ᠪᠢ-ᠷ ᠂ᠴᠣᠢᠨᠣᠮР.Чойном - Би
ᠪᠢ
ᠷ· ᠴᠣᠢᠨᠣᠮ
ᠪᠢᠲᠡᠭᠡᠢ ᠭᠠᠢᠬᠠᠵᠠᠭᠠ!
ᠪᠢ ᠶᠠᠷᠢᠵᠤ ᠪᠠᠢᠨ᠎ᠠ᠃
ᠬᠠᠶᠠᠭ᠎ᠠ ᠨᠢ ᠦᠭᠡᠢ ᠵᠢᠭᠢᠳᠡᠭ ᠬᠥᠯ ᠲᠡᠢ
ᠬᠠᠯᠠᠭ᠎ᠠ ᠨᠢ ᠦᠭᠡᠢ ᠡᠮᠦᠰᠳᠡᠭ ᠺᠣᠰᠲ᠋ᠶᠤᠮ ᠲᠠᠢ
ᠬᠠ ᠶᠠ ᠦᠭᠡᠢ ᠶᠠᠪᠤᠳᠠᠭ ᠲᠠᠪᠢᠯᠠᠩ ᠲᠠᠢ
ᠬᠠᠯᠬ᠎ᠠ ᠶ᠋ᠢᠨ ᠰᠢᠯᠦᠭᠴᠢ ᠶᠠᠷᠢᠵᠤ ᠪᠠᠢᠨ᠎ᠠ᠃
ᠰᠢᠯᠦᠭᠴᠢ ᠶ᠋ᠢ ᠢᠰᠡᠭᠡᠢ ᠭᠡᠷ ᠲᠦ᠍ ᠲᠥᠷᠥᠭᠦᠯᠦᠭᠰᠡᠨ1936 ᠣᠨ ᠶᠠᠷᠢᠵᠤ ᠪᠠᠢᠨ᠎ᠠ
ᠰᠢᠯᠦᠭᠴᠢ ᠳ᠋ᠦ᠍ ᠡᠬᠢᠨ ᠦ᠌ ᠦᠰᠦᠭ ᠨᠢᠳᠦᠯᠡᠭᠦᠯᠦᠭᠰᠡᠨ1946 ᠣᠨ ᠶᠠᠷᠢᠵᠤ ᠪᠠᠢᠨ᠎ᠠ
ᠰᠢᠯᠦᠭᠴᠢ ᠶ᠋ᠢ ᠰᠢᠯᠦᠭ ᠦ᠋ᠨ ᠶᠢᠷᠲᠢᠨᠴᠦ ᠳ᠋ᠦ᠍ ᠣᠷᠣᠭᠤᠯᠤᠭᠰᠠᠨ1956 ᠣᠨ ᠶᠠᠷᠢᠵᠤ ᠪᠠᠢᠨ᠎ᠠ
ᠰᠢᠯᠦᠭᠴᠢ ᠶ᠋ᠢ ᠬᠦᠯᠦᠭ ᠦ᠋ᠨ ᠲᠣᠣᠷ ᠲᠤ᠌ ᠣᠷᠣᠭᠤᠯᠤᠭᠰᠠᠨ1966 ᠣᠨ ᠶᠠᠷᠢᠵᠤ ᠪᠠᠢᠨ᠎ᠠ
ᠰᠢᠯᠦᠭᠴᠢ ᠶ᠋ᠢ ᠬᠥᠮᠦᠨ ᠦ᠌ ᠶᠢᠷᠲᠢᠨᠴᠦ ᠡᠴᠡ ᠦᠳᠡᠬᠦ ᠮᠡᠳᠡᠭᠳᠡᠭᠡ ᠦᠭᠡᠢ ᠣᠨ ᠤ᠋ ᠡᠮᠦᠨ᠎ᠡ ᠡᠴᠡ ᠶᠠᠷᠢᠵᠤ ᠪᠠᠢᠨ᠎ᠠ᠃
ᠰᠠᠨᠠᠭᠠᠨ ᠳ᠋ᠤ᠌ ᠦᠭᠡᠢ
ᠰᠠᠨᠰᠠᠷ ᠤ᠋ᠨ ᠬᠡᠳᠦ ᠪᠣᠭᠣᠨᠢ ᠳᠣᠯᠭᠢᠶᠠᠨ ᠰᠢᠭ᠋
ᠰᠠᠯᠬᠢᠨ ᠠ᠋ᠴᠠ ᠴᠤ᠌ ᠶᠤᠮ ᠤᠤ᠂ ᠡᠰᠡᠬᠦᠯ᠎ᠡ ᠴᠢᠯᠠᠭᠤᠨ ᠳᠣᠣᠷ᠎ᠠ ᠠ᠋ᠴᠠ᠁
ᠰᠠᠢᠲᠤᠷ ᠰᠣᠨᠣᠰᠤᠭᠠᠳ ᠬᠣᠢᠴᠢ ᠦᠶ᠎ᠡ ᠮᠢᠨᠢ
ᠡᠨᠡ ᠳᠠᠭᠤᠨ ᠤ᠋
ᠡᠵᠡᠨ ᠨᠢ ᠬᠡᠨ ᠪᠣᠢ? ᠭᠡᠵᠦ
ᠡᠷᠢᠭᠰᠡᠨ ᠦ᠌ ᠬᠡᠷᠡᠭ ᠦᠭᠡᠢ
ᠬᠠᠷᠢᠨ ᠣᠢᠯᠠᠭᠠᠬᠤ ᠬᠡᠷᠡᠭᠲᠡᠢ
ᠪᠢ ᠲᠠ ᠨᠠᠷ ᠤ᠋ᠨ ᠠᠪᠤ
ᠪᠡᠶ᠎ᠡ ᠶ᠋ᠢᠨ ᠴᠢᠨᠢ
ᠤᠬᠠᠭᠠᠨ ᠤ᠋ ᠴᠢᠨᠢ
ᠵᠢᠷᠭᠠᠯ᠂ ᠴᠡᠩᠭᠡᠯ ᠦ᠋ᠨ ᠴᠢᠨᠢ
ᠡᠬᠢ ᠣᠨᠳᠣᠷᠣᠭ᠎ᠠ ᠪᠣᠯᠵᠤ
ᠡᠨᠡ ᠵᠠᠭᠤᠨ ᠳ᠋ᠤ᠌ ᠪᠠᠨ ᠲᠥᠷᠥᠯ᠎ᠡ᠂
ᠡᠨᠡ ᠵᠠᠭᠤᠨ ᠳ᠋ᠤ᠌ ᠪᠠᠨ ᠦᠯᠡᠳᠡᠨ᠎ᠡ᠃
ᠥᠨᠥᠳᠥᠷ ᠪᠢ ᠳᠡᠷᠭᠡᠳᠡᠭᠦᠷ ᠨᠢ
ᠥᠩᠭᠡᠷᠡᠬᠦ ᠳ᠋ᠦ᠍ ᠪᠡᠨ ᠲᠣᠯᠣᠭᠠᠢ ᠳᠣᠬᠢᠨ ᠮᠡᠨᠳᠦᠯᠡᠵᠦ ᠶᠠᠪᠤᠭ᠎ᠠ
ᠥᠴᠦᠬᠡᠨ ᠪᠣᠪ ᠪᠣᠷᠣ ᠪᠦᠰᠡᠭᠦᠢ ᠡᠴᠡ
ᠡᠰᠡᠬᠦᠯ᠎ᠡ ᠴᠡᠷᠢᠭ ᠦ᠋ᠨ ᠠᠩᠰᠠᠮᠠᠯ ᠤ᠋ᠨ
ᠡᠷᠲᠡᠨ ᠡᠴᠡ ᠮᠢᠨᠦ ᠵᠢᠰᠦᠯᠡᠭᠰᠡᠨ
ᠡᠷᠡᠮᠡᠬᠡᠢ ᠮᠠᠶᠢᠭ ᠤ᠋ᠨ ᠬᠡᠦᠬᠡᠨ ᠡᠴᠡ
ᠡᠩᠬᠦᠷᠡᠢ ᠬᠠᠢᠷ᠎ᠠ ᠶ᠋ᠢᠨ ᠤᠤᠭᠠᠨ ᠲᠣᠭᠣᠷ᠎ᠠ ᠠ᠋ᠴᠠ
ᠬᠣᠷᠢᠳᠤᠭᠠᠷ ᠵᠠᠭᠤᠨ ᠤ᠋ ᠳᠠᠯᠠᠨ ᠬᠡᠳᠦᠨ ᠣᠨ ᠠ᠋ᠴᠠ
ᠬᠣᠵᠢᠮ ᠤ᠋ᠨ ᠶᠡᠬᠡ ᠦᠶ᠎ᠡ— ᠲᠠ ᠪᠦᠬᠦᠨ ᠦ᠌
ᠡᠬᠢ ᠡᠭᠦᠰᠪᠦᠷᠢ ᠴᠦ᠍
ᠡᠨᠡ ᠪᠡᠶ᠎ᠡ ᠡᠴᠡ ᠮᠢᠨᠢ
ᠲᠠᠰᠤᠷᠠᠬᠤ ᠶᠤᠮ ᠪᠢᠯᠡ ᠤᠤ?
ᠵᠢᠷᠭᠠᠯ ᠠᠯᠳᠠᠷ ᠬᠣᠶᠠᠷ ᠤ᠋ᠨ
ᠬᠣᠯᠠ ᠶ᠋ᠢᠨ ᠪᠠᠷ᠎ᠠ ᠶ᠋ᠢ ᠬᠠᠷᠠᠭᠰᠠᠨ
ᠵᠢᠷᠠᠭᠠᠳ ᠣᠨ ᠨᠤᠭᠤᠳ ᠤ᠋ᠨ
ᠬᠣᠭ ᠲᠣᠭᠣᠰᠣᠲᠤ ᠭᠤᠳᠤᠮᠵᠢᠨ ᠳ᠋ᠤ᠌
ᠲᠡᠨᠦᠭᠰᠡᠨ ᠤᠴᠠᠷᠠᠭᠰᠠᠨ ᠵᠠᠭᠤᠷᠠᠳᠤᠬᠠᠨ ᠠᠮᠠᠷᠠᠭ ᠤ᠋ᠨ ᠮᠢᠨᠢ
ᠲᠡᠪᠡᠷᠢᠭᠡᠳ ᠬᠣᠴᠣᠷᠤᠭᠰᠠᠨ ᠵᠢᠭᠠᠬᠠᠨ ᠠᠮᠢᠲᠠᠨ ᠠ᠋ᠴᠠ
ᠲᠠ ᠨᠠᠷ ᠤ᠋ᠨ ᠡᠯᠦᠨᠴᠡ ᠬᠤᠯᠤᠨᠴᠠ ᠴᠤ᠌ ᠡᠭᠦᠰᠦᠭᠰᠡᠨ ᠶᠦᠮ ᠪᠢᠯᠡ ᠤᠤ?
ᠶᠠᠮᠠᠷ ᠴᠤ᠌ ᠭᠡᠰᠡᠨ ᠮᠢᠬ᠎ᠠ ᠴᠢᠰᠤᠨ ᠤ᠋ ᠲᠠᠰᠤᠷᠬᠠᠢ ᠲᠠ ᠨᠠᠷ ᠲᠤ᠌ ᠪᠠᠨ
ᠶᠠᠭᠠᠬᠢᠪᠠᠴᠤ ᠪᠢ ᠥᠷᠢ ᠲᠥᠯᠥᠬᠦ᠂ ᠥᠪ ᠦᠯᠡᠳᠡᠭᠡᠬᠦ ᠤᠴᠢᠷᠲᠠᠢ ᠭᠡᠵᠦ
ᠢᠷᠠᠭᠤ ᠨᠠᠢᠷᠠᠭ ᠤ᠋ᠨ ᠦᠢᠮᠡᠭᠡᠨ ᠠᠢᠮᠠᠭᠠᠨᠳᠤ ᠲᠠᠯᠠᠪᠤᠷ ᠲᠤ᠌
ᠢᠯᠠᠭᠳᠠᠵᠤ ᠢᠯᠠᠵᠤ᠂ ᠢᠯᠠᠵᠤ ᠢᠯᠠᠭᠳᠠᠵᠤ ᠶᠠᠪᠤᠨ᠎ᠠ
ᠬᠠᠭᠤᠳᠠᠰᠤᠬᠠᠨ ᠰᠢᠯᠦᠭ ᠦ᠋ᠨ ᠲᠥᠯᠥᠭᠡ
ᠬᠤᠪᠢ ᠵᠠᠶᠠᠭᠠᠨ ᠤ᠋ ᠪᠠᠨ ᠲᠣᠭᠣᠷᠢᠭ ᠵᠠᠮ ᠠ᠋ᠴᠠ ᠭᠠᠷᠴᠤ
ᠳ᠋ᠧᠩ ᠦ᠋ᠨ ᠭᠠᠯ ᠳ᠋ᠤ᠌ ᠣᠷᠣᠳᠠᠭ ᠡᠷᠪᠡᠬᠡᠢ ᠰᠢᠭ
ᠲᠢᠭ ᠵᠢᠷᠤᠮ ᠤ᠋ᠨ ᠭᠠᠯ ᠳ᠋ᠤ᠌ ᠬᠤᠢᠬᠠᠯᠠᠭᠤᠯᠤᠭᠰᠠᠨ ᠪᠡᠶ᠎ᠡ ᠶ᠋ᠢᠨ ᠮᠢᠨᠢ
ᠵᠠᠯᠠᠭᠤ ᠨᠠᠰᠤᠨ ᠤ᠋ ᠮᠢᠨᠢ ᠴᠢᠰᠤ ᠶ᠋ᠢ᠂ ᠬᠥᠭᠰᠢᠷᠡᠬᠦ ᠨᠠᠰᠤᠨ ᠤ᠋ ᠮᠢᠨᠢ ᠬᠥᠯᠥᠰᠥ ᠶ᠋ᠢ
ᠵᠠᠷᠤᠴᠠᠭᠤᠯᠵᠤ᠂ ᠳᠤᠰᠤᠯ ᠳᠤᠰᠤᠯ ᠢ᠋ᠶ᠋ᠠᠷ ᠨᠢ ᠲᠣᠭᠠᠯᠠᠭᠰᠠᠨ
ᠵᠠᠷᠢᠮ ᠨᠢ ᠤᠨᠤᠭᠰᠠᠨ᠂ ᠵᠠᠷᠢᠮ ᠨᠢ ᠠᠯᠳᠠᠭᠰᠠᠨ᠂ ᠵᠠᠷᠢᠮ ᠨᠢ ᠪᠦᠷ ᠲᠥᠭᠡᠷᠢᠭᠰᠡᠨ
ᠵᠠᠳᠠᠭᠠᠢ ᠰᠢᠯᠦᠭ ᠦ᠋ᠳ ᠪᠣᠯ ᠲᠠ ᠨᠠᠷ ᠤ᠋ᠨ ᠮᠢᠨᠢ ᠶᠦᠮ!
ᠲᠠ ᠨᠠᠷ ᠲᠤ᠌ ᠡᠷᠭᠦᠬᠦ ᠮᠢᠨᠦ ᠪᠡᠯᠡᠭ
ᠲᠠ ᠨᠠᠷ ᠤ᠋ᠨ ᠡᠷᠢᠨ ᠦᠶ᠎ᠡ ᠳ᠋ᠦ᠍ ᠲᠥᠯᠥᠬᠦ ᠮᠢᠨᠦ ᠲᠥᠯᠥᠪᠦᠷᠢ
ᠲᠠ ᠨᠠᠷ ᠤ᠋ᠨ ᠨᠡᠢᠭᠡᠮ ᠳ᠋ᠦ᠍ ᠲᠠᠯᠪᠢᠬᠤ ᠮᠢᠨᠦ
ᠲᠠᠢᠯᠤᠨ ᠢᠯᠡᠳᠬᠡᠯ᠂ ᠲᠠᠨᠢᠯᠴᠠᠭᠤᠯᠬᠤ ᠬᠠᠭᠤᠳᠠᠰᠤ᠂ ᠬᠥᠰᠢᠶ᠎ᠡ ᠳᠤᠷᠠᠰᠬᠠᠯ ᠮᠥᠨ!
ᠡᠭᠡᠯ ᠠᠷᠠᠳ ᠤ᠋ᠨ ᠡᠭᠡᠯ ᠰᠢᠯᠦᠭ ᠲᠦ᠍ ᠮᠢᠨᠢ
ᠡᠰᠬᠡᠭᠰᠡᠨ᠂ ᠣᠶᠣᠭᠰᠠᠨ ᠭᠣᠶᠣᠯ ᠪᠠᠢᠬᠤ ᠦᠭᠡᠢ
ᠡᠭᠡᠳᠡᠭᠰᠡᠨ ᠪᠣᠳᠣᠭᠰᠠᠨ ᠴᠢᠮᠡᠭ ᠪᠠᠢᠬᠤ ᠦᠭᠡᠢ
ᠡᠷᠡᠭᠡ ᠦᠭᠡᠢ ᠪᠢᠯᠳᠠᠤᠴᠢᠯᠠᠯ᠂ ᠭᠦᠳᠬᠡᠯᠭᠡ ᠪᠠᠢᠬᠤ ᠦᠭᠡᠢ
ᠡᠨᠳᠡ ᠮᠢᠨᠦ ᠳᠣᠲᠣᠭᠠᠳᠤ ᠶᠢᠷᠲᠢᠨᠴᠦ ᠶ᠋ᠢᠨ
ᠡᠬᠢᠯᠡᠯ ᠲᠡᠭᠦᠰᠬᠡᠯ᠂ ᠡᠪᠳᠡᠷᠡᠯ ᠬᠥᠭᠵᠢᠯ᠂ ᠬᠤᠷ ᠲᠣᠭᠲᠠᠴᠠ ᠪᠣᠢ!
ᠪᠤᠷᠤᠭᠤ ᠴᠤ᠌ ᠪᠠᠢ᠂ ᠵᠥᠪ ᠴᠦ᠍ ᠪᠠᠢ᠂
ᠪᠤᠰᠤᠳ ᠬᠡᠨ ᠦ᠌ ᠴᠦ᠍ ᠭᠠᠷᠭᠠᠭ᠎ᠠ ᠦᠭᠡᠢ
ᠪᠣᠳᠣᠭ᠎ᠠ ᠦᠭᠡᠢ᠂
ᠪᠣᠳᠣᠭ ᠢ᠋ ᠨᠢ ᠬᠠᠯᠴᠠᠯᠤᠭᠠ ᠦᠭᠡᠢ ᠮᠢᠨᠦ ᠥᠩᠭᠡ ᠪᠣᠢ!
ᠮᠢᠨᠦ ᠰᠢᠯᠦᠭ ᠦ᠋ᠨ ᠴᠠᠷᠠᠭ᠎ᠠ
ᠮᠢᠯᠢᠮᠧᠲ᠋ᠷ ᠢ᠋ᠶ᠋ᠡᠷ ᠴᠦ᠍ ᠶᠦᠮ ᠦᠦ ᠺᠢᠯᠣᠮᠧᠲ᠋ᠷ ᠢ᠋ᠶ᠋ᠡᠷ ᠴᠦ᠍ ᠶᠦᠮ ᠦᠦ
ᠨᠠᠷᠢᠨ᠂ ᠥᠷᠭᠡᠨ ᠶᠠᠮᠠᠷ ᠬᠡᠮᠵᠢᠶ᠎ᠡ ᠶ᠋ᠢ ᠬᠠᠮᠤᠷᠤᠭᠰᠠᠨ ᠪᠠᠢᠪᠠᠰᠤ
ᠨᠠᠮ᠎ᠠ ᠶ᠋ᠢ ᠬᠠᠷᠠᠬᠤ ᠲᠧᠯᠸᠢᠰ ᠦ᠋ᠨ ᠳᠡᠯᠭᠡᠴᠡ ᠲᠡᠷᠡ!
ᠦᠰᠦᠭ ᠠᠮᠢᠯᠠᠭᠤᠯᠤᠭᠰᠠᠨ ᠨᠢ᠄ ᠰᠡᠷᠭᠦᠯᠡᠩ
ᠦᠰᠦᠭ ᠬᠠᠲᠠᠭᠰᠠᠨ ᠨᠢ᠄ ᠰᠡᠷᠭᠦᠯᠡᠩ
ᠬᠢᠨᠠᠭᠴᠢ ᠪᠠᠭᠰᠢ᠄ ᠢᠷᠡᠭᠡᠳᠦᠢ
