ᠢᠮᠠᠬᠤ ᠥᠬᠢᠨЯмх охин
ᠢᠮᠠᠬᠤ ᠥᠬᠢᠨ
ᠢᠮᠠᠬᠤ ᠥᠬᠢᠨ
ᠡᠷᠲᠡ ᠤᠷᠢᠳᠤ ᠶ᠋ᠢᠨ ᠴᠠᠭ ᠲᠤ᠌ ᠨᠢᠭᠡᠨ ᠡᠮᠡᠭᠲᠡᠢ ᠤᠷᠢ ᠭᠠᠭᠴᠠᠭᠠᠷ ᠠᠮᠢᠳᠤᠷᠠᠳᠠᠭ ᠪᠠᠢᠵᠠᠢ᠃ ᠥᠪᠡᠷ ᠢ᠋ᠶ᠋ᠡᠷ ᠵᠢᠭᠠᠬᠠᠨ ᠥᠬᠢᠨ ᠪᠠᠢᠬᠤ ᠠ᠋ᠴᠠ ᠪᠠᠨ ᠯᠠ ᠥᠬᠢᠨ ᠬᠡᠦᠬᠡᠳ ᠲᠡᠢ ᠪᠣᠯᠤᠨ᠎ᠠ ᠭᠡᠵᠦ ᠬᠦᠰᠡᠳᠡᠭ ᠪᠠᠢᠯ᠎ᠠ᠃ ᠨᠢᠭᠡᠨ ᠨᠠᠷᠠ ᠲᠠᠢ ᠥᠷᠯᠥᠭᠡ ᠲᠡᠷᠡ ᠴᠡᠴᠡᠭ ᠢ᠋ᠶ᠋ᠡᠷ ᠤᠰᠤᠯᠠᠩᠭᠠᠨ ᠬᠠᠮᠲᠤ ᠲᠣᠭᠯᠠᠬᠤ ᠬᠥᠭᠡᠷᠦᠬᠦᠨ ᠥᠬᠢᠨ ᠲᠡᠢ ᠴᠦ᠍ ᠪᠣᠯᠤᠭᠠᠰᠠᠢ ᠭᠡᠵᠦ ᠤᠬᠢᠯᠠᠵᠤ ᠰᠠᠭᠤᠭᠰᠠᠨ ᠶᠤᠮ᠃ ᠲᠡᠭᠦᠨ ᠦ᠌ ᠡᠮᠦᠨ᠎ᠡ ᠰᠢᠳᠢᠲᠦ ᠥᠷᠯᠥᠭ ᠡᠬᠡ ᠭᠠᠷᠴᠤ ᠢᠷᠡᠯ᠎ᠡ᠃ ᠶᠠᠭᠤ ᠪᠣᠯᠤᠭ᠎ᠠ ᠪᠣᠢ ? ᠥᠬᠢᠨ ᠮᠢᠨᠢ ᠶᠠᠭᠠᠬᠢᠭᠠᠳ ᠣᠬᠢᠯᠠᠭ᠎ᠠ ᠪᠣᠢ ?《 ᠪᠢ ᠥᠬᠢᠨ ᠲᠡᠢ ᠪᠣᠯᠬᠤ ᠰᠠᠨ ᠭᠡᠵᠦ ᠶᠡᠬᠡ ᠬᠦᠰᠡᠬᠦ ᠶᠦᠮ᠃ ᠬᠠᠮᠢᠭ᠎ᠠ ᠠ᠋ᠴᠠ ᠣᠯᠬᠤ ᠶ᠋ᠢ ᠮᠢᠨᠢ ᠲᠠ ᠨᠠᠳᠠ ᠳ᠋ᠤ᠌ ᠬᠡᠯᠡᠭᠡᠳ ᠥᠭᠭᠦᠭᠡᠴᠢ ᠳᠡ᠃ ᠪᠢ ᠠᠷᠭ᠎ᠠ ᠪᠠᠨ ᠪᠠᠷᠠᠴᠢᠬᠠᠭᠠᠳ ᠪᠠᠢᠨ᠎ᠠ》᠃ ᠥ ᠦ ᠲᠡᠭᠦᠨ ᠢ᠋ ᠠᠮᠠᠷᠬᠠᠨ ᠠᠷᠭᠠᠯᠠᠵᠤ ᠪᠣᠯᠤᠨ᠎ᠠ᠃ ᠥᠷᠯᠥᠭ ᠡᠬᠡ ᠷᠢᠳᠢ ᠰᠢᠳᠢ ᠶ᠋ᠢᠨ ᠬᠦᠴᠦ ᠪᠡᠷ ᠢ᠋ᠶ᠋ᠡᠷ ᠪᠦᠰᠡᠭᠦᠢ ᠶ᠋ᠢᠨ ᠡᠮᠦᠨ᠎ᠡ ᠨᠢᠭᠡᠨ ᠦᠷᠢᠯ ᠭᠠᠷᠭᠠᠵᠤ ᠢᠷᠡᠪᠡ᠃ ᠥᠬᠢᠨ ᠮᠢᠨᠢ ᠠᠩ ᠭᠡᠵᠦ ᠪᠠᠢ᠂ ᠡᠨᠡ ᠪᠣᠯ ᠡᠩ ᠦ᠋ᠨ ᠨᠢᠭᠡ ᠦᠷ᠎ᠡ ᠪᠢᠰᠢ᠂ ᠡᠨᠡ ᠦᠷ᠎ᠡ ᠳ᠋ᠦ᠍ ᠮᠠᠰᠢ ᠶᠡᠬᠡ ᠬᠠᠢᠷ᠎ᠠ ᠬᠠᠯᠠᠮᠵᠢ ᠬᠡᠷᠡᠭᠲᠡᠢ᠃ ᠴᠡᠴᠡᠭ ᠦ᠋ᠨ ᠰᠠᠪᠠᠨ ᠳ᠋ᠤ᠌ ᠰᠠᠭᠤᠯᠭᠠᠭᠠᠳ ᠶᠠᠭᠤ ᠪᠣᠯᠬᠤ ᠶ᠋ᠢ ᠬᠠᠷᠠᠭᠠᠷᠠᠢ᠂ ᠪᠠᠰᠠ ᠨᠠᠷᠠᠨ ᠤ᠋ ᠭᠡᠷᠡᠯ ᠬᠠᠩᠭᠠᠯᠲᠠᠲᠠᠢ ᠳᠤᠰᠬᠠᠬᠤ ᠪᠠᠨ ᠪᠢᠲᠡᠭᠡᠢ ᠮᠠᠷᠲᠠᠭᠠᠷᠠᠢ᠃《 ᠪᠠᠶᠠᠷᠯᠠᠯ᠎ᠠ ᠥᠷᠯᠥᠭ ᠡᠬᠡ ᠮᠢᠨᠢ! ᠲᠠ ᠦᠨᠡᠬᠡᠷ ᠥᠭᠭᠢᠶᠡᠮᠦᠷ ᠶᠦᠮ ᠠ᠋ 》ᠪᠦᠰᠡᠭᠦᠢ ᠦᠷ᠎ᠡ ᠪᠡᠨ ᠰᠠᠪᠠᠨ ᠳ᠋ᠤ᠌ ᠰᠠᠭᠤᠯᠭᠠᠭᠠᠳ ᠨᠠᠷᠠᠨ ᠤ᠋ ᠭᠡᠷᠡᠯ ᠬᠠᠩᠭᠠᠯᠲᠠᠲᠠᠢ ᠲᠣᠰᠤᠭ ᠭᠡᠳ ᠴᠣᠩᠬᠣᠨ ᠤ᠋ ᠤᠷᠲᠤ ᠲᠠᠯᠪᠢᠯ᠎ᠠ᠃ ᠲᠡᠷᠡ ᠦᠷ᠎ᠡ ᠮᠠᠰᠢ ᠬᠤᠷᠳᠤᠨ ᠲᠣᠮᠣ ᠰᠠᠢᠬᠠᠨ ᠴᠡᠴᠡᠭ ᠪᠣᠯᠵᠤ ᠤᠷᠭᠤᠭᠰᠠᠨ ᠨᠢ ᠠᠯᠲᠠᠨᠵᠤᠯᠠ ᠴᠡᠴᠡᠭ ᠲᠡᠢ ᠠᠳᠠᠯᠢᠬᠠᠨ ᠬᠠᠷᠠᠭᠳᠠᠵᠤ ᠪᠠᠢᠯ᠎ᠠ᠃ᠪᠦᠰᠡᠭᠦᠢ ᠴᠡᠴᠡᠭ ᠢ᠋ᠶ᠋ᠡᠷ ᠬᠠᠢᠷ᠎ᠠ ᠪᠠᠷ ᠠᠷᠠᠴᠢᠯᠠᠵᠤ᠂ ᠡᠳᠦᠷ ᠪᠦᠷᠢ ᠤᠰᠤᠯᠠᠳᠠᠭ ᠪᠠᠢᠯ᠎ᠠ᠃ ᠨᠢᠭᠡ ᠡᠳᠦᠷ ᠬᠠᠭᠠᠰ ᠳᠡᠯᠭᠡᠭᠳᠡᠭᠰᠡᠨ ᠳᠡᠯᠪᠢ ᠶ᠋ᠢ ᠨᠢ ᠵᠥᠭᠡᠯᠡᠨ ᠦᠨᠦᠰᠦᠯ᠎ᠡ᠂ ᠭᠡᠲᠡᠯ᠎ᠡ ᠷᠢᠳᠢ ᠰᠢᠳᠢ ᠶ᠋ᠢᠨ ᠭᠡᠮᠡᠷ ᠴᠡᠴᠡᠭ ᠪᠦᠷᠢᠨ ᠳᠡᠯᠪᠡᠭᠡᠯᠡᠯᠡ᠂ ᠳᠣᠲᠣᠷ᠎ᠠ ᠨᠢ ᠡᠮᠵᠡᠭ ᠲᠤᠷᠠᠬᠠᠨ ᠪᠢᠴᠢᠬᠠᠨ ᠥᠬᠢᠨ ᠰᠠᠭᠤᠵᠤ ᠪᠠᠢᠪᠠ᠃ ᠮᠢᠨᠦ ᠥᠬᠢᠨ ᠮᠢᠨᠦ ᠦᠷ᠎ᠡ᠂ ᠡᠷᠡᠬᠡᠢ ᠬᠤᠷᠤᠭᠤᠨ ᠠ᠋ᠴᠠ ᠮᠢᠨᠢ ᠲᠣᠮᠣ ᠦᠭᠡᠢ ᠪᠣᠯᠬᠣᠷ ᠪᠢ ᠴᠢᠮ᠎ᠠ ᠶ᠋ᠢ《 ᠢᠮᠠᠬᠤ ᠥᠬᠢᠨ》ᠭᠡᠵᠦ ᠨᠡᠷᠡᠯᠡᠶ᠎ᠡ᠃ ᠪᠢ ᠪᠣᠯ ᠴᠢᠨᠦ ᠡᠵᠢ᠂ ᠬᠠᠷᠢᠨ ᠴᠢᠨᠦ ᠨᠡᠷ᠎ᠡ ᠢᠮᠠᠬᠤ ᠥᠬᠢᠨ᠃ ᠴᠡᠴᠡᠭ ᠲᠡᠭᠦᠨ ᠳ᠋ᠦ᠍ ᠮᠥᠷᠥᠭᠡᠳᠳᠡᠭ ᠪᠠᠢᠭᠰᠠᠨ ᠥᠬᠢᠨ ᠢ᠋ ᠨᠢ ᠥᠭᠴᠡᠢ᠃ ᠥᠬᠢᠨ ᠢ᠋ ᠬᠤᠰᠢᠭᠠᠨ ᠤ᠋ ᠶᠠᠰᠤᠨ ᠳ᠋ᠤ᠌ ᠤᠨᠲᠠᠭᠤᠯᠳᠠᠭ ᠪᠠᠢᠪᠠ᠃ ᠭᠤᠲᠤᠰᠤᠨ ᠤ᠋ ᠣᠷᠣᠨ ᠳ᠋ᠤ᠌ ᠨᠢᠯ ᠴᠡᠴᠡᠭ ᠦ᠋ᠨ ᠳᠡᠯᠪᠢ᠂ ᠬᠠᠷᠢᠨ ᠬᠥᠨᠵᠢᠯᠡ ᠪᠣᠯᠭᠠᠵᠤ ᠰᠠᠷᠠᠨᠠᠢ ᠶ᠋ᠢᠨ ᠳᠡᠯᠪᠢᠭᠡ ᠨᠥᠮᠥᠷᠴᠡᠢ᠃ ᠡᠳᠦᠷ ᠦ᠋ᠨ ᠴᠠᠭ ᠢ᠋ᠶ᠋ᠠᠷ ᠲᠠᠪᠠᠭ ᠲᠠᠢ ᠤᠰᠤᠨ ᠳ᠋ᠤ᠌ ᠠᠯᠲᠠᠨᠵᠤᠯᠠ ᠶ᠋ᠢᠨ ᠳᠡᠯᠪᠢ ᠶ᠋ᠢ ᠵᠠᠪᠢ ᠪᠣᠯᠭᠠᠵᠤ᠂ ᠴᠠᠭᠠᠨ ᠮᠣᠷᠢᠨ ᠤ᠋ ᠳᠡᠯ ᠢ᠋ᠶ᠋ᠡᠷ ᠰᠡᠯᠢᠭᠦᠷ ᠬᠢᠵᠦ ᠬᠣᠶᠠᠷ ᠲᠠᠢᠰᠢ ᠪᠠᠨ ᠬᠥᠪᠴᠦ ᠲᠣᠭᠯᠠᠨ᠎ᠠ᠃ ᠦᠨᠡᠬᠡᠷ ᠨᠢᠳᠦ ᠬᠤᠵᠢᠷᠯᠠᠬᠤ ᠪᠠᠷ ᠬᠠᠷᠠᠭᠳᠠᠳᠠᠭ ᠪᠠᠢᠯ᠎ᠠ᠃
ᠨᠢᠭᠡ ᠰᠥᠨᠢ ᠬᠤᠰᠢᠭᠠᠨ ᠤ᠋ ᠶᠠᠰᠤᠨ ᠳᠣᠲᠣᠷ᠎ᠠ ᠪᠠᠨ ᠲᠡᠷᠡ ᠪᠥᠬᠡ ᠨᠣᠢᠷᠰᠤᠨ ᠪᠠᠢᠯ᠎ᠠ ᠃ ᠨᠢᠭᠡ ᠲᠣᠮᠣ ᠮᠡᠯᠡᠬᠡᠢ ᠴᠣᠩᠬᠣᠨ ᠳ᠋ᠤ᠌ ᠭᠠᠷᠤᠭᠰᠠᠨ ᠨᠦᠬᠡ ᠪᠡᠷ ᠦᠰᠦᠷᠦᠨ ᠣᠷᠣᠵᠤ ᠢᠷᠡᠯ᠎ᠡ᠃ ᠶᠠᠮᠠᠷ ᠬᠥᠭᠡᠷᠦᠬᠦᠨ ᠥᠬᠢᠨ ᠪᠣᠢ? ᠭᠠᠭᠴᠠ ᠬᠠᠢᠷᠠᠲᠠᠢ ᠬᠦᠦ ᠳ᠋ᠦ᠍ ᠮᠢᠨᠢ ᠰᠠᠢᠬᠠᠨ ᠡᠬᠡᠨᠡᠷ ᠪᠣᠯᠬᠤ ᠶᠤᠮ ᠪᠠᠢᠨ᠎ᠠ ᠭᠤᠸ᠎ᠠ᠃ ᠢᠩᠭᠢᠭᠡᠳ ᠮᠡᠯᠡᠬᠡᠢ ᠢᠮᠠᠬᠤ ᠥᠬᠢᠨ ᠦ᠌ ᠤᠨᠲᠠᠵᠤ ᠪᠠᠢᠭᠰᠠᠨ ᠬᠤᠰᠢᠭᠠᠨ ᠤ᠋ ᠶᠠᠰᠤ ᠶ᠋ᠢ ᠡᠷᠭᠦᠭᠡᠳ ᠶᠠᠪᠤᠴᠢᠬᠠᠯ᠎ᠠ᠃ ᠳᠠᠷᠠᠭ᠎ᠠ ᠨᠢ ᠢᠮᠠᠬᠤ ᠥᠬᠢᠨ ᠢ᠋ ᠴᠥᠭᠥᠷᠥᠮ ᠦ᠋ᠨ ᠳᠤᠮᠳᠠ ᠪᠠᠢᠬᠤ ᠰᠠᠷᠠᠨᠠᠢ ᠶ᠋ᠢᠨ ᠴᠡᠴᠡᠭ ᠦ᠋ᠨ ᠨᠠᠪᠴᠢᠨ ᠤ᠋ ᠳᠡᠭᠡᠷ᠎ᠡ ᠲᠠᠯᠪᠢᠪᠠ᠃ ᠲᠡᠭᠦᠨ ᠢ᠋ ᠰᠠᠷᠠᠨᠠᠢ ᠶ᠋ᠢᠨ ᠨᠠᠪᠴᠢᠨ ᠳᠡᠭᠡᠷ᠎ᠡ ᠲᠠᠯᠪᠢᠴᠢᠬᠠᠯ᠎ᠠ᠃ ᠣᠳᠣ ᠲᠡᠷᠡ ᠪᠢᠳᠡᠨ ᠡᠴᠡ ᠵᠢᠭᠤᠲᠠᠵᠤ ᠴᠢᠳᠠᠬᠤ ᠦᠭᠡᠢ᠃ ᠭᠤᠸ᠎ᠠ᠂ ᠭᠤᠸ᠎ᠠ ᠨᠣᠭᠣᠭᠠᠨ ᠨᠠᠪᠴᠢᠨ ᠳᠡᠭᠡᠷ᠎ᠡ ᠭᠠᠪ ᠭᠠᠭᠴᠠᠭᠠᠷ ᠢ᠋ᠶ᠋ᠠᠨ ᠦᠯᠡᠳᠡᠭᠰᠡᠨ ᠢᠮᠠᠬᠤ ᠥᠬᠢᠨ ᠤᠬᠢᠯᠠᠵᠤ ᠰᠠᠭᠤᠯ᠎ᠠ᠃ ᠮᠡᠯᠡᠬᠡᠢ ᠶ᠋ᠢᠨ ᠠᠶᠤᠮᠰᠢᠭᠲᠤ ᠬᠦᠦ ᠶ᠋ᠢ ᠨᠥᠬᠥᠷ ᠢ᠋ᠶ᠋ᠡᠷ ᠪᠣᠯᠭᠠᠬᠤ ᠶ᠋ᠢ ᠲᠡᠷᠡ ᠬᠦᠰᠡᠭᠰᠡᠨ ᠦᠭᠡᠢ᠃《 ᠪᠢ ᠶᠠᠭᠠᠬᠢᠭᠰᠠᠨ ᠴᠤ᠌ ᠴᠢᠮ᠎ᠠ ᠲᠠᠢ ᠭᠡᠷᠯᠡᠬᠦ ᠦᠭᠡᠢ》ᠴᠢ ᠨᠠᠳᠠ ᠳ᠋ᠤ᠌ ᠢᠩᠭᠢᠵᠦ ᠬᠡᠯᠡᠵᠦ ᠪᠣᠯᠬᠤ ᠦᠭᠡᠢ᠃ᠨᠥᠬᠥᠭᠡ ᠲᠠᠯ᠎ᠠ ᠳ᠋ᠤ᠌ ᠡᠵᠢ ᠨᠢ ᠢᠮᠠᠬᠤ ᠥᠬᠢᠨ ᠢ᠋ ᠭᠡᠷ ᠦ᠋ᠨ ᠢ᠋ᠶ᠋ᠡᠷ ᠪᠤᠯᠤᠩ ᠪᠦᠷᠢ ᠳ᠋ᠦ᠍ ᠬᠠᠢᠵᠤ ᠪᠠᠢᠭᠰᠠᠨ ᠴᠤ᠌ ᠲᠡᠷᠡ ᠣᠯᠵᠤ ᠴᠢᠳᠠᠭᠰᠠᠨ ᠦᠭᠡᠢ᠃ ᠥᠬᠢᠨ ᠦ᠌ ᠳᠣᠣᠷ᠎ᠠ ᠰᠦᠷᠦᠭ ᠵᠢᠭᠠᠰᠤ ᠰᠡᠯᠢᠵᠦ ᠪᠠᠢᠪᠠ᠃ ᠲᠡᠳᠡ ᠮᠡᠯᠡᠬᠡᠢ ᠶ᠋ᠢ ᠬᠠᠷᠠᠭᠠᠳ ᠲᠡᠳᠡᠨ ᠦ᠌ ᠶᠠᠷᠢᠶ᠎ᠠ ᠶ᠋ᠢ ᠰᠣᠨᠣᠰᠴᠠᠢ᠃ ᠲᠡᠳᠡ ᠦᠷᠦ ᠡᠪᠡᠳᠦᠭᠰᠡᠨ ᠳ᠋ᠦ᠍ ᠪᠡᠨ ᠢᠮᠠᠬᠤ ᠥᠬᠢᠨ ᠢ᠋ ᠲᠤᠰᠠᠯᠠᠬᠤ ᠪᠠᠷ ᠰᠢᠢᠳᠪᠡ᠃ ᠡᠨᠡ ᠬᠣᠭᠣᠷᠣᠨᠳᠣ ᠮᠡᠯᠡᠬᠡᠢ ᠬᠦᠦ ᠲᠡᠢ ᠪᠡᠨ ᠬᠤᠷᠢᠮ ᠳ᠋ᠤ᠌ ᠲᠥᠯᠥᠪᠯᠡᠭᠡᠳ ᠵᠠᠪ ᠦᠭᠡᠢ ᠪᠠᠢᠯ᠎ᠠ᠃ ᠵᠢᠭᠠᠰᠤ ᠨᠤᠭᠤᠳ ᠨᠣᠭᠣᠭᠠᠨ ᠤ᠋ ᠡᠰᠢ ᠶ᠋ᠢ ᠲᠣᠭᠣᠷᠢᠨ ᠴᠤᠭᠯᠠᠵᠤ ᠰᠢᠳᠦ ᠪᠡᠷ ᠢ᠋ᠶ᠋ᠡᠨ ᠬᠡᠮᠡᠯᠢᠵᠦ ᠡᠬᠢᠯᠡᠪᠡ᠃ᠨᠠᠪᠴᠢ ᠡᠰᠢᠨ ᠡᠴᠡ ᠪᠡᠨ ᠰᠠᠯᠤᠯ᠎ᠠ᠃ ᠢᠮᠠᠬᠤ ᠥᠬᠢᠨ ᠬᠥᠪᠴᠦ ᠡᠬᠢᠯᠡᠪᠡ᠃《 ᠮᠠᠰᠢ ᠶᠡᠬᠡ ᠪᠠᠶᠠᠷᠯᠠᠯ᠎ᠠ! ᠲᠠ ᠨᠠᠷ ᠶᠡᠬᠡ ᠰᠠᠢᠬᠠᠨ ᠰᠡᠳᠬᠢᠯ ᠲᠡᠢ ᠶᠦᠮ ᠃ 》 ᠢᠮᠠᠬᠤ ᠥᠬᠢᠨ ᠮᠡᠯᠡᠬᠡᠢ ᠨᠠᠷ ᠬᠠᠢᠭᠠᠳ ᠴᠤ᠌ ᠣᠯᠬᠤ ᠪᠠᠷ ᠦᠭᠡᠢ ᠠᠯᠤᠰ ᠬᠣᠯᠠ ᠶ᠋ᠢᠨ ᠭᠠᠵᠠᠷ ᠶᠠᠪᠤᠪᠠ ᠃
ᠢᠮᠠᠬᠤ ᠥᠬᠢᠨ ᠣᠯᠠᠨ ᠭᠠᠵᠠᠷ ᠢ᠋ᠶ᠋ᠠᠷ ᠶᠠᠪᠤᠯ᠎ᠠ᠃ ᠪᠢᠴᠢᠬᠠᠨ ᠰᠢᠪᠠᠭᠤᠳ ᠲᠡᠭᠦᠨ ᠢ᠋ ᠬᠠᠷᠠᠭᠠᠳ ᠢᠩᠭᠢᠵᠦ ᠳᠠᠭᠤᠯᠠᠪᠠ᠃ ᠶᠠᠮᠠᠷ ᠬᠥᠭᠡᠷᠦᠬᠦᠨ ᠥᠬᠢᠨ ᠪᠣᠢ? ᠬᠠᠷᠠᠩᠭᠤᠢ ᠪᠣᠯᠬᠤ ᠳ᠋ᠤ᠌ ᠥᠬᠢᠨ ᠥᠪᠡᠷ ᠢ᠋ ᠪᠡᠨ ᠨᠠᠪᠴᠢ ᠪᠠᠷ ᠬᠤᠴᠢᠭᠠᠳ ᠤᠨᠲᠠᠯ᠎ᠠ᠃ ᠭᠡᠲᠡᠯ᠎ᠡ ᠮᠠᠷᠭᠠᠰᠢ ᠥᠷᠯᠥᠭᠡ ᠨᠢ ᠢᠮᠠᠬᠤ ᠥᠬᠢᠨ ᠨᠠᠷᠠᠨ ᠤ᠋ ᠤᠰᠤᠨ ᠳᠡᠭᠡᠷ᠎ᠡ ᠲᠣᠰᠴᠤ ᠰᠢᠵᠢᠷ ᠠᠯᠲᠠ ᠰᠢᠭ᠋ ᠬᠠᠷᠠᠭᠳᠠᠭᠤᠯᠤᠭᠰᠠᠨ ᠭᠠᠵᠠᠷ ᠰᠡᠷᠡᠯ᠎ᠡ᠃ ᠲᠡᠷᠡ ᠤᠷᠤᠰᠬᠠᠯ ᠤ᠋ᠨ ᠲᠡᠭᠦᠰᠬᠡᠯ ᠤᠷᠤᠭᠤ ᠶᠠᠪᠤᠵᠤ ᠪᠠᠢᠪᠠ᠃ ᠶᠠᠭ ᠲᠡᠷᠡ ᠦᠶ᠎ᠡ ᠳ᠋ᠦ᠍ ᠨᠢᠭᠡ ᠲᠣᠮᠣ ᠴᠣᠬᠣ ᠨᠢᠰᠴᠦ ᠶᠠᠪᠤᠭᠠᠳ ᠶᠠᠮᠠᠷ ᠬᠥᠭᠡᠷᠦᠬᠦᠨ ᠥᠬᠢᠨ ᠪᠣᠢ? ᠵᠠᠪᠠᠯ ᠠᠪᠤᠷᠠᠬᠤ ᠬᠡᠷᠡᠭᠲᠡᠢ ᠰᠢᠦ ᠃ ᠲᠡᠷᠡ ᠳᠠᠷᠤᠢ ᠲᠡᠪᠡᠷᠢᠨ ᠠᠪᠴᠤ ᠠᠯᠤᠰ ᠬᠣᠯᠠ ᠶ᠋ᠢᠨ ᠭᠠᠵᠠᠷ ᠤᠷᠤᠭᠤ ᠶᠠᠪᠤᠭᠠᠳ ᠦᠭᠬᠦᠯ᠎ᠡ᠃ 《 ᠨᠠᠮ᠎ᠠ ᠶ᠋ᠢ ᠬᠠᠮᠢᠭᠠᠰᠢ ᠪᠠᠨ ᠠᠪᠴᠤ ᠶᠠᠪᠤᠵᠤ ᠪᠠᠢᠭ᠎ᠠ ᠶᠤᠮ ᠪᠣᠢ? ᠨᠣᠶᠠᠨ ᠴᠣᠬᠣ ᠠ᠋ ? ᠪᠢ ᠴᠢᠮ᠎ᠠ ᠶ᠋ᠢ ᠭᠡᠷ ᠤᠷᠤᠭᠤ ᠪᠠᠨ ᠠᠪᠴᠤ ᠶᠠᠪᠤᠵᠤ ᠪᠠᠢᠨ᠎ᠠ᠃ ᠬᠡᠰᠡᠭ ᠨᠢᠰᠦᠭᠡᠳ ᠴᠣᠬᠣᠨ ᠤ᠋ ᠭᠡᠷ ᠲᠦ᠍ ᠢᠷᠡᠬᠦ ᠳ᠋ᠦ᠍ ᠮᠣᠳᠣᠨ ᠳ᠋ᠤ᠌ ᠠᠮᠢᠳᠤᠷᠠᠳᠠᠭ ᠪᠤᠰᠤᠳ ᠴᠣᠬᠣ ᠨᠤᠭᠤᠳ ᠬᠡᠨ ᠢᠷᠡᠭᠰᠡᠨ ᠢ᠋ ᠬᠠᠷᠠᠬᠤ ᠪᠠᠷ ᠭᠠᠷᠴᠤ ᠢᠷᠡᠯ᠎ᠡ᠃ ᠨᠠᠢᠵᠠ ᠨᠤᠭᠤᠳ ᠮᠢᠨᠢ ᠡᠨᠡ ᠬᠥᠭᠡᠷᠦᠬᠦᠨ ᠥᠬᠢᠨ ᠢ᠋ ᠬᠠᠷᠠᠭᠠᠴᠢ ᠠ᠋᠂ ᠪᠢ ᠡᠭᠦᠨ ᠲᠡᠢ ᠭᠡᠷᠯᠡᠨ᠎ᠡ᠃ ᠬᠣᠶᠠᠷᠬᠠᠨ ᠬᠥᠯ ᠲᠡᠢ ᠶᠦᠮ ᠪᠠᠢᠨ᠎ᠠ ᠰᠢᠲᠠ ᠳᠠ᠂ ᠶᠠᠮᠠᠷ ᠦᠵᠡᠭᠡᠷᠢ ᠶ᠋ᠢᠨ ᠶᠦᠮ ᠪᠣᠢ? ᠬᠠᠷ᠎ᠠ ᠳᠠ᠂ ᠬᠣᠶᠠᠷᠬᠠᠨ ᠭᠠᠷ ᠲᠠᠢ ᠶᠤᠮ ᠪᠠᠢᠨ᠎ᠠ᠂ ᠢᠴᠢᠮᠡᠷ ᠶᠦᠮ ᠬᠥᠮᠦᠨ ᠲᠡᠢ ᠠᠳᠠᠯᠢᠬᠠᠨ ᠶᠤᠮ ᠪᠠᠢᠨ᠎ᠠ᠂ ᠶᠠᠮᠠᠷ ᠵᠠᠪᠠᠭᠠᠨ ᠶᠤᠮ ᠪᠣᠢ? ᠨᠣᠶᠠᠨ ᠴᠣᠬᠣ ᠲᠡᠳᠡᠨ ᠲᠡᠢ ᠰᠠᠨᠠᠯ ᠨᠢᠭᠡᠳᠴᠦ ᠡᠴᠦᠰ ᠲᠦ᠍ ᠨᠢ ᠠᠭᠤᠷ ᠲᠤ᠌ ᠪᠠᠨ ᠥᠬᠢᠨ ᠢ᠋ ᠣᠢ ᠶ᠋ᠢᠨ ᠭᠦᠨ ᠳ᠋ᠦ᠍ ᠨᠢᠭᠡ ᠭᠠᠵᠠᠷ ᠲᠤ᠌ ᠠᠪᠠᠴᠢᠵᠤ ᠣᠷᠬᠢᠪᠠ ᠃
ᠡᠪᠦᠯ ᠣᠢᠷᠠᠲᠤᠯ᠎ᠠ᠂ ᠴᠠᠰᠤ ᠣᠷᠣᠵᠤ ᠡᠬᠢᠯᠡᠬᠦ ᠳ᠋ᠦ᠍ ᠬᠥᠭᠡᠷᠦᠬᠦᠢ ᠥᠬᠢᠨ ᠲᠠᠭᠠᠷᠠᠭᠰᠠᠨ ᠳ᠋ᠤ᠌ ᠪᠠᠨ ᠳᠠᠭᠵᠢᠨ ᠴᠡᠴᠡᠷᠡᠵᠦ ᠪᠠᠢᠪᠠ᠃ ᠲᠡᠭᠦᠨ ᠦ᠌ ᠬᠤᠪᠢ ᠳ᠋ᠤ᠌ ᠠᠶᠤᠮᠰᠢᠭᠲᠠᠢ ᠬᠦᠢᠲᠡᠨ ᠪᠠᠢᠯ᠎ᠠ᠃ ᠣᠷᠣᠬᠤ ᠣᠷᠣᠨ᠂ ᠣᠭᠣᠴᠢᠬᠤ ᠠᠶᠠᠭ᠎ᠠ ᠬᠠᠢᠵᠤ ᠠᠯᠬᠤᠭᠰᠠᠭᠠᠷ ᠯᠠ ᠠᠯᠬᠤᠭᠰᠠᠭᠠᠷ ᠯᠠ ᠲᠡᠭᠡᠵᠦ ᠲᠡᠭᠡᠵᠦ ᠨᠢᠭᠡ ᠵᠢᠵᠢᠭᠬᠡᠨ ᠪᠠᠢᠰᠢᠩ ᠲᠠᠢ ᠲᠠᠭᠠᠷᠠᠯ᠎ᠠ᠃ ᠪᠠᠢᠰᠢᠩ ᠤ᠋ᠨ ᠲᠣᠮᠣ ᠬᠠᠭᠠᠯᠭᠠᠨ ᠳᠡᠭᠡᠷ᠎ᠡ ᠣᠴᠢᠵᠤ ᠲᠣᠭᠰᠢᠯ᠎ᠠ᠃ ᠲᠡᠷᠡ ᠪᠠᠢᠰᠢᠩ ᠳ᠋ᠤ᠌ ᠠᠮᠢᠳᠤᠷᠠᠳᠠᠭ ᠲᠠᠯ᠎ᠠ ᠶ᠋ᠢᠨ ᠣᠭᠣᠲᠣᠨ᠎ᠠ ᠭᠠᠷᠴᠤ ᠢᠷᠡᠯ᠎ᠡ᠃ ᠴᠢ ᠬᠡᠨ ᠪᠣᠢ ᠬᠥᠭᠡᠷᠦᠬᠦᠢ ᠠᠮᠢᠲᠠᠨ《 ᠠ ᠪᠢ ᠣᠢ ᠳ᠋ᠤ᠌ ᠲᠥᠭᠡᠷᠢᠴᠢᠬᠡᠯ᠎ᠡ᠂ ᠮᠠᠰᠢ ᠶᠡᠬᠡ ᠳᠠᠭᠠᠷᠠᠴᠤ ᠪᠠᠢᠨ᠎ᠠ᠂ ᠢᠳᠡᠴᠢᠬᠡᠬᠦ ᠶᠠᠭᠤᠮ᠎ᠠ ᠶᠠᠭᠤ ᠴᠤ᠌ ᠣᠯᠳᠠᠳᠠᠭ ᠦᠭᠡᠢ᠂ ᠲᠠ ᠨᠠᠳᠠ ᠳ᠋ᠤ᠌ ᠲᠤᠰᠠᠯᠠᠬᠤ ᠦᠭᠡᠢ ᠦᠦ? 》ᠪᠢ ᠡᠨᠳᠡ ᠭᠠᠭᠴᠠᠭᠠᠷ ᠢ᠋ᠶ᠋ᠠᠨ ᠠᠮᠢᠳᠤᠷᠠᠳᠠᠭ᠂ ᠴᠢ ᠮᠠᠨ ᠤ᠋ ᠪᠠᠢᠰᠢᠩ ᠳ᠋ᠤ᠌ ᠣᠷᠣᠵᠤ ᠬᠣᠭᠣᠯᠠ ᠶ᠋ᠢ ᠮᠢᠨᠢ ᠬᠤᠪᠢᠶᠠᠵᠤ ᠢᠳᠡᠵᠦ ᠪᠣᠯᠤᠨ᠎ᠠ᠂ ᠴᠢ ᠡᠨᠳᠡ ᠳᠤᠯᠠᠭᠠᠴᠠᠨ᠎ᠠ᠂ ᠭᠡᠬᠦ ᠳ᠋ᠦ᠍ ᠪᠡᠨ ᠡᠬᠢᠯᠡᠭᠡᠳ ᠪᠢ ᠨᠡᠷ᠎ᠡ ᠶ᠋ᠢ ᠴᠢᠨᠢ ᠮᠡᠳᠡᠵᠦ ᠪᠣᠯᠬᠤ ᠤᠤ! 《 ᠨᠠᠮ᠎ᠠ ᠶ᠋ᠢ ᠢᠮᠠᠬᠤ ᠥᠬᠢᠨ ᠭᠡᠳᠡᠭ 》 ᠢᠮᠠᠬᠤ ᠥᠬᠢᠨ ᠳᠣᠲᠣᠭᠰᠢ ᠪᠠᠨ ᠣᠷᠣᠯ᠎ᠠ᠂ ᠪᠠᠢᠰᠢᠩ ᠳᠤᠯᠠᠭᠠᠬᠠᠨ ᠲᠣᠬᠢᠲᠠᠢ ᠪᠠᠢᠪᠠ᠃ ᠠᠭᠤᠯᠬᠤ ᠶ᠋ᠢᠨ ᠥᠷᠥᠭᠡ ᠳᠦᠭᠦᠷᠡᠩ ᠪᠤᠳᠠᠭ᠎ᠠ᠂ ᠬᠣᠭᠣᠯᠠ ᠬᠦᠨᠡᠰᠦ ᠬᠠᠳᠠᠭᠠᠯᠠᠳᠠᠭ ᠭᠠᠯ ᠲᠣᠭᠣᠭ᠎ᠠ ᠲᠠᠢ᠃ ᠬᠣᠭᠣᠯᠠᠯᠠᠵᠤ ᠤᠮᠳᠠᠯᠠᠵᠤ ᠳᠤᠯᠠᠭᠠᠴᠠᠭᠤᠯᠤᠭᠰᠠᠨ ᠳ᠋ᠤ᠌ ᠲᠠᠨ ᠳ᠋ᠤ᠌ ᠪᠠᠶᠠᠷᠯᠠᠯ᠎ᠠ!》ᠴᠢ ᠨᠠᠳᠠ ᠲᠠᠢ ᠬᠠᠮᠲᠤ ᠡᠪᠦᠯᠵᠢᠵᠦ ᠪᠣᠯᠤᠨ᠎ᠠ᠃《 ᠬᠤᠯᠤᠭᠠᠨ᠎ᠠ ᠡᠭᠡᠴᠢ ᠠ᠋ ᠲᠠ ᠶᠡᠬᠡ ᠰᠠᠢᠬᠠᠨ ᠰᠡᠳᠬᠢᠯ ᠲᠡᠢ ᠶᠦᠮ ᠠ᠋》ᠬᠤᠯᠤᠭᠠᠨ᠎ᠠ ᠢᠮᠠᠬᠤ ᠥᠬᠢᠨ ᠦ᠌ ᠭᠤᠸ᠎ᠠ ᠦᠵᠡᠰᠬᠦᠯᠡᠩ ᠳ᠋ᠦ᠍ ᠲᠠᠲᠠᠭᠳᠠᠵᠤ ᠥᠪᠡᠷ ᠲᠡᠢ ᠨᠢ ᠡᠭᠦᠷᠢᠳᠡ ᠬᠠᠮᠲᠤ ᠪᠠᠢᠭᠠᠰᠠᠢ ᠭᠡᠵᠦ ᠬᠦᠰᠡᠵᠡᠢ᠃ ᠥᠨᠥᠳᠥᠷ ᠠᠮᠠᠷᠠᠯᠲᠠ ᠶ᠋ᠢᠨ ᠡᠳᠦᠷ ᠪᠣᠯᠬᠣᠷ ᠮᠠᠨ ᠤ᠋ ᠳ᠋ᠤ᠌ ᠵᠣᠴᠢᠨ ᠢᠷᠡᠨ᠎ᠡ᠂ ᠳᠣᠯᠣᠭ᠎ᠠ ᠬᠣᠨᠣᠭ ᠪᠦᠷᠢ ᠬᠦᠷᠰᠢ ᠮᠠᠨᠢ ᠨᠠᠳᠠ ᠲᠠᠢ ᠠᠭᠤᠯᠵᠠᠬᠤ ᠪᠠᠷ ᠢᠷᠡᠳᠡᠭ ᠶᠦᠮ᠃
ᠤᠳᠠᠯ ᠦᠭᠡᠢ ᠬᠣᠩᠬᠣ ᠳᠤᠤᠭᠠᠷᠴᠤ ᠰᠣᠬᠣᠷ ᠨᠣᠮᠣᠨ ᠣᠷᠣᠵᠤ ᠢᠷᠡᠯ᠎ᠡ ᠬᠠᠮᠪᠤ ᠬᠢᠯᠢᠩ ᠬᠦᠷᠮ᠎ᠡ ᠲᠡᠢ ᠪᠡᠨ ᠢᠷᠡᠵᠡᠢ᠃ ᠰᠣᠬᠣᠷ ᠨᠣᠮᠣᠨ ᠥᠬᠢᠨ ᠦ᠌ ᠬᠣᠭᠣᠯᠠᠢ ᠶ᠋ᠢ ᠰᠣᠨᠣᠰᠤᠭᠠᠳ ᠢᠯᠳᠠᠮ ᠬᠣᠭᠣᠯᠠᠢ ᠳ᠋ᠤ᠌ ᠨᠢ ᠳᠤᠷᠠᠯᠠᠵᠤ ᠣᠷᠬᠢᠪᠠ᠂ ᠥᠬᠢᠨ ᠲᠡᠢ ᠭᠡᠷᠯᠡᠨ᠎ᠡ ᠭᠡᠵᠦ ᠰᠢᠢᠳᠦᠭᠡᠳ ᠣᠭᠣᠲᠣᠨ᠎ᠠ ᠳᠡᠭᠡᠷ᠎ᠡ ᠣᠴᠢᠵᠤ ᠢᠩᠭᠢᠵᠦ ᠬᠡᠯᠡᠪᠡ᠃《 ᠪᠢ ᠴᠢᠮ᠎ᠠ ᠳ᠋ᠤ᠌ ᠪᠦᠬᠦ ᠬᠣᠭᠣᠯᠠ ᠬᠦᠨᠡᠰᠦ ᠪᠠᠰᠠ ᠪᠠᠢᠰᠢᠩ ᠢ᠋ᠶ᠋ᠠᠨ ᠥᠭᠬᠦᠶ᠎ᠡ ᠬᠠᠷᠢᠨ ᠴᠢ ᠨᠠᠮ᠎ᠠ ᠶ᠋ᠢ ᠡᠨᠡ ᠬᠥᠭᠡᠷᠦᠬᠦᠨ ᠥᠬᠢᠨ ᠲᠡᠢ ᠭᠡᠷᠯᠡᠭᠦᠯᠴᠢᠬᠡ ᠳᠡ ᠬᠦ᠌》᠂ ᠬᠠᠲᠤᠭᠲᠠᠢ ᠬᠤᠯᠤᠭᠠᠨ᠎ᠠ ᠪᠠᠶᠠᠨ ᠰᠣᠬᠣᠷ ᠨᠣᠮᠣᠨ ᠳ᠋ᠤ᠌《 ᠦᠭᠡᠢ 》ᠭᠡᠵᠦ ᠬᠡᠯᠡᠵᠦ ᠴᠢᠳᠠᠭᠰᠠᠨ ᠦᠭᠡᠢ᠃ ᠵᠠ ᠲᠡᠭᠡᠪᠡᠯ ᠪᠢ ᠬᠤᠷᠢᠮ ᠨᠠᠢᠷ ᠲᠥᠬᠥᠭᠡᠷᠦᠶᠡ ᠲᠡᠭᠡ ᠳᠡ!
ᠢᠮᠠᠬᠤ ᠥᠬᠢᠨ ᠰᠣᠬᠣᠷ ᠨᠣᠮᠣᠨ ᠲᠠᠢ ᠭᠡᠷᠯᠡᠬᠦ ᠶ᠋ᠢ ᠬᠦᠰᠡᠭᠰᠡᠨ ᠦᠭᠡᠢ᠃ ᠲᠡᠢᠮᠦ ᠡᠴᠡ ᠣᠢ ᠳ᠋ᠤ᠌ ᠬᠡᠰᠦᠵᠦ ᠶᠠᠪᠤᠭᠠᠳ ᠮᠣᠳᠣᠨ ᠳᠤᠮᠳᠠ ᠭᠡᠮᠲᠦᠭᠰᠡᠨ ᠪᠣᠯᠵᠣᠮᠣᠷ ᠪᠠᠢᠬᠤ ᠲᠠᠢ ᠲᠠᠭᠠᠷᠠᠯ᠎ᠠ᠃ ᠬᠥᠭᠡᠷᠦᠬᠦᠢ ᠰᠢᠪᠠᠭᠤ ᠣᠰᠤᠭᠤᠵᠤ ᠦᠬᠦᠭᠰᠡᠨ ᠪᠠᠢᠬᠤ ᠳᠠ᠂ ᠳᠥᠭᠥᠵᠦ ᠣᠴᠢᠭᠠᠳ ᠪᠣᠯᠵᠣᠮᠣᠷ ᠠᠮᠢᠳᠤ ᠪᠠᠢᠬᠤ ᠶ᠋ᠢ ᠲᠡᠷᠡ ᠬᠠᠷᠠᠵᠠᠢ᠃ ᠲᠡᠷᠡ ᠶᠡᠷᠦ ᠳ᠋ᠦ᠍ ᠪᠠᠨ ᠯᠠ ᠭᠡᠮᠲᠦᠭᠰᠡᠨ ᠪᠠᠢᠯ᠎ᠠ᠃《 ᠳᠠ ᠵᠦᠭᠡᠷ ᠦᠦ! ᠬᠦᠨᠳᠦᠲᠦ ᠪᠣᠯᠵᠣᠮᠣᠷ ᠮᠢᠨᠢ》᠂《 ᠦ᠋᠂ ᠦᠭᠡᠢ ᠴᠢᠰᠤ ᠭᠠᠷᠴᠤ ᠪᠠᠢᠨ᠎ᠠ》᠃ ᠢᠮᠠᠬᠤ ᠥᠬᠢᠨ ᠰᠢᠪᠠᠭᠤᠨ ᠳ᠋ᠤ᠌ ᠲᠤᠰᠠᠯᠠᠬᠤ ᠪᠠᠷ ᠰᠢᠢᠳᠪᠡ᠃ ᠪᠣᠯᠵᠣᠮᠣᠷ ᠲᠤ᠌ ᠵᠣᠷᠢᠭᠤᠯᠵᠤ ᠡᠮ ᠳᠠᠩ ᠪᠣᠭᠣᠯᠲᠠ ᠠᠪᠴᠢᠷᠠᠵᠠᠢ᠃《 ᠰᠠᠨᠠᠭ᠎ᠠ ᠪᠢᠲᠡᠭᠡᠢ ᠵᠣᠪᠠ᠂ ᠪᠣᠯᠵᠣᠮᠣᠷ ᠡᠭᠡᠴᠢ ᠠ᠋ ᠣᠳᠣ ᠵᠦᠭᠡᠷ ᠪᠣᠯᠤᠨ᠎ᠠ》᠃ ᠪᠣᠯᠵᠣᠮᠣᠷ ᠬᠥᠯ ᠢ᠋ᠶ᠋ᠡᠷ ᠪᠣᠭᠣᠯᠭᠠᠭᠰᠠᠨ ᠳᠠᠷᠤᠢ ᠳ᠋ᠤ᠌ ᠪᠠᠨ ᠨᠢᠰᠴᠦ ᠴᠢᠳᠠᠬᠤ ᠪᠠᠷ ᠪᠣᠯᠤᠯ᠎ᠠ᠃《ᠪᠠᠶᠠᠷᠲᠠᠢ ᠬᠥᠭᠡᠷᠦᠬᠦᠨ ᠰᠢᠪᠠᠭᠤᠬᠠᠢ ᠮᠢᠨᠢ! ᠪᠠᠶᠠᠷᠯᠠᠯ᠎ᠠ ᠬᠥᠭᠡᠷᠦᠬᠦᠨ ᠥᠬᠢᠨ ᠮᠢᠨᠢ᠂ ᠠᠴᠢ ᠶ᠋ᠢ ᠴᠢᠨᠢ ᠬᠡᠵᠢᠶᠡᠳᠡ ᠮᠠᠷᠲᠠᠬᠤ ᠦᠭᠡᠢ᠂ ᠪᠢ ᠴᠢᠮ᠎ᠠ ᠳ᠋ᠤ᠌ ᠶᠠᠭᠤ ᠪᠠᠷ ᠲᠤᠰᠠᠯᠠᠬᠤ ᠪᠣᠢ? 》 ᠭᠡᠪᠡ᠃ᠤᠳᠠᠯ ᠦᠭᠡᠢ ᠣᠭᠣᠲᠣᠨ᠎ᠠ ᠰᠣᠬᠣᠷ ᠨᠣᠮᠣᠨ ᠬᠣᠶᠠᠷ ᠨᠡᠷ᠎ᠡ ᠪᠡᠷ ᠨᠢ ᠳᠠᠭᠤᠳᠠᠨ ᠢᠷᠡᠵᠦ ᠶᠠᠪᠤᠭ᠎ᠠ ᠶ᠋ᠢ ᠬᠠᠷᠠᠯ᠎ᠠ᠃ ᠢᠮᠠᠬᠤ ᠥᠬᠢᠨ ᠠ᠋ ᠴᠢ ᠬᠠᠮᠢᠭ᠎ᠠ ᠪᠠᠢᠨ᠎ᠠ ᠠ᠋ ? ᠢᠮᠠᠬᠤ ᠥᠬᠢᠨ ᠲᠡᠳᠡᠨ ᠦ᠌ ᠬᠣᠭᠣᠯᠠᠢ ᠶ᠋ᠢ ᠰᠣᠨᠣᠰᠤᠭᠠᠳ ᠪᠣᠯᠵᠣᠮᠣᠷ ᠲᠤ᠌ ᠬᠡᠯᠡᠯ᠎ᠡ᠃ 《 ᠣᠭᠣᠲᠣᠨ᠎ᠠ ᠨᠠᠮ᠎ᠠ ᠶ᠋ᠢ ᠰᠣᠬᠣᠷ ᠨᠣᠮᠣᠨ ᠲᠠᠢ ᠭᠡᠷᠯᠡᠭᠦᠯᠬᠦ ᠶ᠋ᠢ ᠬᠦᠰᠡᠭᠡᠳ ᠪᠠᠢᠭ᠎ᠠ ᠶᠤᠮ᠃ ᠲᠠᠨ ᠠ᠋ᠴᠠ ᠭᠤᠶᠤᠶ᠎ᠠ ᠨᠠᠮ᠎ᠠ ᠶ᠋ᠢ ᠡᠨᠳᠡ ᠡᠴᠡ ᠬᠣᠯᠠ ᠭᠠᠵᠠᠷ ᠠᠪᠠᠴᠢᠭᠠᠳ ᠥᠭᠭᠦᠭᠡᠴᠢ ᠳᠡ᠂ ᠪᠢ ᠰᠣᠬᠣᠷ ᠨᠣᠮᠣᠨ ᠲᠠᠢ ᠭᠡᠷᠯᠡᠮᠡᠷ ᠦᠭᠡᠢ ᠪᠠᠢᠨ᠎ᠠ᠃ ᠨᠠᠳᠠ ᠪᠣᠳᠣᠭᠰᠠᠨ ᠶᠠᠭᠤᠮ᠎ᠠ ᠪᠠᠢᠨ᠎ᠠ》᠂ ᠠᠯᠢᠪ ᠮᠢᠨᠦ ᠨᠢᠷᠤᠭᠤᠨ ᠳᠡᠭᠡᠷ᠎ᠡ ᠭᠠᠷᠦ ᠬᠤᠷᠳᠤᠯᠠᠭᠠᠷᠠᠢ᠃《 ᠪᠠᠶᠠᠷᠲᠠᠢ! ᠬᠤᠯᠤᠭᠠᠨ᠎ᠠ ᠡᠭᠡᠴᠢ ᠠ᠋᠂ ᠪᠦᠬᠦ ᠵᠦᠢᠯ ᠳ᠋ᠦ᠍ ᠲᠠᠨᠢ ᠪᠠᠶᠠᠷᠯᠠᠯ᠎ᠠ! ᠪᠢ ᠲᠠᠨ ᠳ᠋ᠤ᠌ ᠬᠠᠢᠷᠠᠲᠠᠢ᠂ ᠪᠢ ᠬᠡᠵᠢᠶᠡᠳᠡ ᠲᠠᠨ ᠢ᠋ ᠮᠠᠷᠲᠠᠬᠤ ᠦᠭᠡᠢ》᠃ ᠰᠣᠬᠣᠷ ᠨᠣᠮᠣᠨ ᠬᠤᠯᠤᠭᠠᠨ᠎ᠠ ᠬᠣᠶᠠᠷ ᠢᠮᠠᠬᠤ ᠥᠬᠢᠨ ᠢ᠋ ᠨᠢᠰᠦᠨ ᠣᠳᠬᠤ ᠶ᠋ᠢ ᠬᠠᠷᠠᠭᠠᠳ ᠶᠡᠬᠡ ᠰᠠᠨᠳᠤᠷᠤᠯᠠ᠃ ᠪᠣᠯᠵᠣᠮᠣᠷ ᠢᠮᠠᠬᠤ ᠥᠬᠢᠨ ᠢ᠋ ᠴᠡᠴᠡᠭᠲᠦ ᠨᠤᠭᠤ ᠳ᠋ᠤ᠌ ᠠᠪᠴᠢᠷᠠᠯ᠎ᠠ᠃ ᠡᠨᠳᠡ ᠪᠦᠬᠦ ᠲᠥᠷᠥᠯ ᠦ᠋ᠨ ᠴᠡᠴᠡᠭᠡᠰ᠂ ᠳᠠᠭᠤᠴᠢ ᠰᠢᠪᠠᠭᠤᠳ ᠪᠠᠢᠳᠠᠭ᠃《 ᠡᠨᠳᠡ ᠦᠨᠡᠬᠡᠷ ᠰᠠᠢᠬᠠᠨ ᠶᠤᠮ ᠠ᠋᠂ ᠶᠠᠭᠤ ᠭᠡᠳᠡᠭ ᠭᠠᠵᠠᠷ ᠪᠣᠢ?》ᠡᠭᠦᠨ ᠢ᠋ ᠴᠡᠴᠡᠭᠲᠦ ᠨᠤᠭᠤ ᠭᠡᠳᠡᠭ ᠶᠦᠮ ᠢᠩᠭᠢᠭᠡᠳ ᠮᠢᠨᠦ ᠶᠠᠪᠤᠬᠤ ᠴᠠᠭ ᠪᠣᠯᠵᠠᠢ᠃《 ᠪᠠᠶᠠᠷᠯᠠᠯ᠎ᠠ! ᠪᠣᠯᠵᠣᠮᠣᠷ ᠡᠭᠡᠴᠢ ᠠ᠋᠂ ᠲᠠ ᠮᠤᠨᠳᠠᠭ ᠰᠢᠦ》ᠢᠮᠠᠬᠤ ᠥᠬᠢᠨ ᠮᠠᠰᠢ ᠶᠡᠬᠡ ᠪᠠᠶᠠᠷᠯᠠᠵᠠᠢ᠃
《ᠡᠨᠡ ᠮᠢᠨᠦ ᠭᠡᠷ ᠪᠠᠢᠨ᠎ᠠ᠂ ᠡᠨᠡ ᠴᠡᠴᠡᠭᠡᠰ ᠶᠡᠬᠡ ᠭᠣᠶᠣ ᠦᠨᠦᠷ ᠲᠡᠢ ᠶᠦᠮ ᠠ᠋ ᠰᠢᠪᠠᠭᠤᠳ ᠨᠠᠮᠤᠭᠤᠬᠠᠨ ᠳᠠᠭᠤᠯᠠᠵᠤ ᠪᠠᠢᠨ᠎ᠠ᠃ ᠳᠠᠷᠠᠭ᠎ᠠ ᠨᠢ ᠲᠡᠷᠡ ᠲᠥᠷᠥᠭᠰᠡᠨ ᠭᠡᠷ ᠢ᠋ᠶ᠋ᠡᠷ ᠰᠠᠨᠠᠯ᠎ᠠ᠂ ᠡᠵᠢ ᠨᠢ ᠲᠡᠭᠦᠨ ᠢ᠋ ᠬᠠᠢᠷ᠎ᠠ ᠪᠠᠷ ᠢ᠋ᠶ᠋ᠠᠨ ᠬᠡᠷᠬᠢᠨ ᠥᠰᠬᠡᠭᠰᠡᠨ ᠢ᠋ ᠥᠬᠢᠨ ᠮᠠᠰᠢ ᠶᠡᠬᠡ ᠭᠤᠨᠢᠭᠯᠠᠵᠤ᠂ ᠭᠡᠷ ᠲᠦ᠍ ᠪᠡᠨ ᠬᠠᠷᠢᠬᠤ ᠶ᠋ᠢ ᠬᠦᠰᠡᠪᠡ᠃ ᠭᠡᠪᠡᠴᠦ ᠭᠡᠨᠡᠳᠲᠡ ᠴᠡᠴᠡᠭᠲᠦ ᠨᠤᠭᠤ ᠶ᠋ᠢᠨ ᠬᠠᠭᠠᠨ ᠭᠠᠷᠤᠭᠠᠳ ᠢᠷᠡᠯ᠎ᠡ᠃ ᠲᠡᠷᠡ ᠢᠮᠠᠬᠤ ᠥᠬᠢᠨ ᠢ᠋ ᠬᠠᠷᠠᠭᠠᠳ ᠤᠬᠠᠭᠠᠨ ᠦᠭᠡᠢ ᠳᠤᠷᠠᠯᠠᠵᠠᠢ᠃ ᠪᠢ ᠪᠣᠯ ᠴᠡᠴᠡᠭᠲᠦ ᠨᠤᠭᠤ ᠶ᠋ᠢᠨ ᠬᠠᠭᠠᠨ᠂ ᠴᠢ ᠪᠣᠯ ᠮᠢᠨᠦ ᠬᠠᠷᠠᠵᠤ ᠪᠠᠢᠭᠰᠠᠨ ᠬᠠᠮᠤᠭ ᠤ᠋ᠨ ᠬᠥᠭᠡᠷᠦᠬᠦᠨ ᠥᠬᠢᠨ ᠪᠠᠢᠨ᠎ᠠ᠃ ᠨᠠᠮ᠎ᠠ ᠲᠠᠢ ᠭᠡᠷᠯᠡᠵᠦ ᠮᠢᠨᠦ ᠡᠬᠡᠨᠡᠷ ᠪᠣᠯᠤᠭᠠᠴᠢ᠂ ᠪᠢ ᠴᠢᠮ᠎ᠠ ᠶ᠋ᠢ ᠴᠡᠴᠡᠭᠲᠦ ᠨᠤᠭᠤ ᠶ᠋ᠢᠨ ᠬᠠᠲᠤᠨ ᠪᠣᠯᠭᠠᠨ᠎ᠠ᠃ ᠢᠮᠠᠬᠤ ᠥᠬᠢᠨ ᠬᠡᠰᠡᠭᠬᠡᠨ ᠵᠠᠭᠤᠷ᠎ᠠ ᠪᠣᠳᠣᠯ᠎ᠠ᠃ ᠮᠡᠳᠡᠭᠡᠵᠢ ᠮᠡᠯᠡᠬᠡᠢ ᠶ᠋ᠢᠨ ᠬᠦᠦ ᠡᠴᠡ ᠣᠭᠲᠣ ᠥᠭᠡᠷ᠎ᠡ ᠨᠥᠬᠥᠷ᠂ ᠨᠣᠶᠠᠨ ᠴᠣᠬᠣ᠂ ᠪᠠᠰᠠ ᠬᠢᠯᠢᠩ ᠬᠦᠷᠮ᠎ᠡ ᠲᠡᠢ ᠨᠣᠶᠠᠨ ᠰᠣᠬᠣᠷ ᠨᠣᠮᠣᠨ᠂《 ᠲᠡᠭᠡᠶ᠎ᠡ᠂ ᠬᠡᠷᠪᠡ ᠨᠠᠮ᠎ᠠ ᠶ᠋ᠢ ᠡᠵᠢ ᠳ᠋ᠦ᠍ ᠮᠢᠨᠢ ᠬᠦᠷᠭᠡᠵᠦ ᠥᠭᠴᠦ ᠭᠤᠷᠪᠠᠭᠤᠯᠠ ᠪᠠᠨ ᠲᠡᠨᠳᠡ ᠠᠵᠠ ᠵᠢᠷᠭᠠᠯ ᠲᠠᠢ ᠠᠮᠢᠳᠤᠷᠠᠨ᠎ᠠ 》ᠭᠡᠪᠡᠯ ᠵᠠᠯᠠᠭᠤ ᠵᠥᠪᠰᠢᠶᠡᠷᠡᠵᠦ ᠢᠮᠠᠬᠤ ᠥᠬᠢᠨ ᠳ᠋ᠦ᠍ ᠪᠡᠯᠡᠭ ᠦᠭᠬᠦᠯ᠎ᠡ᠃ ᠲᠣᠮᠣ ᠮᠥᠩᠭᠥᠨ ᠢᠯᠠᠭᠠᠨ ᠤ᠋ ᠫᠠᠢᠰᠠ ᠳᠠᠯᠠᠪᠴᠢ ᠬᠠᠮᠤᠭ ᠤ᠋ᠨ ᠰᠠᠢᠬᠠᠨ ᠪᠡᠯᠡᠭ ᠪᠣᠯᠵᠠᠢ᠃ ᠳᠠᠯᠠᠪᠴᠢ ᠶ᠋ᠢ ᠨᠢᠷᠤᠭᠤᠨ ᠳ᠋ᠤᠨᠢ ᠪᠡᠬᠢᠯᠡᠭᠰᠡᠨ ᠢ᠋ᠶ᠋ᠡᠷ ᠢᠮᠠᠬᠤ ᠥᠬᠢᠨ ᠴᠦ᠍ ᠪᠠᠰᠠ ᠴᠡᠴᠡᠭ ᠡᠴᠡ ᠴᠡᠴᠡᠭ ᠳᠠᠮᠵᠢᠨ ᠨᠢᠰᠴᠦ ᠴᠢᠳᠠᠳᠠᠭ ᠪᠣᠯᠪᠠ᠃ ᠬᠤᠷᠢᠮ ᠬᠢᠭᠰᠡᠨ ᠦ᠌ ᠳᠠᠷᠠᠭ᠎ᠠ ᠬᠠᠭᠠᠨ ᠢᠮᠠᠬᠤ ᠥᠬᠢᠨ ᠬᠣᠶᠠᠷ ᠨᠢᠰᠴᠦ ᠭᠡᠷ ᠢ᠋ ᠨᠢ ᠬᠠᠢᠵᠤ ᠣᠯᠪᠠ᠃ ᠡᠵᠢ ᠨᠢ ᠥᠬᠢᠨ ᠢ᠋ᠶ᠋ᠡᠷ ᠡᠷᠭᠢᠵᠦ ᠢᠷᠡᠬᠦ ᠶ᠋ᠢ ᠬᠠᠷᠠᠭᠠᠳ ᠮᠠᠰᠢ ᠶᠡᠬᠡ ᠪᠠᠶᠠᠷᠯᠠᠵᠠᠢ᠃ 《 ᠢᠮᠠᠬᠤ ᠥᠬᠢᠨ ᠮᠢᠨᠢ᠂ ᠴᠢᠮ᠎ᠠ ᠶ᠋ᠢ ᠡᠷᠭᠢᠵᠦ ᠢᠷᠡᠭᠰᠡᠨ ᠳ᠋ᠦ᠍ ᠪᠢ ᠶᠠᠮᠠᠷ ᠶᠡᠬᠡ ᠪᠠᠶᠠᠷᠲᠠᠢ ᠪᠠᠢᠭ᠎ᠠ ᠶ᠋ᠢ ᠴᠢ ᠮᠡᠳᠡᠬᠦ ᠦᠭᠡᠢ ᠳᠡ᠂ ᠣᠳᠣ ᠴᠢᠮ᠎ᠠ ᠶ᠋ᠢ ᠬᠡᠵᠢᠶ᠎ᠡ ᠴᠦ᠍ ᠳᠡᠷᠭᠡᠳᠡ ᠡᠴᠡ ᠪᠡᠨ ᠬᠣᠯᠠᠳᠠᠭᠤᠯᠬᠤ ᠦᠭᠡᠢ》ᠭᠡᠬᠦ ᠳ᠋ᠦ᠍᠂《 ᠪᠢ ᠲᠠᠨ ᠢ᠋ ᠬᠡᠵᠢᠶ᠎ᠡ ᠴᠦ᠍ ᠣᠷᠬᠢᠬᠤ ᠦᠭᠡᠢ᠂ ᠡᠵᠢ ᠠ᠋ 》 ᠭᠡᠳ ᠡᠵᠢ ᠨᠢ ᠲᠡᠷᠡ ᠬᠣᠶᠠᠷ ᠢ᠋ ᠤᠭᠲᠤᠨ ᠠᠪᠴᠤ ᠪᠦᠭᠦᠳᠡᠭᠡᠷ ᠢ᠋ᠶ᠋ᠡᠷ ᠠᠮᠤᠷ ᠰᠠᠢᠬᠠᠨ ᠲᠠᠢ ᠵᠢᠷᠭᠠᠭᠰᠠᠨ ᠶᠤᠮ᠃
ᠦᠰᠦᠭ ᠠᠮᠢᠯᠠᠭᠤᠯᠤᠭᠰᠠᠨ ᠨᠢ᠄ᠴᠢ᠊ · ᠤᠷᠠᠨᠴᠡᠴᠡᠭ
ᠦᠰᠦᠭ ᠬᠠᠲᠠᠭᠰᠠᠨ ᠨᠢ᠄ ᠴᠢ᠊ · ᠤᠷᠠᠨᠴᠡᠴᠡᠭ
ᠬᠢᠨᠠᠭᠰᠠᠨ ᠪᠠᠭᠰᠢ᠄ ᠮᠥᠴᠢᠷ᠂ᠠᠯᠲᠠᠨ ᠠᠭᠤᠯᠠ᠂ ᠢᠷᠡᠭᠡᠳᠦᠢ᠂ ᠭᠠᠷᠮ᠎ᠠ᠂ ᠳ᠂ ᠪᠥᠬᠡᠴᠢᠯᠠᠭᠤ᠂Shudraga ᠨᠠᠷ
