ᠡᠵᠢ ᠠ᠋ ᠂ ᠪᠢ ᠲᠠᠨ ᠤ᠋ ᠦᠷᠭᠦᠯᠵᠢᠯᠡᠯ- ᠪᠠᠷᠰᠪᠣᠯᠣᠳЭэж ээ , би танай үргэлжлэл-Барболд ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠠ᠋ ᠂ ᠪᠢ ᠲᠠᠨ ᠤ᠋ ᠦᠷᠭᠦᠯᠵᠢᠯᠡᠯ- ᠪᠠᠷᠰᠪᠣᠯᠣᠳЭэж ээ , би танай үргэлжлэл-Барболд

ᠡᠵᠢ ᠠ᠋ ᠂ ᠪᠢ ᠲᠠᠨ ᠤ᠋ ᠦᠷᠭᠦᠯᠵᠢᠯᠡᠯ- ᠪᠠᠷᠰᠪᠣᠯᠣᠳЭэж ээ , би танай үргэлжлэл-Барболд

2023-08-18

462

ᠡᠵᠢ ᠠ᠋ ᠂ ᠪᠢ ᠲᠠᠨ ᠤ᠋ ᠦᠷᠭᠦᠯᠵᠢᠯᠡᠯ

   ᠰᠢᠯᠦᠭ ᠄ ᠠᠷᠢᠭᠤᠨᠵᠠᠶᠠᠭ᠎ᠠ 
   ᠤᠩᠰᠢᠭᠰᠠᠨ ᠨᠢ ᠄ ᠪᠠᠷᠰᠪᠣᠯᠣᠳ 
ᠵᠡᠭᠦᠨ ᠡᠴᠡ ᠤᠷᠭᠤᠬᠤ ᠨᠠᠷᠠ ᠴᠡᠴᠡᠭᠡᠰ ᠦ᠋ᠨ ᠳᠡᠯᠪᠢᠭᠡᠨ ᠳ᠋ᠦ᠍ ᠠᠭᠤᠰᠬᠤ ᠳ᠋ᠤ᠌ 
ᠵᠢᠷᠦᠬᠡᠨ ᠦ᠌ ᠬᠠᠢᠷᠠᠲᠠᠢ ᠡᠵᠢ ᠮᠢᠨᠢ ᠠᠮᠢᠨ ᠠ᠋ᠴᠠ ᠪᠠᠨ ᠠᠮᠢ ᠤᠷᠤᠭᠤ ᠮᠢᠨᠢ ᠤᠷᠤᠰᠳᠠᠭ ᠶᠤᠮ ᠠ᠋ 
ᠵᠢᠷᠤᠭ ᠰᠢᠭ᠋ ᠥᠩᠭᠡᠷᠡᠬᠦ ᠠᠮᠢᠳᠤᠷᠠᠯ ᠵᠡᠭᠦᠦ ᠶ᠋ᠢᠨ ᠴᠣᠬᠢᠯᠲᠠ ᠪᠠᠷ ᠬᠥᠭᠰᠢᠷᠡᠬᠦ ᠳ᠋ᠦ᠍ 
ᠵᠦᠭ ᠦᠭᠡᠢ ᠪᠠᠭ᠎ᠠ ᠶ᠋ᠢᠨ ᠮᠢᠨᠢ ᠨᠠᠰᠤ ᠤᠷᠤᠭᠤ᠂ ᠤᠬᠠᠭᠠᠷᠠᠯ ᠪᠣᠯᠵᠤ ᠤᠷᠤᠰᠳᠠᠭ ᠡᠵᠢ ᠮᠢᠨᠢ 
ᠳᠣᠲᠣᠭᠰᠢ ᠪᠠᠨ ᠤᠷᠤᠰᠬᠠᠯ ᠲᠠᠢ ᠵᠢᠷᠦᠬᠡᠨ ᠦ᠌ ᠰᠤᠳᠠᠰᠤᠨ ᠰᠤᠳᠠᠯ ᠢ᠋ᠶ᠋ᠠᠷ 
ᠲᠤᠭᠤᠯ ᠮᠥᠷ ᠡᠬᠢᠯᠡᠭᠦᠯᠵᠦ ᠂ ᠰᠢᠯᠦᠭ ᠲᠡᠷᠯᠡᠵᠦ ᠰᠠᠭᠤᠬᠤ ᠳ᠋ᠤ᠌ 
ᠳᠣᠯᠣᠭᠠᠨ ᠪᠤᠷᠬᠠᠨ ᠣᠳᠣᠨ ᠳ᠋ᠤ᠌ ᠰᠦᠰᠦᠭᠯᠡᠨ ᠵᠠᠯᠪᠠᠷᠢᠬᠤ ᠡᠵᠢ ᠶ᠋ᠢᠨ ᠮᠢᠨᠢ
ᠳᠣᠲᠣᠷ᠎ᠠ ᠪᠠᠨ ᠨᠡᠭᠦᠵᠦ ᠨᠠᠳᠠ ᠤᠷᠤᠭᠤ ᠬᠠᠢᠷ᠎ᠠ ᠪᠠᠷ ᠢ᠋ᠶ᠋ᠠᠨ ᠤᠷᠤᠰᠬᠠᠳᠠᠭ ᠡᠵᠢ ᠮᠢᠨᠢ
ᠬᠣᠨᠣᠭ ᠬᠣᠨᠣᠭ ᠢ᠋ᠶ᠋ᠠᠷ ᠨᠠᠳᠠ ᠤᠷᠤᠭᠤ ᠤᠷᠤᠰᠬᠤ ᠡᠵᠢ ᠶ᠋ᠢᠨ ᠢ᠋ᠶ᠋ᠡᠷ
ᠬᠡᠵᠢᠶ᠎ᠡ ᠴᠦ᠍ ᠲᠠᠰᠤᠷᠠᠬᠤ ᠦᠭᠡᠢ ᠦᠷᠭᠦᠯᠵᠢᠯᠡᠯ ᠪᠢ ᠶᠦᠮ ᠪᠣᠯᠬᠣᠷ
ᠲᠠᠨ ᠤ᠋ ᠪᠠᠨ ᠰᠡᠳᠬᠢᠯ ᠡᠴᠡ ᠤᠬᠠᠭᠠᠷᠠᠯ ᠬᠠᠢᠵᠤ ᠨᠢᠯᠬᠠᠷᠠᠬᠤ ᠳ᠋ᠤ᠌ ᠪᠠᠨ
ᠲᠠᠯ᠎ᠠ ᠶ᠋ᠢᠨ ᠴᠡᠴᠡᠭᠡᠰ ᠦ᠋ᠨ ᠰᠢᠭᠦᠳᠡᠷᠢ ᠪᠡᠷ ᠮᠥᠩᠭᠥᠨ ᠳᠡᠪᠰᠡᠭ ᠳᠡᠯᠭᠡᠶ᠎ᠡ ᠭᠡᠰᠡᠨ ᠶᠦᠮ ᠠ᠋
ᠬᠠᠢᠷᠠᠯᠠᠨ ᠡᠩᠬᠦᠷᠡᠢᠯᠡᠵᠦ ᠂ ᠦᠨᠦᠰᠦᠯᠲᠡ ᠪᠡᠷ ᠢ᠋ᠶ᠋ᠡᠷ ᠨᠠᠳᠠ ᠤᠷᠤᠭᠤ ᠤᠷᠤᠰᠬᠤ ᠵᠢᠮ᠎ᠡ ᠨᠢ
ᠬᠠᠯᠠᠭᠠᠨ ᠵᠢᠮᠡᠯᠡᠵᠦ ᠠᠭᠤᠴᠢᠯᠠᠯ ᠪᠣᠯᠤᠨ ᠰᠢᠩᠭᠡᠬᠦ ᠡᠵᠢ ᠶ᠋ᠢᠨ ᠮᠢᠨᠢ ᠪᠢ ᠲᠠᠨ ᠤ᠋ ᠪᠠᠨ
ᠬᠠᠪᠰᠤᠷᠤᠨ ᠵᠠᠯᠪᠠᠷᠢᠳᠠᠭ ᠭᠠᠷ ᠢ᠋ ᠴᠢᠨᠢ ᠠᠳᠬᠤᠵᠤ᠂ ᠬᠠᠢᠷᠠᠯᠠᠨ ᠡᠩᠬᠦᠷᠡᠢᠯᠡᠳᠡᠭ ᠡᠩᠭᠡᠷ ᠲᠦ᠍ ᠲᠠᠨᠢ ᠲᠡᠪᠡᠷᠢᠭᠦᠯᠵᠦ ᠂
ᠬᠠᠯᠠᠭᠠᠨ ᠵᠢᠮᠡᠯᠡᠳᠡᠭ ᠬᠠᠷᠠᠴᠠᠨ ᠳ᠋ᠤ᠌ ᠲᠠᠨᠢ ᠳᠤᠨᠢᠵᠤ ᠬᠠᠯᠠᠭᠤᠨ ᠡᠪᠦᠷ ᠳᠡᠭᠡᠷ᠎ᠡ ᠴᠢᠨᠢ ᠥᠰᠦᠭᠰᠡᠨ ᠶᠦᠮ ᠪᠣᠯᠬᠣᠷ ᠂ ᠡᠳᠦᠷ ᠡᠳᠦᠷ ᠢ᠋ᠶ᠋ᠡᠷ ᠨᠠᠳᠠ ᠤᠷᠤᠭᠤ ᠤᠷᠤᠰᠬᠤ ᠲᠠᠨ ᠤ᠋ ᠪᠠᠨ
ᠡᠪᠦᠷ ᠳᠡᠭᠡᠷ᠎ᠡ ᠴᠢᠨᠢ ᠳᠡᠯᠪᠡᠭᠡᠯᠡᠭᠰᠡᠨ ᠦᠷᠭᠦᠯᠵᠢᠯᠡᠯ ᠪᠢ ᠪᠢᠯᠡ ᠂
ᠰᠢᠭᠦᠳᠡᠷᠢ ᠶ᠋ᠢᠨ ᠪᠢᠴᠢᠬᠠᠨ ᠳᠤᠰᠤᠯ ᠬᠥᠷᠥᠰᠥ ᠨᠠᠪᠴᠢᠨ ᠠᠭᠤᠰᠬᠤ ᠳ᠋ᠤ᠌
ᠰᠢᠯᠦᠭ ᠪᠢᠴᠢᠬᠦ ᠳᠡᠪᠲᠡᠷ ᠦ᠋ᠨ ᠬᠠᠭᠤᠳᠠᠰᠤ ᠰᠡᠭᠦᠯ ᠦ᠋ᠨ ᠤᠳᠠᠭ᠎ᠠ ᠡᠷᠭᠢᠬᠦ ᠳ᠋ᠦ᠍
ᠪᠤᠴᠠᠭᠠᠵᠤ ᠪᠣᠯᠳᠠᠭ ᠦᠭᠡᠢ ᠴᠠᠭ ᠬᠤᠭᠤᠴᠠᠭ᠎ᠠ᠂ ᠳᠡᠯᠡᠬᠡᠢ ᠶ᠋ᠢᠨ ᠡᠷᠭᠢᠯᠲᠡ ᠪᠡᠷ ᠬᠥᠭᠰᠢᠷᠡᠬᠦ ᠳ᠋ᠦ᠍ ᠪᠤᠶᠠᠨ ᠬᠤᠷᠤᠢᠯᠠᠭᠰᠠᠨ ᠡᠵᠢ ᠶ᠋ᠢᠨ ᠮᠢᠨᠢ ᠵᠢᠷᠦᠬᠡᠨ ᠡᠴᠡ ᠵᠢᠷᠦᠬᠡ ᠤᠷᠤᠭᠤ ᠮᠢᠨᠢ ᠤᠷᠤᠰᠳᠠᠭ ᠶᠤᠮ ᠠ᠋
ᠡᠩᠭᠡᠷ ᠡᠴᠡ ᠨᠢ ᠰᠦ ᠣᠨᠳᠣᠷᠴᠤ ᠨᠠᠳᠠ ᠤᠷᠤᠭᠤ ᠤᠷᠤᠰᠳᠠᠭ ᠡᠵᠢ ᠶ᠋ᠢᠨ ᠮᠢᠨᠢ
ᠡᠷᠭᠢᠬᠦ ᠴᠠᠭ ᠬᠤᠭᠤᠴᠠᠭᠠᠨ ᠳ᠋ᠤ᠌ ᠪᠤᠭᠤᠷᠤᠯ ᠨᠡᠮᠡᠬᠦ ᠡᠵᠢ ᠶ᠋ᠢᠨ ᠮᠢᠨᠢ
ᠡᠯᠢᠭᠡ ᠳᠡᠪᠲᠦᠭᠡᠵᠦ ᠵᠢᠷᠦᠬᠡ ᠤᠷᠤᠭᠤ ᠤᠷᠤᠰᠬᠤ ᠡᠭᠡᠯ ᠠᠭᠤᠤᠬᠠᠨ ᠬᠠᠢᠷ᠎ᠠ ᠮᠢᠨᠢ
ᠡᠵᠢ ᠠ᠋ ᠭᠡᠵᠦ ᠳᠠᠭᠤᠳᠠᠭᠰᠠᠨ ᠪᠢᠴᠢᠬᠠᠨ ᠦᠷᠭᠦᠯᠵᠢᠯᠡᠯ ᠲᠠᠨᠢ ᠪᠢ ᠪᠠᠢᠨ᠎ᠠ
ᠵᠡᠭᠦᠨ ᠡᠴᠡ ᠤᠷᠭᠤᠬᠤ ᠨᠠᠷᠠ ᠴᠡᠴᠡᠭᠡᠰ ᠦ᠋ᠨ ᠳᠡᠯᠪᠢᠭᠡᠨ ᠳᠠᠭᠤᠰᠬᠤ ᠳ᠋ᠤ᠌ ᠵᠢᠷᠦᠬᠡᠨ ᠦ᠌ ᠬᠠᠢᠷᠠᠲᠠᠢ ᠡᠵᠢ ᠶ᠋ᠢᠨ ᠮᠢᠨᠢ ᠠᠮᠢᠨ ᠠ᠋ᠴᠠ ᠪᠠᠨ ᠠᠮᠢ ᠤᠷᠤᠭᠤ ᠮᠢᠨᠢ ᠤᠷᠤᠰᠳᠠᠭ ᠶᠤᠮ ᠠ᠋
ᠵᠢᠷᠤᠭ ᠰᠢᠭ᠋ ᠥᠩᠭᠡᠷᠡᠬᠦ ᠠᠮᠢᠳᠤᠷᠠᠯ ᠵᠡᠭᠦᠦ ᠶ᠋ᠢᠨ ᠴᠣᠬᠢᠯᠲᠠ ᠪᠠᠷ ᠬᠥᠭᠰᠢᠷᠡᠬᠦ ᠳ᠋ᠦ᠍
ᠵᠦᠭ ᠦᠭᠡᠢ ᠪᠠᠭ᠎ᠠ ᠶ᠋ᠢᠨ ᠮᠢᠨᠢ ᠨᠠᠰᠤ ᠤᠷᠤᠭᠤ ᠤᠬᠠᠭᠠᠷᠠᠯ ᠪᠣᠯᠵᠤ ᠤᠷᠤᠰᠳᠠᠭ ᠡᠵᠢ ᠮᠢᠨᠢ ᠪᠢ ᠲᠠᠨ ᠤ᠋ ᠪᠠᠨ ᠦᠷᠭᠦᠯᠵᠢᠯᠡᠯ ᠪᠢᠯᠡ ᠃
ᠵᠡᠭᠦᠨ ᠡᠴᠡ ᠤᠷᠭᠤᠬᠤ ᠨᠠᠷᠠ ᠴᠡᠴᠡᠭᠡᠰ ᠦ᠋ᠨ ᠳᠡᠯᠪᠢᠭᠡᠨ ᠳᠠᠭᠤᠰᠬᠤ ᠳ᠋ᠤ᠌ ᠵᠢᠷᠦᠬᠡᠨ ᠦ᠌ ᠬᠠᠢᠷᠠᠲᠠᠢ ᠡᠵᠢ ᠶ᠋ᠢᠨ ᠮᠢᠨᠢ ᠠᠮᠢᠨ ᠠ᠋ᠴᠠ ᠪᠠᠨ ᠠᠮᠢ ᠤᠷᠤᠭᠤ ᠮᠢᠨᠢ ᠤᠷᠤᠰᠳᠠᠭ ᠶᠤᠮ ᠠ᠋
ᠵᠢᠷᠤᠭ ᠰᠢᠭ᠋ ᠥᠩᠭᠡᠷᠡᠬᠦ ᠠᠮᠢᠳᠤᠷᠠᠯ ᠵᠡᠭᠦᠦ ᠶ᠋ᠢᠨ ᠴᠣᠬᠢᠯᠲᠠ ᠪᠠᠷ ᠬᠥᠭᠰᠢᠷᠡᠬᠦ ᠳ᠋ᠦ᠍
ᠵᠦᠭ ᠦᠭᠡᠢ ᠪᠠᠭ᠎ᠠ ᠶ᠋ᠢᠨ ᠮᠢᠨᠢ ᠨᠠᠰᠤ ᠤᠷᠤᠭᠤ ᠤᠬᠠᠭᠠᠷᠠᠯ ᠪᠣᠯᠵᠤ ᠤᠷᠤᠰᠳᠠᠭ ᠡᠵᠢ ᠮᠢᠨᠢ ᠪᠢ ᠲᠠᠨ ᠤ᠋ ᠪᠠᠨ ᠦᠷᠭᠦᠯᠵᠢᠯᠡᠯ ᠪᠢᠯᠡ ᠃
   ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
   ᠦᠰᠦᠭ ᠬᠠᠲᠠᠭᠰᠠᠨ ᠨᠢ ᠄ ᠴᠢ᠊ · ᠤᠷᠠᠨᠴᠡᠴᠡᠭ
   ᠬᠢᠨᠠᠭᠴᠢ ᠪᠠᠭᠰᠢ᠄ ᠠᠯᠲᠠᠨ᠌ᠠ᠋ᠭᠤᠯᠠ᠂ ᠣᠳᠬᠠᠨᠰᠣ᠎ᠡ᠂ ᠬᠤᠸᠠᠷ