ᠳᠦᠭᠦᠷᠡᠩ ᠪᠠᠶᠠᠷ- ᠠᠷᠤᠤᠬᠠᠨДүүрэн баяр-аруухан
ᠳᠦᠭᠦᠷᠡᠩ ᠪᠠᠶᠠᠷ
ᠠᠷᠤᠤᠬᠠᠨ
ᠬᠣᠯᠪᠣᠨ᠎ᠠ
ᠡᠷᠦᠬᠡ ᠭᠡᠷ ᠲᠦ᠍ ᠴᠢᠨᠢ ᠥᠯᠵᠡᠢ ᠳᠦᠭᠦᠷᠡᠩ
ᠡᠪᠦᠷ ᠬᠠᠷᠮᠠᠨ ᠳ᠋ᠤ᠌ ᠴᠢᠨᠢ ᠮᠥᠩᠭᠥ ᠳᠦᠭᠦᠷᠡᠩ
ᠦᠷ᠎ᠡ ᠬᠡᠦᠬᠡᠳ ᠴᠢᠨᠢ ᠪᠤᠶᠠᠨ ᠳᠦᠭᠦᠷᠡᠩ
ᠥᠪᠡᠷ ᠦ᠋ᠨ ᠪᠡᠶ᠎ᠡ
ᠴᠢᠨᠢ ᠰᠡᠳᠬᠢᠯ ᠳᠦᠭᠦᠷᠡᠩ
ᠠᠵᠤ ᠠᠮᠢᠳᠤᠷᠠᠯ ᠳ᠋ᠤ᠌ ᠴᠢᠨᠢ ᠵᠢᠷᠭᠠᠯ ᠳᠦᠭᠦᠷᠡᠩ
ᠠᠷᠤ ᠭᠡᠷ ᠲᠦ᠍ ᠴᠢᠨᠢ
ᠢᠨᠢᠶᠡᠳᠦ ᠳᠦᠭᠦᠷᠡᠩ
ᠠᠵᠢᠯ ᠦᠢᠯᠡᠰ ᠴᠢᠨᠢ ᠠᠮᠵᠢᠯᠲᠠ ᠳᠦᠭᠦᠷᠡᠩ
ᠠᠯᠤᠰ ᠢᠷᠡᠭᠡᠳᠦᠢ ᠴᠢᠨᠢ ᠭᠠᠨᠵᠤᠭ᠎ᠠ ᠳᠦᠭᠦᠷᠡᠩ
ᠬᠦᠷᠢᠶ᠎ᠡ ᠬᠠᠰᠢᠶ᠎ᠠ ᠴᠢᠨᠢ ᠮᠠᠯ ᠢ᠋ᠶ᠋ᠠᠷ ᠳᠦᠭᠦᠷᠡᠩ
ᠬᠥᠮᠥᠷᠭᠡ ᠰᠠᠩ ᠴᠢᠨᠢ ᠠᠮᠤ ᠪᠠᠷ ᠳᠦᠭᠦᠷᠡᠩ
ᠬᠦᠷᠰᠢ ᠰᠠᠭᠠᠬᠠᠯᠲᠠ
ᠴᠢᠨᠢ ᠴᠡᠩᠭᠡᠯ ᠳᠦᠭᠦᠷᠡᠩ
ᠬᠦᠷᠬᠦ ᠢᠷᠡᠭᠡᠳᠦᠢ ᠴᠢᠨᠢ ᠬᠡᠰᠢᠭ ᠳᠦᠭᠦᠷᠡᠩ
ᠲᠠᠯ᠎ᠠ ᠨᠤᠲᠤᠭ ᠴᠢᠨᠢ ᠥᠩᠭᠡ ᠳᠦᠭᠦᠷᠡᠩ
ᠲᠠᠪᠤᠨ ᠲᠠᠷᠢᠶ᠎ᠠ ᠴᠢᠨᠢ ᠬᠤᠷᠢᠶᠠᠯᠲᠠ ᠳᠦᠭᠦᠷᠡᠩ
ᠲᠣᠭᠣᠨᠣᠲᠤ ᠭᠡᠷ ᠴᠢᠨᠢ ᠬᠠᠢᠷ᠎ᠠ ᠪᠠᠷ ᠳᠦᠭᠦᠷᠡᠩ
ᠲᠠᠩᠰᠤᠭ ᠠᠮᠢᠳᠤᠷᠠᠯ ᠴᠢᠨᠢ ᠪᠠᠶᠠᠷ ᠢ᠋ᠶ᠋ᠠᠷ ᠳᠦᠭᠦᠷᠡᠩ
ᠬᠣᠲᠠᠯᠠ ᠣᠯᠠᠨ ᠢ᠋ᠶ᠋ᠠᠷ ᠢ᠋ᠶ᠋ᠠᠨ ᠬᠣᠣᠰ ᠪᠠᠶᠠᠷ
ᠬᠥᠭᠰᠢᠨ ᠪᠤᠭᠤᠷᠤᠯᠴᠤᠳ ᠴᠢᠨᠢ ᠡᠷᠡᠭᠦᠯ ᠪᠠᠶᠠᠷ
ᠬᠣᠣᠰ ᠢᠨᠠᠭ ᠢ᠋ᠶ᠋ᠠᠷ ᠢ᠋ᠶ᠋ᠠᠨ ᠠᠮᠠᠷᠠᠭ
ᠪᠠᠶᠠᠷ
ᠬᠡᠦᠬᠡᠳ ᠦᠷ᠎ᠡ ᠴᠢᠨᠢ ᠵᠢᠷᠭᠠᠯ ᠪᠠᠶᠠᠷ
ᠬᠠᠴᠠᠷ ᠳᠦᠭᠦᠷᠡᠩ ᠬᠠᠯᠠᠭᠤᠨ ᠪᠠᠶᠠᠷ
ᠮᠠᠩᠨᠠᠢ ᠳᠦᠭᠦᠷᠡᠩ ᠲᠡᠨᠢᠭᠦᠨ ᠪᠠᠶᠠᠷ
ᠮᠡᠯᠮᠡᠢ ᠳᠦᠭᠦᠷᠡᠩ ᠮᠦᠰᠢᠶᠡᠯ ᠪᠠᠶᠠᠷ
ᠬᠦᠷᠢᠶ᠎ᠡ ᠳᠦᠭᠦᠷᠡᠩ ᠢᠨᠢᠶᠡᠳᠦ ᠪᠠᠶᠠᠷ
ᠬᠣᠨᠢ ᠮᠠᠯ ᠴᠢᠨᠢ ᠲᠠᠩᠰᠤᠭ ᠪᠠᠶᠠᠷ
ᠬᠣᠷᠰᠢᠶ᠎ᠠ ᠮᠠᠢᠮᠠᠢ
ᠴᠢᠨᠢ ᠣᠯᠵᠠ ᠪᠠᠶᠠᠷ
ᠪᠤᠭᠤᠳᠠᠢ ᠨᠠᠷᠢᠮᠤ ᠴᠢᠨᠢ ᠬᠠᠯᠢᠭᠤᠨ ᠪᠠᠶᠠᠷ
ᠪᠣᠳᠣᠭᠰᠠᠨ ᠵᠦᠢᠯ ᠴᠢᠨᠢ ᠲᠡᠭᠦᠰ ᠪᠠᠶᠠᠷ
ᠬᠥᠬᠡ ᠲᠩᠷᠢ ᠴᠡᠯᠮᠡᠭ ᠪᠠᠶᠠᠷ
ᠬᠥᠬᠡᠮᠳᠦᠭ ᠠᠭᠤᠯᠠ ᠨᠣᠭᠣᠭᠠᠨ ᠪᠠᠶᠠᠷ
ᠲᠥᠷᠥ ᠭᠦᠷᠦᠨ ᠲᠠᠢᠪᠤᠩ ᠪᠠᠶᠠᠷ
ᠲᠦᠮᠡᠨ ᠠᠷᠠᠳ ᠠᠮᠤᠭᠤᠯᠠᠩ ᠪᠠᠶᠠᠷ
ᠢᠷᠡᠯᠲᠡ᠄
ᠳᠤᠷᠠᠨ
ᠬᠠᠷᠠᠭ᠎ᠠ ᠲᠠᠪᠴᠠᠩ
ᠬᠢᠨᠠᠯᠲᠠ
ᠪᠠᠭᠰᠢ᠄ᠢᠷᠡᠭᠡᠳᠦᠢ᠂ ᠨᠠᠷᠠᠨᠮᠠᠨᠳᠠ
