠶᠠᠪᠤᠭ ᠭᠡᠵᠦ
ᠡᠬᠡ ᠡᠴᠢᠭᠡ ᠬᠣᠶᠠᠷ ᠴᠢᠨᠢ ᠬᠠᠲᠠᠭᠤ ᠰᠢᠷᠦᠭᠦᠨ ᠢ᠋ ᠨᠢ ᠡᠭᠦᠷᠦᠭᠰᠡᠨ ᠶᠦᠮ᠃
ᠢᠷᠠᠭᠤ ᠨᠠᠢᠷᠠᠭᠴᠢ ᠪᠠᠢᠯ᠎ᠠ ᠭᠡᠳ ᠠᠪᠤ ᠴᠢᠨᠢ ᠡᠨᠡ ᠭᠠᠵᠠᠷ ᠢ᠋ᠶ᠋ᠠᠷ
ᠶᠠᠪᠠᠭᠠᠨ ᠮᠠᠴᠤᠵᠤ ᠥᠰᠦᠭᠰᠡᠨ ᠡᠴᠡ᠂ ᠠᠦ᠋ᠲ᠋ᠣ᠋ ᠬᠥᠰᠬᠡ ᠤᠨᠤᠭ᠎ᠠ ᠦᠭᠡᠢ᠂
ᠶᠠᠯ᠎ᠠ ᠵᠢᠮᠡᠯᠡᠯ ᠭᠡᠳᠡᠭ ᠰᠡᠭᠦᠳᠡᠷ ᠰᠢᠭ ᠳᠠᠭᠠᠵᠤ ᠪᠠᠢᠭᠰᠠᠨ ᠠ᠋ᠴᠠ
ᠶᠠᠩᠴᠢᠶᠠᠨ ᠮᠥᠩᠭᠥᠨ ᠦ᠌ ᠬᠢᠷᠢ ᠪᠡᠷ ᠴᠦ᠍ ᠤᠤᠭᠤᠵᠤ ᠬᠠᠨᠵᠤ ᠦᠵᠡᠭᠡ ᠦᠭᠡᠢ
ᠬᠣᠷᠢᠨ ᠬᠡᠳᠦᠲᠡᠢ ᠡᠵᠢ ᠳ᠋ᠦ᠍ ᠴᠢᠨᠢ ᠭᠣᠶᠣᠯ ᠤ᠋ᠨ ᠲᠦᠹᠯᠢ ᠣᠯᠬᠤ ᠭᠡᠵᠦ
ᠬᠣᠯᠠ ᠶ᠋ᠢᠨ ᠵᠠᠮ ᠢ᠋ ᠲᠤᠭᠤᠯᠵᠤ ᠳᠠᠷᠬᠠᠨ ᠬᠣᠲᠠ ᠶ᠋ᠢᠨ ᠳᠡᠯᠭᠡᠭᠦᠷ ᠲᠦ᠍
ᠣᠷᠣᠰ ᠬᠥᠮᠦᠨ ᠢ᠋ ᠴᠢᠷᠠᠢᠴᠢᠯᠠᠵᠤ ᠬᠠᠭᠠᠯᠭ᠎ᠠ ᠶ᠋ᠢ ᠰᠠᠬᠢᠵᠤ ᠵᠣᠭᠰᠣᠭᠠᠳ
ᠣᠯᠵᠤ ᠴᠢᠳᠠᠯ ᠦᠭᠡᠢ ᠪᠤᠴᠠᠭᠰᠠᠨ ᠨᠢ ᠭᠠᠭᠴᠠ ᠪᠤᠰᠤ ᠰᠢᠦ᠂ ᠬᠦᠦ ᠮᠢᠨᠢ!
ᠬᠡᠳᠦᠢ ᠲᠡᠢᠮᠦ ᠪᠣᠯᠪᠠᠴᠤ ᠥᠪᠡᠷ ᠦ᠋ᠨ ᠢ᠋ᠶ᠋ᠡᠨ ᠡᠨᠡ ᠦᠶ᠎ᠡ ᠶ᠋ᠢ
ᠬᠡᠳᠦ ᠨᠢ ᠴᠢᠨᠦ ᠦᠵᠡᠬᠦ ᠥᠨᠢᠷ ᠪᠠᠶᠠᠨ ᠴᠠᠭ ᠢ᠋ᠶ᠋ᠠᠷ
ᠳᠠᠭᠤᠳᠠᠯᠭ᠎ᠠ ᠶ᠋ᠢᠨ ᠡᠳ᠋ᠯᠡᠯ ᠰᠢᠭ ᠬᠡᠵᠢᠶ᠎ᠡ ᠴᠦ᠍ ᠪᠢ ᠰᠣᠯᠢᠬᠤ ᠦᠭᠡᠢ᠂
ᠳᠤᠲᠠᠭᠤ ᠬᠠᠲᠠᠭᠤ ᠴᠤ᠌ ᠭᠡᠰᠡᠨ ᠴᠠᠭ ᠦᠶ᠎ᠡ ᠳ᠋ᠡᠭᠡᠨ ᠬᠠᠢᠷᠠᠲᠠᠢ ᠪᠢ!
ᠬᠣᠪᠣᠷ ᠪᠠᠭᠤᠷᠠᠢ ᠴᠤ᠌ ᠭᠡᠯᠡ ᠮᠢᠨᠦ ᠡᠨᠡ ᠴᠠᠭ ᠦᠶ᠎ᠡ
ᠬᠣᠷᠸ᠎ᠠ ᠶ᠋ᠢᠨ ᠭᠦᠨ ᠤᠬᠠᠭᠠᠨ ᠢ᠋ ᠠᠯᠲᠠᠨ ᠪᠡᠶ᠎ᠡ ᠳ᠋ᠦ᠍ ᠮᠢᠨᠢ ᠬᠦᠷᠲᠡᠭᠡᠵᠦ
ᠬᠣᠷᠢᠨ ᠬᠡᠳᠦᠬᠡᠨ ᠨᠠᠰᠤᠨ ᠳ᠋ᠤ᠌ ᠮᠢᠨᠢ ᠠᠪᠢᠶᠠᠰ ᠠᠯᠳᠠᠷ ᠱᠠᠩᠨᠠᠵᠤ
ᠬᠣᠣᠷ ᠡᠮ ᠬᠣᠶᠠᠷ ᠢ᠋ ᠬᠠᠢᠷ᠎ᠠ ᠬᠠᠷᠠᠮ ᠦᠭᠡᠢ ᠠᠮᠰᠠᠭᠤᠯᠤᠭᠰᠠᠨ ᠶᠤᠮ
ᠳᠤᠲᠠᠭᠤ ᠲᠣᠯᠢᠮ ᠴᠤ᠌ ᠭᠡᠰᠡᠨ ᠰᠢᠯᠦᠭᠴᠢ ᠶ᠋ᠢᠨ ᠵᠢᠷᠭᠠᠯ ᠢ᠋ ᠡᠳ᠋ᠯᠡᠭᠦᠯᠵᠦ
ᠳᠤᠭᠤᠢ ᠬᠥᠯ ᠲᠡᠢ ᠴᠦ᠍ ᠭᠡᠰᠡᠨ ᠴᠡᠪᠡᠷ ᠮᠣᠩᠭᠣᠯ ᠬᠡᠦᠬᠡᠨ ᠦ᠌
ᠳᠤᠷ᠎ᠠ ᠰᠡᠳᠬᠢᠯ ᠦ᠋ᠨ ᠰᠠᠢᠬᠠᠨ ᠳ᠋ᠤ᠌ ᠬᠡᠦᠬᠡᠳ ᠠᠳᠠᠯᠢ ᠡᠷᠬᠡᠯᠡᠭᠦᠯᠵᠦ
ᠳᠠᠭᠤᠤ ᠲᠠᠢ ᠮᠢᠨᠢ ᠴᠣᠭ ᠰᠢᠷᠣᠢᠲᠤ ᠭᠤᠳᠤᠮᠵᠢ ᠪᠠᠷ ᠠᠯᠬᠤᠭᠤᠯᠤᠭᠰᠠᠨ ᠶᠤᠮ᠃
ᠠᠪᠤ ᠴᠢᠨᠢ ᠡᠨᠡ ᠦᠶ᠎ᠡ ᠳ᠋ᠡᠭᠡᠨ ᠬᠠᠢᠷᠠᠲᠠᠢ ᠪᠠᠢᠯ᠎ᠠ
ᠠᠯᠳᠠᠭ ᠣᠨᠤᠭᠬᠠᠨ ᠡᠷᠬᠡ ᠴᠢᠯᠥᠭᠡᠨ ᠳ᠋ᠡᠭᠡᠨ ᠬᠠᠢᠷᠠᠲᠠᠢ ᠪᠠᠢᠯ᠎ᠠ
ᠠᠮᠢᠳᠤᠷᠠᠯ ᠲᠠᠰᠤᠷᠠᠭ᠎ᠠ ᠦᠭᠡᠢ ᠪᠣᠯᠪᠠᠴᠤ ᠡᠵᠢ ᠳ᠋ᠦ᠍ ᠴᠢᠨᠢ ᠬᠠᠢᠷᠠᠲᠠᠢ ᠪᠣᠯᠤᠯ᠎ᠠ
ᠠᠷᠢᠬᠢ ᠨᠣᠮ ᠦᠵᠦᠭ᠁ ᠬᠤᠯᠠᠨ ᠳ᠋ᠠᠭᠠᠨ ᠬᠠᠢᠷᠠᠲᠠᠢ ᠪᠠᠢᠯ᠎ᠠ
ᠢᠷᠭᠡᠨ ᠬᠤᠯᠠᠨ ᠲᠠ ᠮᠢᠨᠦ ᠮᠠᠷᠭᠠᠰᠢ ᠶ᠋ᠢᠨ
ᠢᠷᠡᠭᠡᠳᠦᠢ ᠥᠭᠡᠳᠡ ᠠᠯᠬᠤᠬᠤ ᠮᠢᠨᠦ ᠬᠥᠯ ᠮᠢᠨᠢ ᠮᠥᠨ
ᠶᠡᠬᠡ ᠬᠠᠭᠠᠯᠭ᠎ᠠ ᠶ᠋ᠢ ᠨᠢ ᠲᠠᠲᠠᠬᠤ ᠮᠢᠨᠦ ᠭᠠᠷ ᠮᠢᠨᠢ ᠮᠥᠨ ᠡᠢᠮᠦ ᠤᠴᠢᠷ ᠠ᠋ᠴᠠ
ᠮᠠᠷᠠᠭᠠᠱᠢ ᠭᠡᠳᠡᠭ ᠴᠣ ᠰᠢᠨ᠎ᠡ ᠪᠦᠬᠦᠨ
ᠮᠠᠨᠳᠤᠲᠤᠭᠠᠢ ᠭᠡᠵᠦ ᠪᠢ ᠪᠢᠴᠢᠶ᠎ᠡ᠃
※ ᠢᠷᠡᠯᠲᠡ᠄
《 ᠷ·ᠴᠣᠢᠨᠣᠮ ᠤ᠋ᠨ ᠰᠢᠯᠦᠭ ᠵᠣᠬᠢᠶᠠᠯ ᠤ᠋ᠨ ᠬᠤᠷᠢᠶᠠᠬᠤᠢ— 》
— ᠤᠶᠠᠩᠭ᠎ᠠ ᠶ᠋ᠢᠨ ᠰᠢᠯᠦᠭ ᠡᠴᠡ ᠬᠠᠭᠤᠯᠪᠠ
ᠪᠢ· ᠳᠠᠮᠳᠢᠨᠰᠦ᠋ᠷᠦᠩ
ᠡᠮᠬᠢᠳᠬᠡᠨ ᠨᠠᠢᠷᠠᠭᠤᠯᠪᠠ
ᠬᠠᠷᠢᠭᠤᠴᠠᠭᠰᠠᠨ ᠨᠠᠢᠷᠠᠭᠤᠯᠤᠭᠴᠢ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠳᠬᠠᠠᠨᠰᠣᠠ᠂ ᠰᠡᠷᠭᠦᠯᠡᠩ᠂ ᠭᠠᠷᠮ᠎ᠠ
