ᠡᠵᠢ ᠶ᠋ᠢᠨ ᠮᠥᠷᠥᠭᠡᠳᠦᠯ-ᠰᠣᠶᠣᠯᠴᠢᠮᠡᠭЭэжийн мөрөөдөл-соёлчимэг
ᠡᠵᠢ ᠶ᠋ᠢᠨ ᠮᠥᠷᠥᠭᠡᠳᠦᠯ
ᠰᠣᠶᠣᠯᠴᠢᠮᠡᠭ
ᠠᠯᠲᠠᠨ ᠳᠡᠯᠡᠬᠡᠢ ᠳ᠋ᠦ᠍ ᠠᠮᠢᠳᠤ ᠶ᠋ᠢᠨ ᠵᠠᠶᠠᠭ᠎ᠠ ᠶ᠋ᠢ ᠬᠠᠢᠷᠠᠯᠠᠭᠰᠠᠨ
ᠠᠴᠢᠲᠤ ᠡᠵᠢ ᠪᠡᠨ ᠪᠢ ᠠᠪᠤᠷᠭᠤ ᠪᠤᠷᠬᠠᠨ ᠢ᠋ᠶ᠋ᠠᠷ ᠬᠦᠨᠳᠦᠯᠡᠳᠡᠭ
ᠠᠯᠠᠭ ᠦᠷ᠎ᠡ ᠳ᠋ᠦ᠍ ᠪᠡᠨ ᠠᠩᠭᠢᠷ ᠤᠭᠤᠷᠠᠭ ᠢ᠋ᠶ᠋ᠠᠨ ᠰᠢᠮᠡᠭᠦᠯᠦᠭᠰᠡᠨ ᠢ᠋ ᠨᠢ
ᠠᠨᠠᠪᠠᠳ ᠳᠠᠯᠠᠢ ᠶ᠋ᠢᠨ ᠮᠥᠩᠬᠡ ᠶ᠋ᠢᠨ ᠷᠠᠰᠢᠶᠠᠨ ᠠᠮᠰᠠᠭᠰᠠᠨ ᠭᠡᠵᠦ ᠪᠣᠳᠣᠳᠠᠭ
ᠦᠷ᠎ᠡ ᠪᠡᠨ ᠬᠠᠢᠷᠠᠯᠠᠵᠤ ᠥᠷᠥᠴᠡᠨ ᠳ᠋ᠦ᠍ ᠪᠡᠨ ᠲᠡᠪᠡᠷᠢᠭᠰᠡᠨ ᠡᠵᠢ ᠪᠡᠨ ᠪᠢ
ᠣᠷᠴᠢᠯᠠᠩ ᠢ᠋ ᠭᠡᠢᠭᠦᠯᠦᠭᠰᠡᠨ ᠠᠯᠲᠠᠨ ᠨᠠᠷᠠ ᠪᠠᠷ ᠵᠦᠢᠷᠯᠡᠳᠡᠭ ᠪᠢ
ᠤᠳᠤᠮ ᠢ᠋ ᠨᠢ ᠵᠠᠯᠭᠠᠵᠤ ᠥᠪᠡᠷ ᠢ᠋ ᠪᠡᠨ ᠲᠠᠰᠤᠯᠤᠭᠰᠠᠨ ᠡᠵᠢ ᠪᠡᠨ ᠪᠢ
ᠡᠭᠦᠷᠢᠳᠡ ᠲᠠᠬᠢᠬᠤ ᠮᠥᠩᠬᠡ ᠶ᠋ᠢᠨ ᠰᠢᠲᠦᠭᠡᠨ ᠢ᠋ᠶ᠋ᠡᠷ ᠪᠣᠯᠭᠠᠳᠠᠭ
ᠴᠡᠪᠡᠷᠬᠡᠨ ᠲᠥᠷᠥᠭᠰᠡᠨ ᠵᠠᠯᠠᠭᠤᠬᠠᠨ ᠰᠠᠢᠬᠠᠨ ᠡᠵᠢ ᠡᠴᠡ
ᠴᠡᠴᠡᠭ ᠦ᠋ᠨ ᠰᠣᠶᠣᠭ᠎ᠠ ᠰᠢᠭ᠋ ᠰᠣᠶᠣᠭᠠᠯᠠᠨ ᠳᠡᠯᠭᠡᠷᠡᠵᠦ ᠭᠠᠷᠬᠤ ᠳ᠋ᠤ᠌ ᠪᠠᠨ
ᠴᠡᠩᠭᠡᠯ ᠵᠢᠷᠭᠠᠯ ᠵᠣᠪᠠᠯᠠᠩ ᠵᠦᠳᠡᠭᠦᠷᠢ ᠪᠦᠬᠦᠨ ᠢ᠋
ᠴᠣᠭ ᠲᠤᠨᠢ ᠠᠪᠴᠢᠷᠠᠵᠤ ᠪᠡᠯᠡᠭᠯᠡᠵᠦ ᠥᠭᠭᠦᠭᠰᠡᠨ ᠪᠢᠯᠡ
ᠰᠢᠷᠭᠠᠯ ᠨᠠᠷᠠᠨ ᠤ᠋ ᠬᠠᠯᠠᠭᠤᠨ ᠢᠯᠴᠢ ᠰᠢᠭ ᠢᠪᠡᠭᠡᠵᠦ᠂
ᠰᠠᠨᠠᠵᠤ ᠬᠠᠢᠷᠠᠯᠠᠳᠠᠭ ᠮᠢᠨᠦ ᠰᠠᠢᠬᠠᠨ ᠡᠵᠢ ᠮᠢᠨᠢ
ᠰᠢᠷ᠎ᠠ ᠬᠣᠨᠣᠭ ᠪᠣᠷᠣ ᠡᠳᠦᠷ ᠦ᠋ᠳ ᠲᠦ᠍ ᠵᠢᠳᠬᠦᠭᠰᠡᠭᠡᠷ
ᠰᠡᠳᠬᠢᠯ ᠢ᠋ᠶ᠋ᠡᠷ ᠴᠢᠯᠡᠭᠡᠵᠦ ᠵᠢᠷᠦᠬᠡ ᠪᠡᠨ ᠰᠡᠢᠷᠡᠭᠦᠯᠵᠦ ᠶᠠᠪᠤᠭᠰᠠᠨ
ᠤᠶᠠᠩᠭᠠᠲᠤ ᠰᠠᠢᠬᠠᠨ ᠳᠠᠭᠤᠨ ᠳ᠋ᠤ᠌ ᠴᠢᠨᠢ
ᠠᠭᠤᠯᠠᠰ ᠤ᠋ᠨ ᠴᠤᠤᠷᠢᠶ᠎ᠠ ᠮᠥᠩᠬᠡᠷᠡᠵᠦ
ᠥᠷᠥᠴᠡ ᠵᠢᠷᠦᠬᠡᠨ ᠦ᠌ ᠴᠢᠨᠢ ᠬᠠᠢᠷ᠎ᠠ ᠳ᠋ᠤ᠌
ᠦᠷ᠎ᠡ ᠶ᠋ᠢᠨ ᠰᠡᠳᠬᠢᠯ ᠤᠶᠠᠷᠠᠨ ᠤᠶᠠᠷᠠᠨ᠎ᠠ
ᠪᠣᠳᠣᠯ ᠮᠥᠷᠥᠭᠡᠳᠦᠯ ᠳ᠋ᠦ᠍ ᠪᠡᠨ ᠪᠦᠬᠦᠨ ᠢ᠋ ᠰᠠᠢᠨ ᠢ᠋ᠶ᠋ᠠᠷ ᠵᠥᠩᠨᠡᠵᠦ
ᠪᠤᠶᠠᠨ ᠬᠡᠰᠢᠭ ᠢ᠋ ᠦᠷ᠎ᠡ ᠳ᠋ᠦ᠍ ᠪᠡᠨ ᠦᠯᠡᠳᠡᠭᠡᠬᠦ ᠶ᠋ᠢ ᠬᠦᠰᠡᠵᠦ
ᠪᠤᠳᠤᠯᠢᠶᠠᠨᠲᠤ ᠬᠣᠷᠸ᠎ᠠ ᠶ᠋ᠢᠨ ᠡᠩᠬᠦᠯ ᠳᠤᠩᠬᠤᠯ ᠢ᠋ᠶ᠋ᠠᠷ ᠬᠣᠯᠠᠳᠠᠭᠰᠠᠭᠠᠷ
ᠪᠤᠴᠠᠵᠤ ᠢᠷᠡᠯ ᠦᠭᠡᠢ ᠨᠠᠮ᠎ᠠ ᠪᠠᠨ ᠣᠷᠬᠢᠭᠠᠳ ᠶᠠᠪᠤᠴᠢᠬᠠᠯ᠎ᠠ
ᠵᠥᠪᠯᠡᠵᠦ ᠶᠠᠷᠢᠯᠴᠠᠬᠤ ᠡᠵᠢ ᠲᠡᠢ ᠪᠡᠨ ᠪᠠᠢᠭᠰᠠᠨ ᠪᠣᠯ
ᠵᠡᠭᠦᠳᠦᠨ ᠳ᠋ᠦ᠍ ᠪᠡᠨ ᠴᠦ᠍ ᠵᠢᠷᠭᠠᠯᠲᠠᠢ ᠪᠠᠢᠬᠤ ᠶᠤᠮ ᠰᠠᠨ
ᠵᠥᠭᠡᠯᠡᠨ ᠪᠣᠷᠣ ᠴᠢᠷᠠᠢ ᠶ᠋ᠢ ᠴᠢᠨᠢ ᠮᠥᠷᠥᠭᠡᠳᠦᠨ ᠪᠣᠳᠣᠬᠤ ᠳ᠋ᠤ᠌
ᠵᠢᠷᠦᠬᠡ ᠰᠡᠳᠬᠢᠯ ᠮᠢᠨᠢ ᠬᠠᠢᠯᠠᠨ ᠡᠮᠵᠡᠭᠯᠡᠭᠡᠳ ᠪᠠᠢᠨ᠎ᠠ
ᠬᠠᠨ ᠬᠣᠷᠸ᠎ᠠ ᠶ᠋ᠢᠨ ᠬᠠᠭᠠᠰ ᠲᠤᠯᠭᠠᠭᠤᠷᠢ
ᠬᠠᠨᠠᠲᠤ ᠭᠡᠷ ᠦ᠋ᠨ ᠭᠡᠭᠡᠨ ᠨᠡᠷ᠎ᠡ ᠡᠵᠢ ᠮᠢᠨᠢ
ᠬᠠᠢᠷᠠᠲᠠᠢ ᠪᠦᠬᠦᠨ ᠢ᠋ᠶ᠋ᠡᠷ ᠦᠷ᠎ᠡ ᠳ᠋ᠦ᠍ ᠪᠡᠨ ᠦᠯᠡᠳᠡᠭᠡᠵᠦ
ᠬᠠᠲᠠᠭᠤ ᠲᠠᠢ ᠵᠥᠭᠡᠯᠡᠨ ᠲᠡᠢ ᠬᠣᠷᠸ᠎ᠠ ᠠ᠋ᠴᠠ ᠥᠨᠢᠳᠡ ᠮᠥᠩᠬᠡᠷᠡᠯ᠎ᠡ
ᠪᠤᠷᠬᠠᠨ ᠰᠡᠳᠬᠢᠯ ᠲᠡᠢ ᠡᠵᠢ ᠪᠡᠨ ᠰᠠᠨᠠᠬᠤ ᠳ᠋ᠤ᠌ ᠪᠠᠨ
ᠪᠣᠳᠣᠯ ᠤ᠋ᠨ ᠭᠦᠨ ᠡᠴᠡ ᠡᠮᠵᠡᠭᠯᠡᠨ ᠤᠶᠠᠷᠠᠬᠤ ᠶᠤᠮ
ᠪᠤᠳᠤᠯᠢᠶᠠᠨᠲᠤ ᠬᠣᠷᠸ᠎ᠠ ᠶ᠋ᠢᠨ ᠣᠬᠣᠷᠬᠠᠨ ᠵᠠᠢ ᠳ᠋ᠤ᠌
ᠪᠤᠰᠬᠠᠭᠰᠠᠨ ᠠᠴᠢ ᠶ᠋ᠢ ᠨᠢ ᠥᠨᠢᠳᠡ ᠮᠥᠷᠥᠭᠡᠳᠦᠨ᠎ᠡ᠃
ᠦᠰᠦᠭ ᠠᠮᠢᠯᠠᠭᠤᠯᠤᠭᠴᠢ᠄ ᠣᠤᠠᠬᠠᠨᠴᠡᠴᠡᠭ
ᠬᠢᠨᠠᠭᠴᠢ ᠪᠠᠭᠰᠢ᠄ ᠰᠡᠷᠭᠦᠯᠡᠩ
